ᠪᠣᠷᠣᠭᠠᠨ ᠤ ᠵᠢᠷᠤᠭ - ᠭᠣᠨᠢᠨᠤᠳ ᠂ ᠵᠢᠷᠭᠠᠯ Борооны зураг - Гонинот ᠂ Жаргал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣᠭᠠᠨ ᠤ ᠵᠢᠷᠤᠭ - ᠭᠣᠨᠢᠨᠤᠳ ᠂ ᠵᠢᠷᠭᠠᠯ Борооны зураг - Гонинот ᠂ Жаргал

ᠪᠣᠷᠣᠭᠠᠨ ᠤ ᠵᠢᠷᠤᠭ - ᠭᠣᠨᠢᠨᠤᠳ ᠂ ᠵᠢᠷᠭᠠᠯ Борооны зураг - Гонинот ᠂ Жаргал

2023-07-15

393

ᠪᠣᠷᠣᠭᠠᠨ ᠤ ᠵᠢᠷᠤᠭ



          ( ᠭᠠᠲ‍ᠠᠨ᠎ᠠ ᠬᠣᠶᠠᠷ ᠰᠢᠯᠦᠭ ) 
                  ᠭᠣᠨᠢᠨᠤᠳ᠂ ᠵᠢᠷᠭᠠᠯ 

  ᠴᠡᠩᠬᠡᠷᠯᠡᠨ ᠣᠷᠣᠬᠤ ᠪᠣᠷᠣᠭᠠᠨ ᠳ᠋ᠤ᠌
  ᠴᠡᠴᠡᠭ ᠦ᠋ᠨ ᠦᠩᠭᠡ ᠤᠷᠠᠯᠠᠨ᠎ᠠ
  ᠮᠣᠩᠭᠣᠯ ᠭᠡᠷ ᠦ᠋ᠨ ᠬᠠᠶᠠᠬ᠋᠎ᠠ ᠪᠠᠷ
  ᠮᠠᠩᠬᠢᠷ ᠦ᠋ᠨ ᠦᠨᠦᠷ ᠰᠠᠩᠭᠢᠨᠡᠡ᠎ᠡ

  ᠬᠦᠲ‍ᠦᠯᠦᠭᠡ ᠮᠣᠷᠢ ᠲᠠᠢ ᠬᠥᠮᠦᠨ
  ᠬᠦᠨᠲ‍ᠡᠢ ᠪᠠᠷ ᠨᠠᠭᠠᠰᠢᠯᠠᠬᠤ ᠰᠠᠶ᠋ᠢᠬᠠᠨ
  ᠠᠲ‍ᠤᠭᠤᠨ ᠰᠦᠷᠦᠭ ᠦ᠋ᠨ ᠵᠠᠬ᠎ᠠ ᠳ᠋ᠤ᠌
  ᠤᠨᠠᠬ᠋᠎ᠠ ᠲᠣᠬᠯᠠᠬᠤ ᠰᠠᠶ᠋ᠢᠬᠠᠨ

  ᠵᠦᠭᠡᠯᠨᠨ ᠵᠦᠰᠡᠷᠡᠬᠦ ᠪᠣᠷᠣᠭᠠᠨ
  ᠭᠠᠩᠲ‍ᠠᠮᠠᠯ ᠬᠦᠷᠦᠰᠤ ᠶ᠋ᠢ ᠳᠡᠪᠲᠦᠭᠡᠨ᠎ᠡ
  ᠵᠥᠩᠲ‍ᠡᠭᠡᠨ ᠳᠤᠯᠠᠭᠠᠨ ᠰᠡᠤ‍ᠠᠬᠢᠯ ᠳ᠋ᠤ᠌
  ᠭᠠᠯᠪᠠ ᠳᠡᠯᠡᠬᠡᠢ ᠡᠩᠬᠡᠵᠢᠨ᠎ᠡ

  ᠬᠤᠷ᠎ᠠ ᠪᠣᠷᠣᠭᠠᠨ ᠪ ᠰᠢᠮ᠎ᠡ ᠪᠡᠷ
  ᠨᠠᠪᠴᠢᠰ ᠲᠣᠬᠢᠯᠵᠠᠬᠤ ᠰᠠᠶ᠋ᠢᠬᠠᠨ
  ᠬᠣᠷᠸ᠋᠎ᠠ ᠶ᠋ᠢᠨ ᠳᠤᠯᠠᠭᠠᠨ ᠡᠯᠢᠭᠡᠨ ᠳ᠋ᠤ᠌
  ᠨᠠᠨᠲ‍ᠢᠨ ᠳᠤᠷᠠᠰᠤᠮᠵᠢ ᠰᠠᠶ᠋ᠢᠬᠠᠨ᠃

           ᠰᠡᠤ‍ᠠᠬᠢᠯ ᠦ᠋ᠨ ᠪᠣᠷᠣᠬ᠋᠎ᠠ

  ᠴᠡᠴᠡᠭ ᠦ᠋ᠨ ᠬᠡ ᠲᠡᠢ ᠡᠭᠦᠯᠡᠨ ᠡᠴᠡ
  ᠴᠡᠩᠬᠡᠷ ᠪᠤᠷᠤᠬ᠋᠎ᠠ ᠰᠢᠪᠡᠷᠡᠨ᠎ᠡ
  ᠴᠢᠨᠦ ᠯᠡ ᠨᠠᠮᠤᠭᠤᠬᠠᠨ ᠵᠠᠩ ᠠ᠋ᠴᠠ
  ᠴᠢᠮᠡᠭᠡ ᠦᠭᠡᠢ ᠳᠤᠷᠠᠯᠠᠯ  ᠬᠥᠪᠦᠷᠡᠨ᠎ᠡ
     ᠬᠦᠰᠡᠯ ᠦ᠋ᠨ ᠪᠣᠷᠣᠬ᠋᠎ᠠ ᠱᠠᠭᠢᠯ᠎ᠠ
     ᠬᠥᠭᠡᠷᠦᠬᠦᠨ ᠨᠠᠪᠴᠢᠰ  ᠨᠠᠬᠢᠯᠵᠠᠯ᠎ᠠ
  ᠨᠠᠷᠠᠨ ᠪ ᠮᠥᠩᠭᠥᠨ ᠪᠣᠷᠣᠬ᠋᠎ᠠ
  ᠰᠠᠭᠠᠬᠠᠯᠲᠠ ᠳᠠᠮᠵᠢᠭᠠᠳ ᠠᠶ᠋ᠢᠰᠤᠢ
  ᠨᠠᠨᠲ‍ᠢᠨ ᠰᠡᠤ‍ᠠᠬᠢᠯ ᠦ᠋ᠨ ᠢᠭᠲᠦᠯᠦᠯ ᠶ᠋ᠢᠡᠷ
  ᠰᠠᠨᠠᠬ᠋᠎ᠠ ᠠᠷᠢᠭᠤᠰᠴᠤ ᠰᠢᠯᠦᠭ ᠤᠷᠭᠤᠨ᠎ᠠ
     ᠴᠢᠩ ᠬᠠᠶ᠋ᠢᠷ᠎ᠠ ᠶ᠋ᠢᠨ ᠨᠤᠲᠤᠭ ᠲᠤ
     ᠴᠡᠴᠡᠭ ᠦ᠋ᠨ ᠰᠣᠯᠣᠩᠬ᠋᠎ᠠ ᠲᠠᠲᠠᠯ᠎ᠠ
  ᠬᠠᠨ ᠲᠩᠷᠢ ᠶ᠋ᠢᠨ ᠷᠠᠰᠢᠶᠠᠨ
  ᠬᠠᠯᠠᠭᠤᠨ ᠬᠥᠷᠥᠰᠥ ᠶ᠋ᠢ ᠤᠮᠲ‍ᠠᠯᠠᠨ᠎ᠠ
  ᠬᠣᠩᠬᠣᠨ ᠶᠠᠭᠠᠨ ᠴᠡᠴᠡᠭ
  ᠬᠣᠷᠸ᠋᠎ᠠ ᠶ᠋ᠢᠨ ᠠᠯᠠᠭ ᠢ ᠴᠢᠮᠡᠭᠯᠡᠨ᠎ᠡ
     ᠮᠠᠩᠨᠠᠢ ᠲᠡᠨᠢᠢᠬᠦ ᠪᠠᠶᠠᠷ ᠦ᠋ᠨ ᠬᠤᠷ᠎ᠠ
     ᠮᠠᠩᠨᠤᠭ ᠬᠥᠲ‍ᠡᠭᠡ ᠶ᠋ᠢᠨ ᠰᠦ᠋ ᠲᠡᠢ ᠪᠣᠷᠣᠬ᠋᠎ᠠ᠃

          ᠵᠢᠷᠭᠤᠭᠠᠨ ᠰᠠᠷ᠎ᠠ ᠶ᠋ᠢᠨ ᠪᠣᠷᠣᠬ᠋᠎ᠠ

  ᠵᠢᠷᠭᠤᠭᠠᠨ ᠰᠠᠷ᠎ᠠ ᠶ᠋ᠢᠨ ᠪᠣᠷᠣᠬ᠋᠎ᠠ
  ᠵᠦᠢᠯ ᠦ᠋ᠨ ᠣᠷᠭᠣᠮᠠᠯ ᠦ᠋ᠨ ᠠᠩᠬᠢᠯᠣᠮ᠎ᠠ ᠦᠨᠦᠷ
  ᠵᠢᠷᠤᠭ ᠰᠢᠯᠦᠭ ᠦ᠋ᠨ ᠮᠢᠨᠢ ᠨᠠᠪᠴᠢᠨ ᠪᠣᠲ‍ᠣᠭ
  ᠵᠠᠯᠪᠠᠷᠢᠬᠤ ᠰᠡᠤ‍ᠠᠬᠢᠯ ᠦ᠋ᠨ ᠰᠦᠨ ᠰᠠᠴᠤᠯᠢ

  ᠵᠢᠷᠭᠤᠭᠠᠨ ᠰᠠᠷ᠎ᠠ ᠶ᠋ᠢᠨ ᠪᠣᠷᠣᠬ᠋᠎ᠠ
  ᠴᠢᠮ᠎ᠠ ᠶ᠋ᠢ ᠵᠡᠭᠦᠲ‍ᠦᠯᠡᠵᠦ ᠤᠲ‍ᠠᠭᠠᠨ ᠴᠤ᠌ ᠬᠦᠯᠢᠶᠡᠯ᠎ᠡ
  ᠬᠣᠨᠢᠨ ᠴᠠᠭᠠᠨ ᠡᠭᠦᠯᠡᠰ ᠨᠠᠭᠠᠰᠢᠯᠠᠵᠤ
  ᠬᠤᠯᠤᠰᠤᠲᠤ ᠶ᠋ᠢᠨ ᠲᠠᠯ᠎ᠠ ᠪᠠᠷ ᠵᠥᠭᠡᠯᠡᠨ ᠵᠦᠰᠡᠷᠡᠪᠡ

  ᠵᠢᠷᠭᠤᠭᠠᠨ ᠰᠠᠷ᠎ᠠ ᠶ᠋ᠢᠨ ᠪᠣᠷᠣᠬ᠋᠎ᠠ
  ᠵᠤᠯᠵᠠᠬ᠋᠎ᠠ ᠨᠣᠭᠣᠬ᠋᠎ᠠ ᠬᠣᠷᠪᠣᠶ᠋ᠢᠬᠤ ᠶ᠋ᠢ ᠬᠠᠷᠠᠭᠠᠳ
  ᠵᠣᠷᠢᠮᠠᠭ ᠭᠠᠭᠴᠠᠬᠠᠨ ᠲᠩᠷᠢ ᠳ᠋ᠡᠭᠡᠨ ᠰᠦᠵᠢᠷᠡᠯ᠎ᠡ
  ᠵᠢᠷᠣᠬᠡ ᠰᠢᠭ᠌ ᠪᠦᠮᠪᠦᠷᠴᠡᠭ ᠢ ᠢᠪᠡᠭᠡᠨ ᠠᠰᠬᠠᠷᠠᠯ᠎ᠠ

  ᠵᠢᠷᠭᠤᠭᠠᠨ ᠰᠠᠷ᠎ᠠ ᠶ᠋ᠢᠨ ᠪᠣᠷᠣᠬ᠋᠎ᠠ
  ᠢᠷᠠᠭᠤ ᠨᠠᠶ᠋ᠢᠷᠠᠭ ᠦ᠋ᠨ ᠤᠶᠠᠩᠭᠠᠲᠤ ᠪᠣᠷᠣᠬ᠋᠎ᠠ
  ᠢᠷᠠᠯᠵᠠᠨ ᠳᠡᠯᠭᠡᠷᠡᠬᠦ ᠨᠣᠭᠣᠭᠠᠨ ᠳᠠᠪᠠᠯᠭᠠᠨ
  ᠶᠢᠷᠲᠢᠨᠴᠦ ᠠᠷᠢᠭᠤᠰᠬᠤ ᠵᠤᠨ ᠪ ᠦᠵᠡᠰᠬᠦᠯᠡᠩ

  ᠵᠢᠷᠭᠤᠭᠠᠨ ᠰᠠᠷ᠎ᠠ ᠶ᠋ᠢᠨ ᠪᠣᠷᠣᠬ᠋᠎ᠠ
  ᠵᠠᠭᠤᠨ ᠵᠠᠭᠤᠨ ᠪ ᠮᠥᠷᠥᠭᠡᠲ‍ᠦᠯ ᠦ᠋ᠨ ᠠᠶᠠᠯᠭᠤ
  ᠨᠡᠷᠡᠲᠦ ᠶ᠋ᠢ ᠰᠦᠯᠡᠬᠦ ᠥᠨᠢᠳᠡ ᠶ᠋ᠢᠨ ᠴᠠᠭᠠᠨ ᠭᠡᠭᠡ
  ᠨᠠᠮ᠎ᠠ ᠶ᠋ᠢ ᠴᠢᠮ᠎ᠠ ᠵᠦᠭ ᠬᠥᠲᠥᠯᠬᠦ ᠬᠠᠶ᠋ᠢᠷ᠎ᠠ ᠶ᠋ᠢᠨ ᠪᠣᠷᠣᠬ᠋᠎ᠠ᠃

     ᠦᠰᠦᠭ ᠠᠮᠢᠯᠠᠭᠤᠯᠤᠭᠴᠢ᠄ ᠪᠣᠷᠵᠢᠭᠢᠨ᠂ ᠬᠥᠬᠡᠨᠠᠷᠠᠰᠤ
       ᠬᠢᠨᠠᠭᠴᠢ᠄  ᠴᠢᠮᠡᠳ ᠪᠠᠶᠠᠬᠠᠭᠤᠯᠠ