ᠵᠡᠭᠦᠳᠦᠨ ᠪᠣᠷᠣᠭ᠎ᠠ- ᠨ∙ᠲᠡᠮᠦᠷᠬᠤᠶᠠᠭЗүүдэн бороо-Н.Төмөрхуяг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ ᠪᠣᠷᠣᠭ᠎ᠠ- ᠨ∙ᠲᠡᠮᠦᠷᠬᠤᠶᠠᠭЗүүдэн бороо-Н.Төмөрхуяг

ᠵᠡᠭᠦᠳᠦᠨ ᠪᠣᠷᠣᠭ᠎ᠠ- ᠨ∙ᠲᠡᠮᠦᠷᠬᠤᠶᠠᠭЗүүдэн бороо-Н.Төмөрхуяг

ᠠᠩᠭᠢᠯᠠᠯ:ᠳᠠᠭᠤᠤ ᠬᠥᠭᠵᠢᠮ
2023-07-14

5542

ᠵᠡᠭᠦᠳᠦᠨ ᠪᠣᠷᠣᠭ᠎ᠠ

   ᠠᠶ᠎ᠠ᠄ ᠪ∙ ᠮᠠᠭᠰᠤᠷᠵᠠᠪ 
   ᠦᠭᠡ᠄ ᠪ∙ᡀᠠᠭᠪᠠᠰᠦ᠋ᠷᠦᠩ 
   ᠳᠠᠭᠤᠴᠢᠨ᠄ ᠨ ∙ ᠲᠡᠮᠦᠷᠬᠤᠶᠠᠭ 

ᠬᠠᠯᠢᠨ ᠬᠠᠯᠢᠨ ᠨᠢᠰᠦᠭᠡᠳ ᠢᠷᠡᠭᠰᠡᠨ ᠰᠢᠪᠠᠭᠤ 
ᠬᠠᠷᠠᠵᠠᠨ ᠤ ᠤᠰᠤᠨ ᠳᠤ ᠡᠯᠢᠭᠡ ᠪᠡᠨ ᠵᠢᠩᠳᠡᠭᠡᠨ ᠭᠠᠩᠭᠠᠨᠠᠬᠤ ᠶᠤᠮ 
ᠬᠠᠷ᠎ᠠ ᠶᠢᠨ ᠬᠠᠷ᠎ᠠ ᠨᠢᠳᠦᠨ ᠴᠢᠮᠠᠶ᠋ᠢ ᠪᠠᠨ 
ᠬᠠᠷᠠᠵᠤ ᠯᠠ ᠰᠠᠭᠤᠬᠤ ᠮᠢᠨᠢ ᠬᠡᠵᠢᠶ᠎ᠡ ᠯᠠ ᠶᠤᠮ ᠪᠣᠯ ᠳ᠋ᠠ 

ᠨᠡᠮᠡᠨ ᠨᠡᠮᠡᠨ ᠳᠦᠭᠦᠷᠬᠦ᠌ ᠰᠥᠨᠢ ᠶᠢᠨ ᠰᠠᠷᠠᠨ 
ᠨᠢᠭᠡ ᠯᠠ ᠵᠥᠭᠡᠯᠡᠨ ᠳᠡᠭᠡᠭᠰᠢ ᠪᠡᠨ ᠳᠡᠭᠳᠡᠨ ᠮᠠᠨᠳᠤᠬᠤ ᠶᠤᠮ 
ᠰᠠᠢᠨ ᠤ ᠳᠡᠭᠡᠳᠦ ᠡᠩᠬᠦᠷᠡᠢ ᠴᠢᠮᠠᠶ᠋ᠢ ᠪᠠᠨ 
ᠰᠠᠨᠠᠵᠤ ᠯᠠ ᠶᠠᠪᠤᠬᠤ ᠮᠢᠨᠢ ᠵᠠᠶᠠᠭ᠎ᠠ ᠶᠤᠮ ᠳ᠋ᠠ ᠬᠥ 

ᠨᠣᠢᠷ ᠤᠨ ᠳᠤᠮᠳᠠ ᠵᠦᠰᠡᠷᠡᠬᠦ ᠵᠡᠭᠦᠳᠦᠨ ᠪᠣᠷᠣᠭᠠᠨ ᠳᠤ 
ᠨᠣᠷᠤᠭᠰᠠᠨ ᠳᠡᠷ᠎ᠡ ᠬᠠᠴᠠᠷ ᠢ ᠮᠢᠨᠢ ᠬᠠᠭᠠᠷᠢᠨ ᠥᠨᠦᠴᠢᠷᠡᠭᠡᠬᠦ ᠶᠤᠮ 
ᠲᠣᠭᠣᠨᠣ ᠶᠢ ᠡᠯᠪᠡᠵᠦ ᠡᠷᠭᠦᠭᠰᠡᠨ ᠭᠡᠷ ᠲᠦ ᠪᠡᠨ 
ᠲᠣᠷᠮᠣᠢᠵᠤ ᠰᠠᠭᠤᠬᠤ ᠮᠢᠨᠢ ᠬᠡᠵᠢᠶ᠎ᠡ ᠯᠠ ᠶᠤᠮ ᠪᠣᠯ ᠳ᠋ᠠ 
ᠲᠣᠭᠣᠨᠣ ᠶᠢ ᠡᠯᠪᠡᠵᠦ ᠡᠷᠭᠦᠭᠰᠡᠨ ᠭᠡᠷ ᠲᠦ ᠪᠡᠨ 
ᠲᠣᠷᠮᠣᠢᠵᠤ ᠰᠠᠭᠤᠬᠤ ᠮᠢᠨᠢ ᠬᠡᠵᠢᠶ᠎ᠡ ᠯᠠ ᠶᠤᠮ ᠪᠣᠯ ᠳ᠋ᠠ
Зүүдэн бороо
Үг: Б.Лхагвасүрэн
Ая: Б.Магсаржав
МУГЖ Н.Төмөрхуяг

Халин халин нисээд ирсэн шувуу
Харзны усанд элгээ жиндээн ганганах юм
Харын хар нүдэн чамайгаа
Харж л суух минь хэзээ л юм бол доо

Нэмэн нэмэн дүүрэх шөнийн саран
нэг л зөөлөн дээшээ дэгдэн мандах юм
Сайны дээд энхрий чамайгаа
Санаж л явах минь заяа юм даа хө

Нойрон дунд зүсрэх зүүдэн бороонд
Норсон дэр хацрыг минь хайран өнчрөөх юм
Тооныг элбэж өргөсөн гэртээ
Тормойж суух минь хэзээ л юм бол доо
Тооныг элбэж өргөсөн гэртээ
Тормойж суух минь хэзээ л юм бол доо