ᠵᠢᠷᠭᠠᠵᠤ ᠯᠠ ᠰᠠᠭᠤᠶ᠎ᠠ ᠳ᠋ᠠ-ᠨᠠᠷᠠᠨᠲᠤᠶᠠᠭ᠎ᠠжаргаж л Сууя даа-Нарантуяа
ᠵᠢᠷᠭᠠᠵᠤ ᠯᠠ ᠰᠠᠭᠤᠶ᠎ᠠ ᠳ᠋ᠠ
ᠳᠠᠭᠤᠴᠢᠨ᠄ ᠨᠠᠷᠠᠨᠲᠤᠶᠠᠭ᠎ᠠ
ᠨᠠᠷᠠ ᠬᠣᠷᠭᠣᠳᠠᠮᠠ ᠰᠠᠢᠬᠠᠨ ᠴᠢᠮ᠎ᠠ ᠲᠠᠢ ᠪᠠᠨ
ᠨᠠᠯᠠᠨ ᠰᠠᠭᠤᠭᠠᠳ ᠥᠨᠵᠢᠮᠡᠷ ᠪᠠᠢᠬᠤ ᠶᠤᠮ ᠠ᠋
ᠨᠠᠮ᠎ᠠ ᠶ᠋ᠢ ᠪᠡᠨ ᠭᠡᠰᠡᠨ ᠬᠠᠯᠠᠭᠤᠬᠠᠨ ᠰᠡᠳᠬᠢᠯ ᠴᠢᠨᠢ
ᠨᠠᠳᠠ ᠤᠷᠤᠭᠤ ᠲᠡᠮᠡᠦᠯᠦᠭᠰᠡᠨ ᠵᠢᠷᠦᠬᠡ ᠯᠡ ᠶᠦ᠍ᠮ ᠠ᠋ ᠬᠦ
ᠠᠢ ᠬᠦ᠂ ᠵᠧ ᠬᠦ
ᠠᠮᠠᠷᠠᠭ ᠵᠢᠭᠠᠬᠠᠨ ᠴᠢ ᠮᠢᠨᠢ ᠶᠦᠮ ᠠ᠋ ᠬᠦ
ᠰᠠᠷ᠎ᠠ ᠳᠤᠯᠢᠳᠠᠮᠠ ᠭᠡᠭᠡᠬᠡᠨ ᠴᠢᠮ᠎ᠠ ᠲᠠᠢ ᠪᠠᠨ
ᠰᠠᠭᠠᠲᠠᠭᠤᠯᠵᠤ ᠰᠠᠭᠤᠭᠠᠳ ᠶᠠᠷᠢᠮᠠᠷ ᠪᠠᠢᠬᠤ ᠶᠤᠮ ᠠ᠋
ᠰᠠᠨᠠᠭ᠎ᠠ ᠠᠯᠳᠠᠮ᠎ᠠ ᠳᠥᠯᠭᠡᠬᠡᠨ ᠳᠦᠷᠢ ᠴᠢᠨᠢ
ᠰᠠᠯᠵᠤ ᠬᠣᠯᠠᠳᠠᠮᠠ ᠦᠭᠡᠢ ᠤᠶᠠᠭᠠᠰᠤ ᠶᠤᠮ ᠠ᠋ ᠬᠦ
ᠠᠢ ᠬᠦ᠂ ᠵᠧ ᠬᠦ
ᠠᠮᠠᠷᠠᠭ ᠵᠢᠭᠠᠬᠠᠨ ᠴᠢ ᠮᠢᠨᠢ ᠶᠦᠮ ᠠ᠋ ᠬᠦ
ᠬᠣᠨᠣᠭ ᠡᠳᠦᠷ ᠢ᠋ ᠲᠣᠭᠠᠯᠠᠨ ᠬᠦᠯᠢᠶᠡᠭᠡᠳ
ᠬᠣᠩᠭᠣᠷ ᠴᠢᠮ᠎ᠠ ᠳ᠋ᠤ᠌ ᠪᠠᠨ ᠣᠴᠢᠮᠠᠷ ᠪᠠᠢᠬᠤ ᠶᠤᠮ ᠠ᠋
ᠬᠣᠷᠢᠵᠤ ᠳᠡᠢᠯᠬᠦ ᠦᠭᠡᠢ ᠬᠣᠶᠠᠷ ᠰᠡᠳᠬᠢᠯ ᠢ᠋ᠶ᠋ᠡᠷ
ᠬᠣᠯᠪᠣᠵᠤ ᠪᠥᠬᠡᠯᠡᠭᠡᠳ ᠤᠴᠠᠷᠠᠭᠤᠯᠤᠮᠠᠷ ᠪᠠᠢᠬᠤ ᠶᠤᠮ ᠠ᠋
ᠠᠢ ᠬᠦ᠂ ᠵᠧ ᠬᠦ
ᠠᠮᠠᠷᠠᠭ ᠵᠢᠭᠠᠬᠠᠨ ᠴᠢ ᠮᠢᠨᠢ ᠶᠦᠮ ᠠ᠋ ᠬᠦ
ᠨᠠᠷᠠ ᠰᠠᠷ᠎ᠠ ᠶ᠋ᠢ ᠢᠯᠭᠠᠯ ᠦᠭᠡᠢ ᠡᠷᠬᠡᠯᠡᠭᠡᠳ
ᠨᠠᠰᠤᠨ ᠤ᠋ ᠬᠠᠢᠷ᠎ᠠ ᠪᠠᠨ ᠵᠣᠷᠢᠭᠤᠯᠤᠮᠠᠷ ᠪᠠᠢᠬᠤ ᠶᠤᠮ ᠠ᠋
ᠨᠠᠭᠠᠳᠤᠮ ᠤ᠋ᠨ ᠳᠡᠪᠡᠯ ᠢ᠋ᠶ᠋ᠡᠷ ᠢ᠋ᠶ᠋ᠡᠷ ᠢᠵᠢᠯᠢᠰᠢᠨ ᠭᠤᠶᠤᠭᠠᠳ
ᠨᠠᠢᠷᠯᠠᠨ ᠰᠠᠭᠤᠭᠠᠳ ᠬᠤᠷᠢᠮᠯᠠᠮᠠᠷ ᠪᠠᠢᠬᠤ ᠶᠤᠮ ᠠ᠋
ᠠᠢ ᠬᠦ᠂ ᠵᠧ ᠬᠦ
ᠠᠮᠠᠷᠠᠭ ᠵᠢᠭᠠᠬᠠᠨ ᠴᠢ ᠮᠢᠨᠢ ᠶᠦᠮ ᠠ᠋ ᠬᠦ
ᠥᠪᠡᠷ ᠦ᠋ᠨ ᠡᠷᠬᠡ ᠦᠭᠡᠢ ᠪᠣᠳᠣᠭᠳᠠᠬᠤ ᠴᠢ ᠮᠢᠨᠢ
ᠦᠷᠦ ᠵᠢᠷᠦᠬᠡᠨ ᠦ᠌ ᠬᠠᠢᠷ᠎ᠠ ᠯᠠ ᠶᠤᠮ ᠠ᠋ ᠬᠦ
ᠥᠲᠡᠯᠬᠦ ᠡᠴᠡ ᠴᠤ᠌ ᠡᠮᠢᠶᠡᠯ ᠦᠭᠡᠢ ᠬᠠᠢᠷᠠᠯᠠᠬᠤ ᠴᠢᠮ᠎ᠠ ᠲᠠᠢ ᠪᠠᠨ
ᠥᠷᠭᠥᠭᠡ ᠭᠡᠷ ᠲᠡᠢ ᠵᠢᠷᠭᠠᠵᠤ ᠯᠠ ᠰᠠᠭᠤᠶ᠎ᠠ ᠳᠠ
ᠠᠢ ᠬᠦ᠂ ᠵᠧ ᠬᠦ
ᠠᠮᠠᠷᠠᠭ ᠵᠢᠭᠠᠬᠠᠨ ᠴᠢ ᠮᠢᠨᠢ ᠶᠦᠮ ᠠ᠋ ᠬᠦ
ᠠᠢ ᠬᠦ᠂ ᠵᠧ ᠬᠦ
ᠠᠮᠠᠷᠠᠭ ᠵᠢᠭᠠᠬᠠᠨ ᠴᠢ ᠮᠢᠨᠢ ᠶᠦᠮ ᠠ᠋ ᠬᠦ
ᠦᠰᠦᠭ ᠠᠮᠢᠯᠠᠭᠤᠯᠤᠭᠰᠠᠨ ᠨᠢ᠄ ᠰᠡᠷᠭᠦᠯᠡᠩ
ᠦᠰᠦᠭ ᠬᠠᠲᠠᠭᠰᠠᠨ ᠨᠢ᠄ ᠰᠡᠷᠭᠦᠯᠡᠩ
ᠬᠢᠨᠠᠭᠴᠢ᠄ ᠮᠦᠩᠭᠦᠨᠴᠡᠴᠡᠭ
