ᠴᠠᠯᠢᠩ ᠲᠠᠢ ᠮᠠᠯᠠᠭᠠᠢ – ᠯ᠂ ᠪᠠᠳᠠᠷᠴᠢ Цалинтай малгай – Л ᠂ Бадарч
ᠴᠠᠯᠢᠩ ᠲᠠᠢ ᠮᠠᠯᠠᠭᠠᠢ
( ᠱᠣᠭ ᠥᠭᠦᠯᠡᠯᠭᠡ )
ᠬᠣᠲᠠ ᠶ᠋ᠢᠨ ᠵᠠᠬ᠎ᠠ ᠳ᠋ᠤ᠌ ᠣᠷᠣᠰᠢᠳᠠᠭ ᠨᠢᠭᠡ ᠠᠷᠲ᠋ᠧᠯᠢ (ᠳᠡᠯᠭᠡᠭᠦᠷ ᠂ ᠬᠣᠷᠰᠢᠶ᠎ᠠ) ᠶ᠋ᠢᠨ ᠰᠠᠩᠬᠦᠦ ( ᠡᠳ᠋ ᠦ᠋ᠨ ᠶᠠᠪᠤᠳᠠᠯ ) ᠤ᠋ᠨ ᠲᠠᠰᠤᠯᠭᠠᠨ ᠳ᠋ᠤ᠌ ᠡᠨᠡ ᠶᠠᠪᠤᠳᠠᠯ ᠪᠣᠯᠵᠠᠢ᠃ ᠮᠥᠩᠭᠥᠨ ᠦ᠌ ᠨᠢᠷᠪᠠ ᠬᠠᠨᠳᠠ ᠬᠡᠦᠬᠡᠨ ᠥᠷᠯᠥᠭᠡ ᠨᠠᠢ᠍ᠮᠠᠨ ᠴᠠᠭ ᠲᠤ᠌ ᠠᠵᠢᠯ ᠳ᠋ᠠᠭᠠᠨ ᠢᠷᠡᠪᠡ᠃
ᠭᠡᠲᠡᠯ᠎ᠡ ᠲᠠᠰᠤᠯᠭᠠᠨ ᠳ᠋ᠤᠨᠢ ᠨᠢᠭᠡ ᠲᠠᠨᠢᠬᠤ ᠦᠭᠡᠢ ᠬᠥᠮᠦᠨ ᠲᠡᠭᠦᠨ ᠢ᠋ ᠬᠦᠯᠢᠶᠡᠵᠦ ᠪᠠᠢᠭᠰᠠᠨ ᠪᠠᠢᠷᠢᠲᠠᠢ ᠮᠡᠨᠳᠦᠯᠡᠭᠡᠳ᠄
– ᠲᠠ ᠮᠥᠩᠭᠥᠨ ᠦ᠌ ᠨᠢᠷᠪᠠ ᠤᠤ ? ᠭᠡᠪᠡ ᠃
– ᠲᠡᠢᠮᠦ ᠠ᠋ !
– ᠲᠠᠨ ᠲᠠᠢ ᠴᠢᠨᠢ ᠠᠮᠢᠳᠤ ᠶᠠᠪᠤᠭᠰᠠᠨ ᠬᠥᠮᠦᠨ ᠠᠭᠤᠯᠵᠠᠳᠠᠭ ᠯᠠ ᠶᠤᠮ ᠪᠠᠢᠨ᠎ᠠ ᠳᠠ᠃ ᠪᠢ ᠲᠠᠨ ᠤ᠋ ᠠᠷᠲ᠋ᠧᠯᠢ ᠳ᠋ᠦ᠍ ᠬᠢᠯᠭᠡᠭᠰᠡᠨ ᠵᠦᠢᠯ ᠢ᠋ᠶ᠋ᠡᠨ ᠠᠪᠬᠤ ᠮᠥᠩᠭᠥ ᠬᠤᠷᠢᠶᠠᠯᠭᠠᠬᠤ ᠭᠡᠳ ᠥᠩᠭᠡᠷᠡᠭᠴᠢ ᠳᠣᠯᠣᠭ᠎ᠠ ᠬᠣᠨᠣᠭ ᠤ᠋ᠨ 6 ᠡᠳᠦᠷ ᠳᠠᠷᠠᠭᠠᠯᠠᠨ ᠢᠷᠡᠯ᠎ᠡ ᠃ ᠭᠡᠪᠡᠴᠦ ᠡᠷᠬᠢᠮᠰᠦᠭ ᠨᠢᠷᠪᠠ ᠶ᠋ᠢᠨ ᠭᠡᠭᠡᠨ ᠳᠦᠷᠢ ᠶ᠋ᠢ ᠰᠠᠢ ᠯᠠ ᠬᠠᠷᠠᠵᠤ ᠪᠠᠢᠨ᠎ᠠ ᠃ ᠡᠨᠡ ᠪᠣᠯ ᠳᠣᠯᠣᠭᠠᠲᠠᠬᠢ ᠤᠳᠠᠭ᠎ᠠ ᠶ᠋ᠢᠨ ᠢᠷᠡᠯᠲᠡ ᠂ ᠡᠢᠮᠦ ᠤᠴᠢᠷ ᠠ᠋ᠴᠠ ᠲᠠ ᠪᠢᠳᠡ ᠬᠣᠶᠠᠷ ᠲᠤ᠌ ᠶᠠᠷᠢᠬᠤ ᠶᠠᠭᠤᠮ᠎ᠠ ᠮᠠᠰᠢ ᠶᠡᠬᠡ ᠪᠠᠢᠨ᠎ᠠ ᠭᠡᠳ ᠲᠡᠷᠡ ᠬᠥᠮᠦᠨ ᠢᠰᠡᠭᠡᠢ ᠮᠠᠯᠠᠭᠠᠢ ᠪᠠᠨ ᠠᠪᠴᠤ ᠰᠢᠷᠡᠭᠡᠨ ᠳᠡᠭᠡᠷ᠎ᠡ ᠲᠠᠯᠪᠢᠭᠠᠳ ᠲᠠᠮᠠᠬᠢ ᠠᠰᠠᠭᠠᠵᠤ ᠄
– ᠨᠠᠮ ᠤ᠋ᠨ ᠤᠳᠠᠭ᠎ᠠ ᠳᠠᠷᠠᠭ᠎ᠠ ᠶ᠋ᠢᠨ ᠪᠦᠭᠦᠳᠡ ᠬᠤᠷᠠᠯ ᠤ᠋ᠳ ᠬᠥᠳᠡᠯᠮᠦᠷᠢ ᠶ᠋ᠢᠨ ᠰᠠᠬᠢᠯᠭ᠎ᠠ ᠪᠠᠲᠤ ᠰᠤᠯᠠ ᠪᠠᠢᠨ᠎ᠠ ᠭᠡᠴᠦ ᠵᠢᠭᠠᠭᠰᠠᠨ ᠪᠠᠢᠭ᠎ᠠ ᠶᠤᠮ ᠃ ᠡᠨᠡ ᠪᠣᠯ ᠮᠠᠰᠢ ᠵᠦᠢᠲᠡᠢ ᠪᠠᠢᠭ᠎ᠠ ᠶᠤᠮ ᠃ ᠵᠢᠱ᠌ᠢᠶᠡᠯᠡᠪᠡᠯ ᠄ ᠲᠠᠨ ᠤ᠋ ᠦᠵᠡᠭᠦᠯᠵᠦ ᠪᠠᠢᠭ᠎ᠠ ᠡᠨᠡ ᠶᠠᠪᠤᠳᠠᠯ ᠲᠡᠭᠦᠨ ᠢ᠋ ᠨᠤᠲᠠᠯᠠᠵᠢ ᠪᠠᠢᠨ᠎ᠠ ᠃ ᠲᠠ ᠤᠯᠤᠰ ᠂ ᠬᠥᠳᠡᠯᠮᠦᠷᠢ ᠶ᠋ᠢᠨ ᠰᠠᠬᠢᠯᠭ᠎ᠠ ᠪᠠᠲᠤ ᠶ᠋ᠢ ᠬᠣᠣᠷᠲᠠᠢ ᠂ ᠪᠦᠳᠦᠭᠦᠯᠢᠭ ᠢ᠋ᠶ᠋ᠡᠷ ᠵᠥᠷᠢᠴᠡᠵᠦ ᠭᠦᠨᠵᠡᠭᠡᠢ ᠳᠤᠲᠠᠭᠳᠠᠯ ᠭᠠᠷᠭᠠᠭᠰᠠᠨ ᠢ᠋ᠶ᠋ᠠᠨ ᠤᠬᠠᠭᠠᠷᠠᠬᠤ ᠶᠣᠰᠣᠲᠠᠢ ᠪᠠᠢᠨ᠎ᠠ ᠃ ᠲᠠᠨ ᠤ᠋ ᠭᠠᠷᠭᠠᠭᠰᠠᠨ ᠳᠤᠲᠠᠭᠳᠠᠯ ᠤ᠋ᠨ ᠬᠣᠣᠷ ᠬᠣᠯᠪᠣᠭᠳᠠᠯ ᠢ᠋ ᠠᠪᠤᠭᠠᠳ ᠦᠵᠡᠶ᠎ᠡ ᠂ ᠮᠢᠨᠦ ᠪᠡᠶ᠎ᠡ ᠨᠢᠭᠡ ᠪᠠᠢᠭᠤᠯᠭ᠎ᠠ ᠳ᠋ᠤ᠌ ᠨᠡᠯᠢᠶᠡᠳ ᠦᠭᠡᠢ ᠬᠠᠷᠢᠭᠤᠴᠠᠯᠭ᠎ᠠ ᠲᠠᠢ ᠠᠵᠢᠯ ᠬᠢᠳᠡᠭ ᠬᠥᠮᠦᠨ ᠂ ᠲᠡᠭᠡᠬᠦ ᠳ᠋ᠦ᠍ ᠲᠠᠨ ᠢ᠋ ᠣᠯᠵᠤ ᠬᠡᠳᠦᠨ ᠲᠥᠭᠥᠷᠢᠭ ᠬᠤᠷᠢᠶᠠᠯᠭᠠᠬᠤ ᠭᠡᠵᠦ 6 – 7 ᠤᠳᠠᠭ᠎ᠠ ᠦᠷ᠎ᠡ ᠠᠰᠢᠭ ᠦᠭᠡᠢ ᠡᠳᠦᠢ ᠲᠡᠳᠦᠢ ᠬᠣᠯᠠ ᠭᠠᠵᠠᠷ ᠶᠠᠪᠤᠵᠤ ᠪᠠᠢᠨ᠎ᠠ ᠃ ᠡᠨᠡ ᠶᠠᠪᠤᠳᠠᠯ ᠢ᠋ ᠡᠳ᠋ ᠦ᠋ᠨ ᠵᠠᠰᠠᠭ ᠤ᠋ᠨ ᠲᠠᠯ᠎ᠠ ᠪᠠᠷ ᠠᠪᠤᠭᠠᠳ ᠦᠵᠡᠶ᠎ᠡ ᠂ ᠮᠠᠨ ᠤ᠋ ᠭᠠᠵᠠᠷ ᠠ᠋ᠴᠠ ᠲᠠᠨ ᠤ᠋ ᠠᠷᠲ᠋ᠧᠯᠢ ᠶ᠋ᠢ ᠬᠦᠷᠲᠡᠯ᠎ᠡ ᠠᠦ᠋ᠲ᠋ᠣᠪᠦ᠋ᠰ① 9 ᠪᠠᠭᠤᠳᠠᠯ ᠶᠤᠮ ᠃ ᠡᠨᠡ ᠬᠣᠭᠣᠷᠣᠨᠳᠣ 7 ᠤᠳᠠᠭ᠎ᠠ ᠢᠷᠡᠬᠦ ᠣᠴᠢᠬᠤ ᠶ᠋ᠢᠨ ᠪᠦᠭᠦᠳᠡ ᠬᠣᠷᠢ ᠣᠷᠴᠢᠮ ᠲᠥᠭᠥᠷᠢᠭ ᠣᠷᠣᠵᠤ ᠪᠠᠢᠨ᠎ᠠ ᠂ 20 ᠣᠷᠴᠢᠮ ᠲᠥᠭᠥᠷᠢᠭ ᠂ ᠵᠠ ᠪᠠᠰᠠ ᠨᠡᠢᠲᠡ 6 – 7 ᠤᠳᠠᠭ᠎ᠠ ᠶᠠᠪᠤᠬᠤ ᠳ᠋ᠤ᠌ ᠳᠣᠣᠷ᠎ᠠ ᠬᠠᠶᠠᠭᠠᠳ ( ᠨᠢᠭᠡ ᠤᠳᠠᠭ᠎ᠠ ᠭᠤᠷᠪᠠᠨ ᠴᠠᠭ ᠣᠷᠣᠨ᠎ᠠ ᠭᠡᠬᠦ ᠳ᠋ᠦ᠍ 〉 ᠬᠣᠷᠢᠭᠠᠳ ᠠᠯᠪᠠᠨ ᠴᠠᠭ ᠰᠦᠢᠳᠬᠡᠭᠰᠡᠨ ᠪᠠᠢᠨ᠎ᠠ ᠃ ᠡᠨᠡ ᠶᠡᠬᠡ ᠬᠤᠭᠤᠴᠠᠭᠠᠨ ᠳ᠋ᠤ᠌ ᠪᠠᠰᠠ ᠠᠭᠤᠯᠠ ᠰᠢᠬ ᠶᠡᠬᠡ ᠨᠢ ᠡᠰᠡ ᠪᠣᠯᠪᠠᠴᠤ ᠳᠣᠪᠣᠢᠭᠰᠠᠨ ᠪᠦᠲᠦᠭᠡᠯ ᠭᠠᠷᠭᠠᠬᠤ ᠯᠠ ᠪᠠᠢᠭᠰᠠᠨ ᠶᠤᠮ ᠳᠠ ᠭᠡᠳ ᠲᠡᠷᠡ ᠬᠥᠮᠦᠨ ᠪᠠᠰᠠ ᠲᠠᠮᠠᠬᠢ ᠪᠠᠨ ᠠᠰᠠᠭᠠᠪᠠ ᠃ ᠡᠨᠡ ᠰᠣᠨᠢᠨ ᠶᠠᠷᠢᠶ᠎ᠠ ᠶ᠋ᠢ ᠰᠣᠨᠣᠰᠬᠤ ᠭᠡᠵᠦ ᠨᠡᠯᠢᠶᠡᠳ ᠬᠡᠳᠦᠨ ᠬᠥᠮᠦᠨ ᠰᠠᠩᠬᠦᠦ ᠶ᠋ᠢᠨ ᠲᠠᠰᠤᠯᠭᠠᠨ ᠳ᠋ᠤ᠌ ᠣᠷᠣᠵᠤ ᠢᠷᠡᠭᠰᠡᠨ ᠪᠠᠢᠯ᠎ᠠ ᠃ ᠬᠥᠮᠦᠨ ᠣᠯᠠᠨ ᠪᠠᠢᠭ᠎ᠠ ᠳ᠋ᠤ᠌ ᠲᠡᠷᠡ ᠬᠥᠮᠦᠨ ᠳᠤᠷ᠎ᠠ ᠦᠭᠡᠢᠴᠡᠭᠰᠡᠨ ᠦᠭᠡᠢ ᠃ ᠬᠠᠷᠢᠨ ᠳᠤᠷ᠎ᠠ ᠲᠠᠢ ᠪᠠᠢᠭ᠎ᠠ ᠪᠣᠯᠤᠯᠲᠠᠢ ᠤᠯᠠᠮ ᠬᠥᠬᠢᠭᠦᠨ ᠪᠣᠯᠵᠤ ᠄
– ᠪᠢ ᠠᠯᠪᠠᠨ ᠴᠠᠭ ᠢ᠋ ᠨᠠᠷᠢᠨ ᠲᠣᠭᠠᠴᠠᠵᠤ ᠰᠤᠷᠤᠭᠰᠠᠨ ᠬᠥᠮᠦᠨ ᠶᠦᠮ ᠃ ᠠᠯᠪᠠᠨ ᠴᠠᠭ ᠬᠥᠳᠡᠯᠮᠦᠷᠢ ᠶ᠋ᠢᠨ ᠮᠢᠨᠦ᠋ᠲ ᠢ᠋ ᠶᠠᠮᠠᠷ ᠨᠢᠭᠡ ᠬᠡᠯᠪᠡᠷᠢ ᠪᠡᠷ ᠦᠷᠡᠭᠳᠡᠭᠦᠯᠬᠦ ᠂ ᠬᠡᠢᠲᠦᠭᠦᠯᠬᠦ ᠶᠠᠪᠤᠳᠠᠯ ᠢ᠋ ᠪᠢ ᠦᠵᠡᠵᠦ ᠴᠦ᠍ ᠴᠢᠳᠠᠳᠠᠭ ᠦᠭᠡᠢ ᠬᠥᠮᠦᠨ ᠂ ᠡᠢᠮᠦ ᠤᠴᠢᠷ ᠠ᠋ᠴᠠ ᠪᠢ ᠲᠠᠨ ᠤ᠋ ᠡᠨᠡ ᠳᠤᠲᠠᠭᠳᠠᠯ ᠲᠠᠢ ᠡᠪᠯᠡᠷᠡᠨ ᠥᠩᠭᠡᠷᠡᠵᠦ ᠴᠢᠳᠠᠬᠤ ᠦᠭᠡᠢ ᠶᠦᠮ ᠃ ᠡᠢᠮᠦ ᠤᠴᠢᠷ ᠠ᠋ᠴᠠ ᠪᠢ ᠲᠠᠨ ᠤ᠋ ᠡᠨᠡ ᠪᠠᠢᠭᠤᠯᠭ᠎ᠠ ᠶ᠋ᠢᠨ ᠡᠷᠬᠡ ᠪᠠᠷᠢᠭᠴᠢᠳ ᠲᠤ᠌ ᠡᠦᠲᠦ ᠡᠨᠡ ᠶᠠᠪᠤᠳᠠᠯ ᠢ᠋ ᠬᠡᠯᠡᠨ᠎ᠡ ᠃ ᠮᠥᠨ ᠲᠠᠨ ᠤ᠋ ᠬᠠᠷᠢᠶᠠᠯᠠᠭᠳᠠᠳᠠᠭ ᠨᠠᠮ ᠂ ᠣᠯᠠᠨ ᠨᠡᠢᠲᠡ ᠶ᠋ᠢᠨ ᠪᠠᠢᠭᠤᠯᠭ᠎ᠠ ᠳ᠋ᠤ᠌ ᠮᠡᠳᠡᠭᠳᠡᠵᠦ ᠳᠠᠪᠬᠤᠷ ᠠᠷᠭ᠎ᠠ ᠬᠡᠮᠵᠢᠶ᠎ᠡ ᠠᠪᠤᠭᠤᠯᠤᠨ᠎ᠠ ᠃
ᠲᠡᠭᠦᠨᠴᠢᠯᠡᠨ ᠪᠢ ᠰᠢᠳᠤᠷᠭᠤ ᠪᠤᠰᠤ ᠶᠠᠪᠤᠳᠠᠯ ᠲᠠᠢ ᠡᠪᠯᠡᠷᠡᠵᠦ ᠴᠢᠳᠠᠳᠠᠭ ᠦᠭᠡᠢ ᠬᠥᠮᠦᠨ ᠶᠦ᠍ᠮ ᠂ ᠨᠥᠬᠥᠷ ᠨᠢᠷᠪᠠ ᠲᠠᠨ ᠲᠠᠢ ᠤᠲᠠᠰᠤ ᠪᠠᠷ ᠶᠠᠷᠢᠬᠤ ᠭᠡᠬᠦ ᠳ᠋ᠦ᠍ 《 ᠬᠠᠨᠳᠠ ᠪᠠᠢᠨ᠎ᠠ ᠂ ᠪᠠᠢᠨ᠎ᠠ ᠡᠦᠲᠦ ᠢᠷᠡᠬᠦ ᠳ᠋ᠦ᠍ ᠪᠡᠯᠡᠨ ᠪᠠᠢᠬᠤ ᠪᠣᠯᠤᠨ᠎ᠠ 》 ᠭᠡᠵᠦ ᠲᠠᠨ ᠤ᠋ ᠨᠥᠬᠥᠳ ᠬᠡᠯᠡᠳᠡᠭ ᠪᠠᠢᠭᠰᠠᠨ ᠂ ᠮᠥᠨ ᠬᠦᠷᠦᠭᠡᠳ ᠢᠷᠡᠬᠦ ᠳ᠋ᠦ᠍ 《 ᠪᠣᠢ ᠪᠣᠷ ᠬᠣᠯᠠᠳᠠᠭ᠎ᠠ ᠦᠭᠡᠢ ᠣᠳᠣᠬᠠᠨ ᠣᠷᠣᠭᠠᠳ ᠢᠷᠡᠨ᠎ᠡ 》 ᠭᠡᠬᠦ ᠵᠡᠷᠭᠡ ᠪᠡᠷ ᠲᠠᠨ ᠤ᠋ ᠨᠥᠬᠥᠳ ᠬᠡᠯᠡᠳᠡᠭ ᠪᠠᠢᠭᠰᠠᠨ ᠠ᠋ᠴᠠ ᠦᠵᠡᠪᠡᠯ ᠲᠠ 9 ᠪᠠᠭᠤᠳᠠᠯ ᠬᠣᠯᠠ ᠶᠠᠪᠤᠬᠤ ᠳ᠋ᠠᠭᠠᠨ ᠨᠥᠬᠥᠳ ᠢ᠋ᠶ᠋ᠡᠨ ᠬᠠᠭᠤᠷᠴᠤ ᠬᠠᠮᠢᠭᠠᠰᠢ ᠪᠠᠨ ᠴᠤ᠌ ᠶᠠᠪᠤᠭ᠎ᠠ ᠦᠭᠡᠢ ᠮᠡᠲᠦ ᠠᠷᠭᠠᠯᠠᠳᠠᠭ ᠵᠠᠯᠢᠲᠤ ᠡᠲᠡᠭᠡᠳ ᠮᠥᠨ ᠶᠦᠮ ᠃ ᠡᠨᠡ ᠦᠵᠡᠰᠢ ᠦᠭᠡᠢ ᠵᠠᠯᠢᠲᠤ ᠪᠠᠢᠳᠠᠯ ᠢ᠋ ᠪᠢ ᠲᠤᠢᠯ ᠠ᠋ᠴᠠ ᠵᠢᠭᠰᠢᠵᠦ ᠂ ᠶᠣᠰᠣᠲᠠᠢ ᠯᠠ ᠬᠠᠭᠤᠷᠮᠠᠴᠢ ᠳᠦᠷᠢ ᠪᠡᠷ ᠠᠯᠪᠠᠨ ᠴᠠᠭ ᠢ᠋ ᠬᠢᠮᠤᠰᠤᠯᠠᠳᠠᠭ ᠬᠤᠯᠠᠭᠠᠢᠴᠢ ᠭᠡᠵᠦ ᠦᠵᠡᠨ ᠂ ᠥᠪᠡᠷ ᠦ᠋ᠨ ᠢᠷᠭᠡᠨ ᠦ᠌ ᠬᠡᠪᠯᠡᠯ ᠨᠡᠢᠲᠡᠯᠡᠬᠦ ᠡᠷᠬᠡ ᠶ᠋ᠢ ᠡᠳ᠋ᠯᠡᠨ ᠱᠣᠭ ᠵᠢᠷᠤᠭ ᠲᠠᠢ ᠪᠠᠷ ᠰᠣᠨᠢᠨ ᠬᠡᠪᠯᠡᠯ ᠳ᠋ᠦ᠍ ᠨᠡᠢᠲᠡᠯᠡᠭᠦᠯᠬᠦ ᠪᠣᠯᠤᠨ᠎ᠠ ᠭᠡᠳ ᠳᠠᠬᠢᠨ ᠲᠠᠮᠠᠬᠢ ᠪᠠᠨ ᠠᠰᠠᠭᠠᠵᠤ ᠄
– ᠵᠠ ᠢᠩᠭᠢᠭᠡᠳ ᠲᠠ ᠥᠪᠡᠷ ᠢ᠋ᠶ᠋ᠡᠨ ᠡᠨᠡ ᠶᠠᠪᠤᠳᠠᠯ ᠢ᠋ᠶ᠋ᠠᠨ ᠶᠠᠭᠤ ᠭᠡᠵᠦ ᠪᠣᠳᠣᠵᠤ ᠪᠠᠢᠨ᠎ᠠ ᠂ ᠲᠠᠨ ᠤ᠋ ᠰᠡᠳᠬᠢᠭᠳᠡᠯ ᠢ᠋ ᠪᠢ ᠰᠣᠨᠣᠰᠬᠤ ᠶᠣᠰᠣᠲᠠᠢ ᠪᠠᠢᠨ᠎ᠠ ᠭᠡᠵᠡᠢ ᠃ ᠨᠢᠷᠪᠠ ᠬᠠᠨᠳᠠ ᠂ ᠲᠡᠷᠡ ᠬᠥᠮᠦᠨ ᠦ᠌ ᠮᠠᠯᠠᠭᠠᠢ ᠶ᠋ᠢ ᠰᠢᠷᠳᠡᠵᠦ ᠦᠯᠦ ᠮᠡᠳᠡᠭ ᠢᠨᠢᠶᠡᠮᠰᠦᠭᠯᠡᠨ ᠰᠠᠭᠤᠪᠠ ᠃
– ᠵᠠ ᠳᠠ ᠪᠤᠰᠢᠭᠤᠯ ᠂ ᠨᠢᠭᠡᠳᠦᠭᠡᠷ ᠲᠦ᠍ ᠮᠢᠨᠦ ᠠᠰᠠᠭᠤᠯᠲᠠ ᠶ᠋ᠢ ᠬᠠᠷᠢᠭᠤᠯ ᠂ ᠬᠣᠶᠠᠳᠤᠭᠠᠷ ᠲᠤ᠌ ᠮᠥᠩᠭᠥ ᠬᠤᠷᠢᠶᠠᠵᠤ ᠠᠪᠬᠤ ᠠᠵᠢᠯ ᠳ᠋ᠠᠭᠠᠨ ᠣᠷᠣᠭᠠᠷᠠᠢ᠃ ᠴᠠᠭ ᠶᠠᠪᠤᠴᠢᠬᠠᠯ᠎ᠠ ᠂ ᠴᠠᠭ ᠠᠯᠲᠠ ᠭᠡᠵᠦ ᠥᠨᠥᠬᠢ ᠬᠥᠮᠦᠨ ᠬᠡᠯᠡᠪᠡ ᠃
– ᠲᠠᠨ ᠢ᠋ ᠪᠠᠲᠤᠳᠤᠷᠵᠢ ᠶ᠋ᠢᠨ ᠳᠠᠨᠳᠠᠪ ᠭᠡᠳᠡᠭ ᠪᠢᠵᠡ ᠳᠡ ᠭᠡᠵᠦ ᠬᠠᠨᠳᠠ ᠠᠰᠠᠭᠤᠬᠤ ᠳ᠋ᠤ᠌ ᠲᠡᠷᠡ ᠬᠥᠮᠦᠨ᠄
– ᠲᠡᠢᠮᠦ ᠠ᠋ ! ᠭᠡᠰᠡᠨ ᠢ᠋ᠶ᠋ᠡᠨ ᠭᠠᠢᠬᠠᠰᠬᠢᠵᠦ ᠲᠠ ᠨᠠᠮ᠎ᠠ ᠶ᠋ᠢ ᠲᠠᠨᠢᠳᠠᠭ ᠶᠤᠮ ᠤᠤ ? ᠭᠡᠪᠡ᠃
– ᠲᠠᠨ ᠢ᠋ ᠪᠢ ᠲᠠᠨᠢᠬᠤ ᠦᠭᠡᠢ ᠪᠣᠯᠪᠠᠴᠤ ᠲᠠᠨ ᠤ᠋ ᠮᠠᠯᠠᠭᠠᠢ ᠶ᠋ᠢ ᠪᠢ ᠰᠠᠢᠨ ᠲᠠᠨᠢᠳᠠᠭ ᠪᠣᠯᠤᠭᠰᠠᠨ ᠶᠤᠮ ᠭᠡᠵᠦ ᠬᠠᠨᠳᠠ ᠲᠡᠷᠡ ᠬᠥᠮᠦᠨ ᠦ᠌ ᠮᠠᠯᠠᠭᠠᠢ ᠶ᠋ᠢ ᠵᠢᠭᠠᠵᠤ ᠬᠡᠯᠡᠬᠦ ᠳ᠋ᠦ᠍ ᠲᠠᠰᠤᠯᠭᠠᠨ ᠳ᠋ᠤ᠌ ᠪᠠᠢᠭᠰᠠᠨ ᠬᠥᠮᠦᠰ ᠪᠡᠶ᠎ᠡ ᠪᠡᠶ᠎ᠡ ᠪᠡᠨ ᠬᠠᠷᠠᠪᠠ ᠃
– ᠨᠠᠮ᠎ᠠ ᠶ᠋ᠢ ᠲᠠᠨᠢᠳᠠᠭ ᠦᠭᠡᠢ ᠂ ᠮᠠᠯᠠᠭᠠᠢ ᠶ᠋ᠢ ᠮᠢᠨᠢ ᠲᠠᠨᠢᠳᠠᠭ ᠭᠡᠨ᠎ᠡ ᠤᠤ ? ᠲᠠ ᠵᠡᠭᠦᠳᠦᠯᠡᠵᠦ ᠰᠣᠯᠢᠶᠠᠷᠠᠵᠤ ᠪᠠᠢᠨ᠎ᠠ ᠤᠤ ? ᠪᠢᠳᠡ ᠲᠣᠭᠯᠠᠬᠤ ᠬᠡᠷᠡᠭ ᠠᠯᠠᠭ᠎ᠠ ᠂ ᠠᠯᠢᠪ ᠮᠢᠨᠦ ᠠᠰᠠᠭᠤᠯᠲᠠ ᠶ᠋ᠢ ᠬᠠᠷᠢᠭᠤᠯᠤᠭᠠᠳ ᠠᠯᠢ ᠨᠥᠬᠥᠷ ᠠ᠋! ᠭᠡᠵᠦ ᠲᠠᠲᠠᠪ ᠰᠢᠷᠦᠭᠦᠰᠪᠡᠯ ᠬᠠᠨᠳᠠ ᠄
– ᠵᠠ ᠪᠢ ᠲᠠᠨ ᠤ᠋ ᠨᠢᠭᠡᠳᠦᠭᠡᠷ ᠠᠰᠠᠭᠤᠯᠲᠠ ᠶ᠋ᠢ ᠶᠠᠭᠤ ᠭᠡᠵᠦ ᠬᠠᠷᠢᠭᠤᠯᠬᠤ ᠶᠤᠮ ᠪᠢᠯᠡ ᠳᠠ ᠃ ᠬᠣᠶᠠᠷ ᠬᠡᠷᠢᠶ᠎ᠡ ᠪᠡᠶ᠎ᠡ ᠪᠠᠶᠠᠨ ᠤ᠋ ᠪᠠᠨ ᠬᠠᠷ᠎ᠠ ᠶ᠋ᠢ ᠭᠠᠢᠬᠠᠪᠠ ᠭᠡᠭᠴᠢ ᠪᠣᠯᠵᠤ ᠪᠠᠢᠬᠤ ᠰᠢᠪ ᠳᠡ ᠃ ᠲᠠᠨ ᠢ᠋ ᠪᠢ 6 ᠬᠣᠨᠣᠭ ᠴᠢᠷᠦᠭᠳᠡᠭᠦᠯᠦᠭᠰᠡᠨ ᠨᠢ ᠦᠨᠡᠨ ᠂ ᠭᠡᠪᠡᠴᠦ ᠲᠠ ᠪᠠᠰᠠ ᠨᠠᠮ᠎ᠠ ᠶ᠋ᠢ 6 ᠬᠣᠨᠣᠭ ᠴᠢᠷᠦᠭᠳᠡᠭᠦᠯᠦᠭᠰᠡᠨ ᠰᠢᠦ ᠳᠡ ᠃ ᠪᠢ ᠥᠩᠭᠡᠷᠡᠭᠰᠡᠨ ᠳᠣᠯᠣᠭᠠᠨ ᠬᠣᠨᠣᠭ ᠤ᠋ᠨ 6 ᠡᠳᠦᠷ ᠲᠠᠨ ᠲᠠᠢ ᠠᠭᠤᠯᠵᠠᠬᠤ ᠭᠡᠵᠦ ᠲᠠᠨ ᠤ᠋ ᠠᠯᠪᠠᠨ ᠲᠠᠰᠤᠯᠭᠠᠨ ᠳ᠋ᠤ᠌ 6 ᠤᠳᠠᠭ᠎ᠠ ᠣᠴᠢᠬᠤ ᠳ᠋ᠠᠭᠠᠨ ᠲᠠᠨ ᠤ᠋ ᠮᠠᠯᠠᠭᠠᠢ ᠲᠠᠢ ᠰᠠᠢᠨ ᠲᠠᠨᠢᠯᠴᠠᠭᠰᠠᠨ ᠃ ᠪᠢ ᠳᠡᠭᠦᠦ ᠪᠡᠨ ᠠᠵᠢᠯ ᠳ᠋ᠤ᠌ ᠣᠷᠣᠭᠤᠯᠬᠤ ᠭᠡᠵᠦ ᠲᠠᠨ ᠤ᠋ ᠪᠠᠢᠭᠤᠯᠭ᠎ᠠ ᠳ᠋ᠤ᠌ ᠣᠷᠣᠨ ᠲᠣᠭ᠎ᠠ ᠪᠠᠢᠨ᠎ᠠ ᠭᠡᠬᠦ ᠪᠡᠷ ᠨᠢ ᠲᠡᠭᠡᠵᠦ ᠣᠴᠢᠵᠤ ᠪᠠᠢᠭᠰᠠᠨ ᠶᠤᠮ ᠃ ᠲᠠᠨ ᠤ᠋ ᠪᠠᠢᠭᠤᠯᠭ᠎ᠠ ᠳ᠋ᠤ᠌ ᠣᠴᠢᠬᠤ ᠳ᠋ᠤ᠌ ᠰᠢᠨ᠎ᠡ ᠬᠦᠴᠦᠨ ᠦ᠌ ᠠᠰᠠᠭᠤᠳᠠᠯ ᠡᠷᠬᠢᠯᠡᠭᠰᠡᠨ ᠳᠠᠨᠳᠠᠪ ᠭᠡᠳᠡᠭ ᠬᠥᠮᠦᠨ ᠡᠨᠡ ᠲᠠᠰᠤᠯᠭᠠᠨ ᠳ᠋ᠤ᠌ ᠪᠠᠢᠳᠠᠭ ᠶᠤᠮ ᠂ ᠰᠢᠷᠡᠭᠡ ᠨᠢ ᠡᠨᠡ ᠪᠠᠢᠨ᠎ᠠ ᠭᠡᠵᠦ ᠬᠥᠮᠦᠨ ᠵᠢᠭᠠᠵᠤ ᠦᠭᠭᠦᠭᠰᠡᠨ ᠶᠦᠮ ᠂ ᠲᠡᠷᠡ ᠬᠥᠮᠦᠨ ᠪᠣᠢ ᠤᠤ ? ᠭᠡᠬᠦ ᠪᠡᠷ ᠪᠣᠢ ᠂ ᠪᠣᠢ ᠭᠡᠳᠡᠭ ᠪᠠᠢᠯ᠎ᠠ ᠂ ᠮᠥᠳ ᠢᠷᠡᠬᠦ ᠪᠣᠯ ᠤᠤ ? ᠭᠡᠬᠦ ᠪᠡᠷ ᠣᠳᠣᠬᠠᠨ ᠣᠷᠣᠭᠠᠳ ᠢᠷᠡᠨ᠎ᠡ ᠭᠡᠵᠦ ᠲᠠᠨ ᠲᠠᠢ ᠨᠢᠭᠡ ᠲᠠᠰᠤᠯᠭᠠᠨ ᠳ᠋ᠤ᠌ ᠠᠵᠢᠯᠯᠠᠳᠠᠭ ᠬᠥᠮᠦᠨ ᠬᠡᠯᠡᠳᠡᠭ ᠪᠠᠢᠯ᠎ᠠ ᠃ ᠳᠠᠷᠠᠭ᠎ᠠ ᠳᠠᠷᠠᠭ᠎ᠠ ᠶ᠋ᠢᠨ ᠣᠴᠢᠯᠲᠠ ᠳ᠋ᠤ᠌ ᠲᠠ ᠮᠥᠨ ᠡᠵᠡᠭᠦᠢ ᠪᠠᠢᠭᠰᠠᠨ ᠲᠤᠯᠠ ᠲᠠᠨ ᠤ᠋ ᠨᠢᠭᠡ ᠲᠠᠰᠤᠯᠭᠠᠨ ᠳ᠋ᠤ᠌ ᠠᠵᠢᠯᠯᠠᠳᠠᠭ ᠬᠥᠮᠦᠨ ᠲᠠᠨᠲᠠᠪ ᠬᠣᠯᠠᠳᠠᠭ᠎ᠠ ᠦᠭᠡᠢ ᠂ ᠮᠠᠯᠠᠭᠠᠢ ᠨᠢ ᠲᠡᠷᠡ ᠪᠠᠢᠨ᠎ᠠ ᠭᠡᠵᠦ ᠡᠯᠭᠦᠭᠦᠷ ᠲᠦ᠍ ᠪᠠᠢᠭᠰᠠᠨ ᠲᠠᠨ ᠤ᠋ ᠮᠠᠯᠠᠭᠠᠢ ᠶ᠋ᠢ ᠵᠢᠭᠠᠵᠤ ᠦᠭᠭᠦᠭᠰᠡᠨ ᠶᠦᠮ᠃ ᠲᠡᠭᠡᠭᠡᠳ ᠪᠢ ᠲᠠᠨ ᠤ᠋ ᠮᠠᠯᠠᠭᠠᠢ ᠲᠠᠢ ᠲᠠᠨᠢᠯ ᠪᠣᠯᠤᠭᠰᠠᠨ ᠶᠤᠮ ᠳᠠ ᠭᠡᠬᠦ ᠳ᠋ᠦ᠍ ᠂ ᠲᠠᠰᠤᠯᠭᠠᠨ ᠳ᠋ᠤ᠌ ᠪᠠᠢᠭᠰᠠᠨ ᠬᠥᠮᠦᠰ ᠬᠥᠭᠡᠷᠦᠯᠳᠦᠯᠡ ᠃ ᠲᠠᠨᠲᠠᠪ ᠤ᠋ᠨ ᠴᠢᠷᠠᠢ ᠬᠥᠬᠡᠷᠡᠨ ᠬᠠᠷᠠᠯᠠᠵᠤ ᠪᠠᠢᠭᠰᠠᠨ ᠪᠣᠯᠪᠠᠴᠤ ᠪᠠᠰᠠ ᠬᠢ ᠬᠢ ᠬᠢ ᠭᠡᠵᠦ ᠬᠤᠳᠠᠯ ᠢᠨᠢᠶᠡᠭᠡᠳ ᠄
– ᠦᠭᠡᠢ ᠮᠥᠨ ᠬᠠᠴᠢᠨ ᠶᠤᠮ ᠳᠠ ᠂ ᠵᠠ ᠲᠡᠷᠡ ᠴᠦ᠍ ᠶᠠᠭᠠᠬᠢᠬᠤᠪ ᠂ ᠬᠠᠨᠳᠠ ᠮᠢᠨᠢ ᠬᠣᠶᠠᠳᠤᠭᠠᠷ ᠠᠰᠠᠭᠤᠯᠲᠠ ᠳ᠋ᠠᠭᠠᠨ ᠣᠷᠣᠶ᠎ᠠ ᠂ ᠪᠢ ᠮᠥᠩᠭᠥ ᠪᠡᠨ ᠬᠤᠷᠢᠶᠠᠯᠭᠠᠶᠠ ᠭᠡᠪᠡ ᠃
ᠦᠭᠡᠢ ᠲᠡᠷᠡ ᠴᠦ᠍ ᠶᠠᠭᠠᠬᠢᠬᠤᠪ ᠪᠢᠰᠢ ᠰᠢᠦ ᠂ ᠪᠢ ᠲᠠᠨ ᠲᠠᠢ ᠤᠲᠠᠰᠤ ᠪᠠᠷ ᠶᠠᠷᠢᠬᠤ ᠭᠡᠵᠦ ᠣᠷᠣᠯᠳᠣᠳᠠᠭ ᠯᠠ ᠪᠠᠢᠭᠰᠠᠨ ᠃ ᠭᠡᠪᠡᠴᠦ ᠲᠠᠨ ᠢ᠋ ᠣᠳᠣᠬᠠᠨ ᠳ᠋ᠠᠭᠠᠨ ᠥᠷᠥᠭᠡᠨ ᠳ᠋ᠡᠭᠡᠨ ᠠᠯᠠᠭ᠎ᠠ ᠂ ᠭᠠᠳᠠᠭᠰᠢ ᠪᠠᠨ ᠶᠠᠪᠤᠭ᠎ᠠ ᠦᠭᠡᠢ ᠁ ᠬᠣᠯᠠᠳᠠᠭ᠎ᠠ ᠦᠭᠡᠢ ᠂ ᠡᠦᠲᠦ ᠯᠡ ᠶᠠᠪᠤᠭᠠᠳ ᠢᠷᠡᠬᠦ ᠳ᠋ᠦ᠍ ᠠᠭᠤᠯᠵᠠᠨ᠎ᠠ ᠭᠡᠵᠦ ᠬᠥᠮᠦᠨ ᠬᠡᠯᠡᠳᠡᠭ ᠪᠠᠢᠭᠰᠠᠨ᠃ ᠲᠡᠭᠡᠭᠡᠳ ᠯᠡ ᠠᠦ᠋ᠲ᠋ᠣᠪᠦ᠋ᠰ ᠢ᠋ᠶ᠋ᠡᠷ ᠮᠥᠨ ᠯᠡ 9 ᠪᠠᠭᠤᠳᠠᠯ ᠠᠶᠠᠯᠠᠳᠠᠭ᠃ 6 ᠬᠣᠨᠣᠭ ᠠᠦ᠋ᠲ᠋ᠣᠪᠦ᠋ᠰᠳᠠᠬᠤ ᠳ᠋ᠤ᠌ 20 ᠰᠢᠬᠠᠮ ᠲᠥᠭᠥᠷᠢᠭ ᠣᠷᠣᠯ᠎ᠠ ᠂ ᠵᠠ ᠮᠥᠨ ᠨᠢᠭᠡ ᠤᠳᠠᠭ᠎ᠠ ᠶᠠᠪᠤᠬᠤ ᠳ᠋ᠤ᠌ ᠪᠠᠷᠤᠭ ᠯᠠ ᠭᠤᠷᠪᠠᠨ ᠴᠠᠭ ᠣᠷᠣᠳᠠᠭ ᠪᠠᠢᠬ᠎ᠠ ᠠ᠋᠂ ᠠᠯᠪᠠᠨ ᠴᠠᠭ ᠠ᠋ᠴᠠ ᠵᠢᠷᠭᠤᠭ᠎ᠠ ᠳᠠᠬᠢᠨ 3 ᠴᠠᠭ ᠱᠣᠭᠯᠠᠬᠤ ᠪᠠᠷ 18 ᠴᠠᠭ ᠪᠣᠯᠤᠨ᠎ᠠ ᠪᠢᠵᠡ ᠳᠡ ᠭᠡᠵᠦ ᠬᠠᠨᠳᠠ ᠬᠡᠯᠡᠪᠡ᠃
– ᠶᠠᠷᠢᠬᠤ ᠦᠭᠡᠢ ᠂ ᠲᠠ ᠪᠢᠳᠡ ᠬᠣᠶᠠᠷ ᠬᠡᠨ ᠬᠡᠨ ᠢ᠋ᠶ᠋ᠡᠨ ᠠᠳᠠᠯᠢᠬᠠᠨ ᠴᠢᠷᠦᠭᠳᠡᠭᠦᠯᠦᠭᠰᠡᠨ ᠪᠠᠢᠨ᠎ᠠ ᠂ ᠪᠢ ᠲᠠᠨ ᠢ᠋ ᠰᠤᠷᠠᠭᠯᠠᠭᠠᠳ ᠠᠳᠠ ᠢᠷᠡᠬᠦ ᠳ᠋ᠦ᠍ ᠲᠠ ᠨᠠᠮ᠎ᠠ ᠶ᠋ᠢ ᠰᠤᠷᠠᠭᠯᠠᠭᠠᠳ ᠮᠠᠨ ᠤ᠋ ᠠᠵᠢᠯ ᠳᠡᠭᠡᠷ᠎ᠡ ᠣᠴᠢᠵᠤ ᠪᠠᠢᠵᠠᠢ ᠃ ᠬᠡᠭ ᠲᠡᠭᠡᠨ ᠴᠦ᠍ ᠪᠣᠢ ᠭᠣᠩ ᠳ᠋ᠠᠭᠠᠨ ᠴᠤ᠌ ᠪᠣᠢ ᠭᠡᠳᠡᠭ ᠪᠣᠯᠴᠢᠬᠠᠵᠤ ᠰᠢᠦ ᠳᠡ ᠃ ᠲᠡᠭᠡᠭᠡᠳ ᠶᠡᠷᠦ ᠨᠢ ᠬᠡᠨ ᠬᠡᠨ ᠳ᠋ᠡᠭᠡᠨ ᠭᠣᠮᠣᠳᠠᠬᠤ ᠶᠠᠪᠤᠳᠠᠯ ᠦᠭᠡᠢ ᠂ ᠥᠷᠢ ᠰᠢᠷᠢ ᠦᠭᠡᠢ ᠪᠣᠯᠤᠭ᠎ᠠ ᠰᠢᠪ ᠳᠡ ᠭᠡᠵᠦ ᠳᠠᠨᠳᠠᠪ ᠪᠢᠯᠳᠠᠤᠴᠢᠯᠠᠭᠰᠠᠨ ᠪᠠᠢᠳᠠᠯ ᠢᠯᠡ ᠮᠠᠭᠠᠰᠠᠭᠠᠨᠠᠨ ᠬᠡᠯᠡᠵᠡᠢ ᠃ ᠡᠭᠦᠨ ᠢ᠋ ᠰᠣᠨᠣᠰᠴᠤ ᠪᠠᠢᠭᠰᠠᠨ ᠨᠢᠭᠡ ᠠᠵᠢᠯᠴᠢᠨ ᠄
– ᠲᠠ ᠬᠣᠶᠠᠷ ᠴᠤ᠌ ᠶᠠᠭᠠᠬᠢᠬᠤ ᠪᠣᠢ ᠃ ᠥᠷᠢ ᠰᠢᠷᠢ ᠦᠭᠡᠢ ᠪᠣᠯᠵᠤ ᠂ ᠣᠯᠠᠨ ᠲᠦᠮᠡᠨ ᠦ᠌ ᠡᠷᠬᠡ ᠠᠰᠢᠭ ᠲᠠ ᠬᠣᠶᠠᠷ ᠠ᠋ᠴᠠ ᠠᠪᠯᠢᠭ᠎ᠠ ᠲᠠᠢ ᠦᠯᠡᠳᠡᠬᠦ ᠨᠢ ᠬᠠᠮᠢᠶ᠎ᠠ ᠦᠭᠡᠢ ᠶᠦᠮ ᠤᠤ ? ᠥᠨᠥᠳᠥᠷ ᠴᠢᠨᠢ 10 ᠳ᠋ᠤᠭᠠᠷ ᠰᠠᠷ᠎ᠠ ᠶ᠋ᠢᠨ 30 ᠭᠡᠬᠦ ᠳ᠋ᠦ᠍ ᠠᠯᠢ ᠴᠤ᠌ ᠭᠠᠵᠠᠷ ᠤ᠋ᠨ ᠴᠠᠯᠢᠩ ᠪᠠᠭᠤᠭᠰᠠᠨ ᠪᠠᠢᠬ᠎ᠠ ᠭᠡᠪᠡ᠃
ᠲᠠᠨᠳᠠᠪ ᠨᠡᠯᠢᠶᠡᠳ ᠢᠷᠪᠠᠭᠠᠷ ᠪᠠᠢᠳᠠᠯ ᠲᠠᠢ ᠲᠡᠷᠡ ᠠᠵᠢᠯᠴᠢᠨ ᠢ᠋ ᠬᠠᠷᠠᠭᠠᠳ ᠄
– ᠬᠥᠨᠳᠡᠯᠡᠨ ᠡᠴᠡ ᠬᠥᠯ ᠢ᠋ᠶ᠋ᠡᠨ ᠭᠡᠭᠴᠢ ᠪᠡᠷ ᠲᠠ ᠲᠡᠭᠡᠭᠡᠳ ᠶᠠᠭᠤ ᠬᠢᠬᠦ ᠭᠡᠳ ᠪᠠᠢᠭ᠎ᠠ ᠶᠤᠮ ᠪᠣᠢ ? ᠭᠡᠵᠦ ᠬᠥᠮᠥᠰᠬᠡ ᠵᠠᠩᠭᠢᠳᠪᠠ᠃ ᠵᠠᠯᠠᠭᠤ ᠠᠵᠢᠯᠴᠢᠨ ᠲᠣᠯᠣᠭᠠᠢ ᠪᠠᠨ ᠨᠢᠭᠡ ᠮᠠᠭᠠᠵᠢᠵᠤ ᠵᠠᠯᠢᠲᠠᠢ ᠢᠨᠢᠶᠡᠪᠬᠢᠯᠡᠭᠡᠳ ᠄
– ᠦᠭᠡᠢ ᠳᠠᠷᠤᠭ᠎ᠠ ᠠ᠋ ᠂ ᠮᠠᠨ ᠤ᠋ ᠬᠢᠨ ᠤᠷᠵᠢᠳᠤᠷ ᠴᠠᠯᠢᠩ ᠢ᠋ᠶ᠋ᠠᠨ ᠠᠪᠤᠭᠰᠠᠨ ᠃ ᠮᠠᠨ ᠤ᠋ ᠬᠠᠨᠳᠠ ᠴᠤ᠌ ᠪᠠᠰᠠ ᠯᠠ ᠠᠪᠤᠭᠰᠠᠨ᠂ ᠲᠠ ᠴᠦ᠍ ᠪᠠᠰᠠ ᠠᠪᠤᠭ᠎ᠠ ᠯᠠ ᠪᠢᠵᠡ ᠳᠡ ᠃ ᠪᠠᠰᠠ ᠲᠠᠨ ᠤ᠋ ᠮᠠᠯᠠᠭᠠᠢ ᠴᠤ᠌ ᠭᠡᠰᠡᠨ ᠴᠠᠯᠢᠩ ᠢ᠋ᠶ᠋ᠠᠨ ᠠᠪᠤᠭᠰᠠᠨ ᠪᠠᠢᠬ᠎ᠠ ᠳᠠ ᠭᠡᠬᠦ ᠳ᠋ᠦ᠍ ᠬᠥᠮᠦᠰ ᠬᠥᠬᠥᠷᠡᠯᠳᠦᠪᠡ ᠃
– – – –
① ᠬᠥᠮᠦᠨ ᠵᠥᠭᠡᠭᠡᠬᠦ ᠨᠡᠢᠲᠡ ᠶ᠋ᠢᠨ ᠮᠠᠰᠢᠨ
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
