ᠮᠣᠩᠭᠣᠯᠴᠤᠳ ᠢ᠋ ᠮᠥᠬᠥᠯ ᠡᠴᠡ ᠬᠠᠮᠠᠭᠠᠯᠠᠬᠤ ᠥᠨᠥᠴᠢᠨ ᠡᠷᠳᠡᠨᠢ- ᠪᠣᠷᠵᠢᠭᠢᠨ ᠰ· ᠳᠡᠯᠭᠡᠷМонголчуудыг мөхлөөс хамгаалах өнчин эрдэн- боржгин с· дэлгэр ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠤᠳ ᠢ᠋ ᠮᠥᠬᠥᠯ ᠡᠴᠡ ᠬᠠᠮᠠᠭᠠᠯᠠᠬᠤ ᠥᠨᠥᠴᠢᠨ ᠡᠷᠳᠡᠨᠢ- ᠪᠣᠷᠵᠢᠭᠢᠨ ᠰ· ᠳᠡᠯᠭᠡᠷМонголчуудыг мөхлөөс хамгаалах өнчин эрдэн- боржгин с· дэлгэр

ᠮᠣᠩᠭᠣᠯᠴᠤᠳ ᠢ᠋ ᠮᠥᠬᠥᠯ ᠡᠴᠡ ᠬᠠᠮᠠᠭᠠᠯᠠᠬᠤ ᠥᠨᠥᠴᠢᠨ ᠡᠷᠳᠡᠨᠢ- ᠪᠣᠷᠵᠢᠭᠢᠨ ᠰ· ᠳᠡᠯᠭᠡᠷМонголчуудыг мөхлөөс хамгаалах өнчин эрдэн- боржгин с· дэлгэр

2023-07-13

402

ᠮᠣᠩᠭᠣᠯᠴᠤᠳ ᠢ᠋ ᠮᠥᠬᠥᠯ ᠡᠴᠡ ᠬᠠᠮᠠᠭᠠᠯᠠᠬᠤ ᠥᠨᠥᠴᠢᠨ ᠡᠷᠳᠡᠨᠢ

                 ᠪᠣᠷᠵᠢᠭᠢᠨ ᠰ· ᠳᠡᠯᠭᠡᠷ
ᠢᠪᠷᠠᠢ ᠦᠨᠳᠦᠰᠦᠲᠡᠨ ᠨᠢᠭᠡ ᠦᠶ᠎ᠡ ᠤᠷᠲᠤ ᠬᠤᠭᠤᠴᠠᠭ᠎ᠠ ᠪᠠᠷ ᠭᠡᠷ ᠣᠷᠣᠨ ᠠ᠋ᠴᠠ ᠪᠠᠨ ᠬᠥᠭᠡᠭᠡᠭᠳᠡᠵᠦ ᠬᠡᠯᠡ ᠰᠣᠶᠣᠯ ᠢ᠋ᠶ᠋ᠠᠨ ᠠᠯᠳᠠᠭᠠᠳ ᠬᠣᠶᠠᠷ ᠮᠢᠩᠭ᠎ᠠ ᠢᠯᠡᠭᠦᠦ ᠵᠢᠯ ᠪᠣᠯᠪᠠ᠃ ᠢᠪᠷᠠᠢ ᠦᠨᠳᠦᠰᠦᠲᠡᠨ ᠳᠡᠯᠡᠬᠡᠢ ᠶ᠋ᠢᠨ ᠡᠯ᠎ᠡ ᠭᠠᠵᠠᠷ ᠲᠤ᠌ ᠭᠤᠷᠪᠠᠨ ᠮᠢᠩᠭ᠎ᠠ ᠢᠯᠡᠭᠦᠦ ᠵᠢᠯ ᠲᠡᠨᠦᠭᠦᠴᠢᠯᠡᠨ ᠠᠮᠢᠳᠤᠷᠠᠵᠤ᠂ ᠡᠯᠳᠡᠪ ᠦ᠋ᠨ ᠬᠦᠴᠢᠷ ᠪᠡᠷᠬᠡ᠂ ᠠᠯᠠᠯᠭ᠎ᠠ ᠬᠢᠳᠤᠯᠭ᠎ᠠ᠂ ᠭᠤᠲᠤᠭᠠᠯ ᠳᠣᠷᠣᠮᠵᠢᠯᠠᠯ ᠢ᠋ ᠠᠮᠰᠠᠭᠰᠠᠨ ᠪᠣᠯᠪᠠᠴᠤ ᠢᠪᠷᠠᠢ ᠦᠨᠳᠦᠰᠦᠲᠡᠨ ᠶᠡᠷᠦ ᠡᠴᠡ ᠤᠰᠠᠳᠤᠭᠰᠠᠨ ᠦᠭᠡᠢ ᠶᠦ᠍ᠮ᠃ ᠢᠪᠷᠠᠢᠴᠤᠳ ᠳᠠᠷᠤᠯᠠᠯ ᠳᠣᠷᠣᠮᠵᠢᠯᠠᠯ ᠠ᠋ᠴᠠ ᠠᠩᠭᠢᠵᠢᠷᠠᠬᠤ ᠶ᠋ᠢᠨ ᠲᠥᠯᠥᠭᠡ ᠬᠣᠷᠢᠳᠤᠭᠠᠷ ᠵᠠᠭᠤᠨ ᠤ᠋ ᠡᠬᠢᠨ ᠡᠴᠡ ᠡᠬᠢᠯᠡᠨ ᠡᠬᠡ ᠣᠷᠣᠨ ᠳ᠋ᠠᠭᠠᠨ ᠵᠠᠯᠭᠠᠯᠳᠤᠭ᠎ᠠ ᠪᠠᠷ ᠪᠤᠴᠠᠵᠤ᠂1948ᠣᠨ ᠳ᠋ᠤ᠌ ᠲᠤᠰᠠᠭᠠᠷ ᠤᠯᠤᠰ ᠪᠠᠢᠭᠤᠯᠵᠤ᠂ ᠢᠪᠷᠠᠢ ᠬᠡᠯᠡ ᠪᠢᠴᠢᠭ ᠢ᠋ᠶ᠋ᠡᠨ ᠠᠮᠵᠢᠯᠲᠠ ᠲᠠᠢ ᠪᠠᠷ ᠠᠮᠢᠯᠠᠭᠤᠯᠤᠨ ᠰᠡᠷᠭᠦᠭᠡᠵᠦ ᠴᠢᠳᠠᠵᠠᠢ᠃
ᠲᠡᠭᠡᠪᠡᠯ ᠢᠪᠷᠠᠢ ᠦᠨᠳᠦᠰᠦᠲᠡᠨ ᠦ᠌ ᠡᠢᠮᠦ ᠤᠷᠲᠤ ᠬᠤᠭᠤᠴᠠᠭ᠎ᠠ ᠪᠠᠷ ᠬᠡᠯᠡ ᠰᠣᠶᠣᠯ ᠢ᠋ᠶ᠋ᠠᠨ ᠠᠯᠳᠠᠭᠰᠠᠨ ᠪᠣᠯᠪᠠᠴᠤ ᠢᠪᠷᠠᠢ ᠦᠨᠳᠦᠰᠦᠲᠡᠨ ᠤᠰᠠᠳᠤᠭᠰᠠᠨ ᠦᠭᠡᠢ ᠶ᠋ᠢᠨ ᠨᠢᠭᠤᠴᠠ ᠨᠢ ᠶᠠᠭᠤ ᠪᠣᠯᠪᠠ? ᠡᠨᠡ ᠲᠤᠬᠠᠢ ᠪᠢ ᠪᠡᠷ《ᠢᠰᠷᠸᠯ ᠦ᠋ᠨ ᠮᠣᠩᠭᠣᠯ ᠰᠤᠳᠤᠯᠤᠯ ᠤ᠋ᠨ ᠲᠣᠢᠮᠣ ᠪᠠᠢᠳᠠᠯ》 ᠤ᠋ᠨ ᠲᠤᠬᠠᠢ ᠶᠠᠷᠢᠬᠤ ᠳ᠋ᠠᠭᠠᠨ ᠬᠠᠯᠲᠤ ᠶᠠᠷᠢᠵᠤ ᠥᠩᠭᠡᠷᠡᠭᠰᠡᠨ ᠶᠦ᠍ᠮ᠃ ᠢᠪᠷᠠᠢ ᠦᠨᠳᠦᠰᠦᠲᠡᠨ ᠦ᠌ ᠤᠰᠠᠳᠤᠭᠰᠠᠨ ᠦᠭᠡᠢ ᠶ᠋ᠢᠨ ᠭᠣᠣᠯ ᠨᠢᠭᠤᠴᠠ ᠨᠢ《 ᠢᠪᠷᠠᠢ ᠱᠠᠰᠢᠨ》 ᠮᠥᠨ᠃ ᠭᠤᠷᠪᠠᠨ ᠮᠢᠩᠭᠠᠨ ᠵᠢᠯ ᠦ᠋ᠨ ᠡᠮᠦᠨ᠎ᠡ ᠡᠴᠡ ᠢᠪᠷᠠᠢᠴᠤᠳ ᠬᠡᠳᠦᠢᠪᠡᠷ ᠳᠡᠯᠡᠬᠡᠢ ᠶ᠋ᠢᠨ ᠡᠯ᠎ᠡ ᠭᠠᠵᠠᠷ ᠳᠠᠷᠬᠠᠨ ᠰᠠᠭᠤᠷᠢᠰᠢᠵᠤ ᠬᠡᠯᠡ ᠰᠣᠶᠣᠯ ᠢ᠋ᠶ᠋ᠠᠨ ᠠᠭᠠᠵᠢᠮ ᠢ᠋ᠶ᠋ᠠᠷ ᠠᠯᠳᠠᠵᠤ ᠬᠣᠶᠠᠷ ᠮᠢᠩᠭ᠎ᠠ ᠢᠯᠡᠭᠦᠦ ᠵᠢᠯ ᠪᠣᠯᠤᠭᠰᠠᠨ ᠪᠣᠯᠪᠠᠴᠤ ᠢᠪᠷᠠᠢ ᠱᠠᠰᠢᠨ ᠢ᠋ᠶ᠋ᠠᠨ ᠶᠡᠷᠦ ᠡᠴᠡ ᠣᠷᠬᠢᠭ᠎ᠠ ᠦᠭᠡᠢ᠂ ᠠᠯᠳᠠᠭ᠎ᠠ ᠦᠭᠡᠢ᠃ ᠢᠪᠷᠠᠢ ᠱᠠᠰᠢᠨ ᠤ᠋ ᠲᠣᠭᠲᠠᠭᠠᠯ ᠢ᠋ᠶ᠋ᠠᠷ ᠢᠪᠷᠠᠢ ᠬᠥᠮᠦᠨ ᠵᠥᠪᠬᠡᠨ ᠢᠪᠷᠠᠢ ᠱᠠᠰᠢᠨ ᠳ᠋ᠤ᠌ ᠣᠷᠣᠵᠤ ᠪᠣᠯᠳᠠᠭ᠂ ᠥᠪᠡᠷ ᠢ᠋ ᠪᠡᠨ ᠢᠪᠷᠠᠢ ᠬᠥᠮᠦᠨ ᠡᠰᠡᠬᠦ ᠶ᠋ᠢ ᠮᠡᠳᠡᠷᠡᠭᠦᠯᠬᠦ ᠭᠡᠪᠡᠯ ᠡᠷᠬᠡᠪᠰᠢ ᠢᠪᠷᠠᠢ ᠱᠠᠰᠢᠨ ᠢ᠋ ᠰᠢᠲᠦᠭᠰᠡᠨ ᠪᠠᠢᠬᠤ ᠬᠡᠷᠡᠭᠲᠡᠢ ᠶᠦ᠍ᠮ᠃ ᠲᠡᠢᠮᠦ ᠡᠴᠡ ᠢᠪᠷᠠᠢ ᠱᠠᠰᠢᠨ ᠨᠢ ᠢᠪᠷᠠᠢ ᠦᠨᠳᠦᠰᠦᠲᠡᠨ ᠦ᠌ ᠢᠮ ᠲᠠᠮᠠᠭ᠎ᠠ᠂ ᠢᠯᠭᠠᠮᠵᠢ᠂ ᠪᠦᠯᠬᠦᠮᠳᠡᠯ ᠨᠢᠭᠲᠠᠷᠠᠯ ᠢ᠋ ᠬᠠᠮᠠᠭᠠᠯᠠᠭᠰᠠᠭᠠᠷ ᠢᠷᠡᠵᠡᠢ᠃ ᠲᠡᠢᠮᠦ ᠪᠣᠯᠬᠣᠷ ᠬᠣᠶᠠᠷ ᠮᠢᠩᠭ᠎ᠠ ᠢᠯᠡᠭᠦᠦ ᠵᠢᠯ ᠦ᠋ᠨ ᠳᠠᠷᠠᠭ᠎ᠠ ᠢᠪᠷᠠᠢ ᠦᠨᠳᠦᠰᠦᠲᠡᠨ ᠢᠪᠷᠠᠢ ᠬᠡᠯᠡ ᠪᠡᠷ ᠪᠢᠴᠢᠭᠳᠡᠭᠰᠡᠨ ᠡᠷᠲᠡᠨ ᠦ᠌《 ᠠᠷᠢᠭᠤᠨ ᠨᠣᠮ》 ᠢ᠋ ᠠᠰᠢᠭᠯᠠᠵᠤ ᠠᠯᠳᠠᠵᠤ ᠣᠷᠬᠢᠭᠰᠠᠨ ᠢᠪᠷᠠᠢ ᠬᠡᠯᠡ ᠪᠢᠴᠢᠭ ᠢ᠋ᠶ᠋ᠡᠨ ᠠᠮᠵᠢᠯᠲᠠ ᠲᠠᠢ ᠪᠠᠷ ᠰᠡᠷᠭᠦᠭᠡᠵᠦ ᠴᠢᠳᠠᠭᠰᠠᠨ ᠶᠤᠮ᠃
ᠮᠠᠨ ᠤ᠋ ᠮᠣᠩᠭᠣᠯ ᠲᠠᠢ ᠬᠣᠯᠪᠣᠭᠠᠯᠠᠵᠤ᠂ ᠮᠣᠩᠭᠣᠯ ᠤ᠋ᠨ ᠴᠡᠷᠢᠭ ᠦ᠋ᠨ ᠬᠦᠴᠦ ᠶ᠋ᠢ ᠠᠰᠢᠭᠯᠠᠵᠤ ᠮᠠᠨᠵᠤ ᠴᠢᠩ ᠦ᠋ᠨ ᠬᠠᠭᠠᠨᠲᠤ ᠤᠯᠤᠰ ᠢ᠋ ᠪᠠᠢᠭᠤᠯᠤᠭᠰᠠᠨ ᠮᠠᠨᠵᠤᠴᠤᠳ ᠶᠠᠭᠤ ᠪᠣᠯᠪᠠ? ᠮᠠᠨᠵᠤ ᠦᠨᠳᠦᠰᠦᠲᠡᠨ ᠦ᠌ ᠬᠥᠮᠦᠨ ᠠᠮᠠ ᠶ᠋ᠢᠨ ᠲᠣᠭ᠎ᠠ ᠣᠳᠣ ᠮᠢᠩᠭ᠎ᠠ ᠢᠯᠡᠭᠦᠦ ᠲᠦᠮᠡ ᠪᠠᠢᠳᠠᠭ ᠭᠡᠨ᠎ᠡ᠃ ᠡᠭᠦᠨ ᠢ᠋ᠶ᠋ᠡᠷ ᠢ᠋ᠶ᠋ᠡᠨ ᠳᠤᠮᠳᠠᠳᠤ ᠤᠯᠤᠰ ᠤ᠋ᠨ ᠪᠠᠰᠠ ᠨᠢᠭᠡ ᠴᠥᠭᠡᠨ ᠲᠣᠭᠠᠲᠤ ᠦᠨᠳᠦᠰᠦᠲᠡᠨ ᠦ᠌ ᠨᠢᠭᠡ ᠭᠡᠭᠳᠡᠵᠦ ᠪᠣᠢ᠃ ᠭᠡᠪᠡᠴᠦ ᠮᠠᠨᠵᠤ ᠦᠨᠳᠦᠰᠦᠲᠡᠨ ᠳ᠋ᠦ᠍ ᠦᠨᠳᠦᠰᠦᠲᠡᠨ ᠦ᠌ ᠨᠢᠭᠡᠳᠦᠯᠲᠡᠢ ᠢᠲᠡᠭᠡᠯ ᠪᠢᠰᠢᠷᠡᠯ ᠪᠤᠶᠤ ᠱᠠᠰᠢᠨ ᠰᠢᠲᠦᠯᠭᠡ ᠪᠠᠢᠬᠤ ᠦᠭᠡᠢ᠃ ᠮᠠᠨᠵᠤ ᠦᠨᠳᠦᠰᠦᠲᠡᠨ ᠣᠳᠣ ᠨᠢᠭᠡᠨᠲᠡ ᠮᠠᠨᠵᠤ ᠬᠡᠯᠡ ᠪᠢᠴᠢᠭ ᠢ᠋ᠶ᠋ᠡᠨ ᠪᠦᠷᠢᠮᠦᠰᠦᠨ ᠤᠮᠠᠷᠲᠠᠨ ᠣᠷᠬᠢᠵᠠᠢ᠃ ᠮᠠᠨᠵᠤ ᠦᠨᠳᠦᠰᠦᠲᠡᠨ ᠦ᠌ ᠢᠮ ᠲᠠᠮᠠᠭ᠎ᠠ᠂ ᠢᠯᠭᠠᠮᠵᠢ ᠨᠢ ᠶᠠᠭᠤ ᠪᠣᠢ? ᠮᠠᠨᠵᠤ ᠬᠥᠮᠦᠨ ᠨᠢ ᠶᠠᠮᠠᠷ ᠬᠥᠮᠦᠨ ᠪᠣᠯᠪᠠ? ᠭᠡᠪᠡᠯ ᠡᠷᠦᠬᠡ ᠠᠮᠠ ᠶ᠋ᠢᠨ ᠳᠠᠩᠰᠠ ᠪᠤᠶᠤ ᠪᠡᠶ᠎ᠡ ᠶ᠋ᠢᠨ ᠦᠨᠡᠮᠯᠡᠬᠦ ᠳᠡᠭᠡᠷ᠎ᠡ ᠨᠢ《 ᠮᠠᠨᠵᠤ》 ᠭᠡᠵᠦ ᠪᠢᠴᠢᠵᠦ ᠪᠠᠢᠬᠤ ᠶ᠋ᠢ ᠭᠠᠷᠭᠠᠪᠠᠯ ᠥᠭᠡᠷ᠎ᠡ ᠨᠢᠭᠡ ᠴᠦ᠍ ᠶᠠᠭᠤᠮ᠎ᠠ ᠪᠠᠢᠬᠤ ᠦᠭᠡᠢ ᠪᠣᠯᠪᠠ᠃ ᠰᠣᠨᠣᠰᠤᠯᠲᠠ ᠪᠠᠷ᠂ ᠵᠠᠷᠢᠮ ᠨᠢᠭᠡ ᠮᠠᠨᠵᠤ ᠬᠥᠮᠦᠨ ᠨᠢ ᠬᠢᠲᠠᠳ ᠴᠤ᠌ ᠪᠢᠰᠢ᠂ ᠮᠣᠩᠭᠣᠯ ᠴᠤ᠌ ᠪᠢᠰᠢ ᠪᠣᠯᠤᠭᠠᠳ ᠪᠤᠰᠤᠳ ᠲᠤ᠌《 ᠪᠢ ᠪᠣᠯ ᠮᠠᠨᠵᠤ ᠦᠨᠳᠦᠰᠦᠲᠡᠨ》 ᠭᠡᠵᠦ ᠬᠡᠯᠡᠬᠦ ᠡᠴᠡ ᠪᠡᠨ ᠨᠢᠭᠡᠨᠲᠡ ᠢᠴᠢᠵᠦ ᠰᠢᠷᠪᠡᠭᠡᠲᠦᠬᠦ ᠪᠣᠯᠤᠭᠠᠳ ᠡᠷᠦᠬᠡ ᠠᠮᠠ ᠶ᠋ᠢᠨ ᠳᠠᠩᠰᠠ ᠪᠤᠶᠤ ᠪᠡᠶ᠎ᠡ ᠶ᠋ᠢᠨ ᠭᠠᠷᠤᠯ ᠢ᠋ᠶ᠋ᠠᠨ ᠨᠢᠭᠡ ᠪᠣᠯ《 ᠬᠢᠲᠠᠳ ᠦᠨᠳᠦᠰᠦᠲᠡᠨ》᠂ ᠨᠢᠭᠡ ᠪᠣᠯ《 ᠮᠣᠩᠭᠣᠯ ᠦᠨᠳᠦᠰᠦᠲᠡᠨ》 ᠭᠡᠵᠦ ᠬᠠᠯᠠᠵᠤ ᠪᠠᠢᠭ᠎ᠠ ᠭᠡᠨ᠎ᠡ᠃ ᠥᠪᠡᠷ ᠦ᠋ᠨ ᠬᠡᠯᠡ ᠪᠢᠴᠢᠭ ᠢ᠋ᠶ᠋ᠡᠨ ᠠᠯᠳᠠᠭᠰᠠᠨ᠂ ᠪᠠᠰᠠ ᠦᠨᠳᠦᠰᠦᠲᠡᠨ ᠦ᠌ ᠨᠢᠭᠡᠳᠦᠯᠲᠡᠢ ᠱᠠᠰᠢᠨ ᠰᠢᠲᠦᠯᠭᠡ ᠦᠭᠡᠢ ᠡᠢᠮᠦ ᠦᠨᠳᠦᠰᠦᠲᠡᠨ ᠬᠣᠵᠢᠮ ᠨᠢᠭᠡ ᠦᠨᠳᠦᠰᠦᠲᠡᠨ ᠦ᠌ ᠬᠤᠪᠢ ᠪᠠᠷ ᠣᠷᠣᠰᠢᠵᠤ ᠴᠢᠳᠠᠬᠤ ᠤᠤ? ᠮᠡᠳᠡᠭᠡᠵᠢ᠂ ᠯᠠᠪ ᠴᠢᠳᠠᠬᠤ ᠦᠭᠡᠢ᠃ ᠬᠡᠳᠦᠨ ᠮᠢᠩᠭᠠᠨ ᠵᠢᠯ ᠢ᠋ ᠪᠠᠢᠲᠤᠭᠠᠢ᠂ ᠮᠠᠨᠵᠤ ᠦᠨᠳᠦᠰᠦᠲᠡᠨ ᠬᠡᠷᠪᠡ ᠣᠳᠣ ᠨᠢᠭᠡ ᠵᠠᠭᠤᠨ ᠵᠢᠯ ᠡᠨᠡ ᠪᠠᠢᠳᠠᠯ ᠢ᠋ᠶ᠋ᠠᠷ ᠬᠥᠭᠵᠢᠪᠡᠯ ᠡᠨᠡ ᠪᠥᠮᠪᠥᠷᠴᠡᠭ ᠡᠴᠡ ᠪᠦᠷᠢᠮᠦᠰᠦᠨ ᠠᠷᠢᠯᠬᠤ ᠪᠣᠯᠤᠨ᠎ᠠ᠃
ᠮᠣᠩᠭᠣᠯ ᠬᠠᠭᠠᠨᠲᠤ ᠤᠯᠤᠰ ᠤ᠋ᠨ ᠦᠶ᠎ᠡ ᠳ᠋ᠦ᠍ ᠠᠷᠠᠪ ᠣᠷᠣᠨ ᠠ᠋ᠴᠠ ᠣᠷᠣᠵᠤ ᠢᠷᠡᠭᠰᠡᠨ ᠠᠷᠠᠯᠵᠢᠶᠠᠴᠢᠳ ᠤ᠋ᠨ ᠬᠣᠢᠴᠢᠰ ᠬᠡᠮᠡᠭᠳᠡᠳᠡᠭ ᠬᠣᠲᠣᠩ ᠦᠨᠳᠦᠰᠦᠲᠡᠨ ᠡᠬᠡ ᠣᠷᠣᠨ ᠠ᠋ᠴᠠ ᠪᠠᠨ ᠰᠠᠯᠤᠭᠠᠳ ᠪᠠᠰᠠ ᠨᠠᠢ᠍ᠮᠠᠨ ᠵᠠᠭᠤ ᠢᠯᠡᠭᠦᠦ ᠵᠢᠯ ᠪᠣᠯᠵᠤ ᠦᠨᠳᠦᠰᠦᠲᠡᠨ ᠦ᠌ ᠬᠡᠯᠡ ᠪᠢᠴᠢᠭ ᠢ᠋ᠶ᠋ᠡᠨ ᠤᠮᠠᠷᠲᠠᠵᠤ ᠣᠷᠬᠢᠵᠠᠢ᠃ ᠭᠡᠪᠡᠴᠦ ᠬᠣᠲᠣᠩᠴᠤᠳ ᠲᠤ᠌ ᠦᠨᠳᠦᠰᠦᠲᠡᠨ ᠦ᠌ ᠨᠢᠭᠡᠳᠦᠯᠲᠡᠢ ᠱᠠᠰᠢᠨ ᠰᠢᠲᠦᠯᠭᠡ ᠲᠡᠢ᠂ ᠢᠰᠯᠠᠮ ᠱᠠᠰᠢᠨ ᠲᠠᠢ᠃ ᠲᠡᠢᠮᠦ ᠪᠣᠯᠬᠣᠷ ᠬᠥᠮᠦᠨ ᠠᠮᠠ ᠪᠠᠷ ᠬᠠᠷᠢᠴᠠᠩᠭᠤᠢ ᠴᠥᠭᠡᠨ ᠪᠣᠯᠪᠠᠴᠤ ᠥᠪᠡᠷ ᠦ᠋ᠨ ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠣᠨ ᠲᠠᠢ᠂ ᠪᠠᠰᠠ ᠦᠨᠳᠦᠰᠦᠲᠡᠨ ᠦ᠌ ᠨᠢᠭᠲᠠᠷᠠᠯ ᠪᠦᠯᠬᠦᠮᠳᠡᠯ ᠢ᠋ᠶ᠋ᠡᠷ ᠮᠠᠰᠢ ᠰᠠᠢᠨ᠂ ᠬᠠᠮᠢᠭ᠎ᠠ ᠣᠴᠢᠭᠰᠠᠨ ᠴᠤ᠌ ᠬᠣᠨᠢᠨ ᠮᠢᠬ᠎ᠠ ᠬᠠᠩᠭᠠᠳᠠᠭ ᠬᠣᠭᠣᠯᠠ ᠲᠠᠢ᠂ ᠬᠤᠪᠢ ᠶᠡᠬᠡᠲᠦ ᠴᠠᠭᠠᠨ ᠮᠠᠯᠠᠭᠠᠢ ᠲᠠᠢ ᠤᠯᠤᠰ ᠳ᠋ᠠ᠃ ᠭᠡᠲᠡᠯ᠎ᠡ ᠮᠠᠨᠵᠤ ᠦᠨᠳᠦᠰᠦᠲᠡᠨ ᠵᠡᠭᠦᠨ ᠬᠣᠢᠲᠤ ᠣᠷᠣᠨ ᠤ᠋ ᠤᠤᠭᠠᠯ ᠢᠷᠭᠡᠳ ᠪᠠᠢᠭᠠᠳ ᠨᠤᠲᠤᠭ ᠴᠤ᠌ ᠦᠭᠡᠢ᠂ ᠬᠡᠯᠡ ᠴᠦ᠍ ᠦᠭᠡᠢ ᠪᠣᠯᠪᠠ᠃ ᠬᠡᠨ ᠳ᠋ᠦ᠍ ᠭᠣᠮᠣᠳᠠᠬᠤ ᠪᠣᠢ ᠳ᠋ᠠ᠂ ᠥᠪᠡᠷ ᠦ᠋ᠨ ᠪᠡᠶ᠎ᠡ ᠳ᠋ᠡᠭᠡᠨ ᠯᠡ ᠭᠣᠮᠣᠳᠠᠨ᠎ᠠ᠃ ᠡᠪᠦᠭᠡ ᠳᠡᠭᠡᠳᠦᠰ ᠦ᠋ᠨ ᠬᠡᠯᠡ ᠰᠣᠶᠣᠯ ᠢ᠋ᠶ᠋ᠠᠨ ᠣᠷᠬᠢᠭᠰᠠᠨ ᠢ᠋ᠶ᠋ᠠᠷ ᠥᠭᠡᠬᠦ ᠴᠦ᠍ ᠪᠢᠰᠢ ᠪᠤᠯᠴᠢᠷᠬᠠᠢ ᠴᠤ᠌ ᠪᠢᠰᠢ ᠪᠣᠯᠪᠠ᠃
ᠲᠡᠭᠡᠪᠡᠯ ᠮᠠᠨ ᠤ᠋ ᠮᠣᠩᠭᠣᠯᠴᠤᠳ ᠶᠠᠭᠤ ᠪᠣᠯᠵᠤ ᠪᠠᠢᠨ᠎ᠠ? ᠪᠢᠳᠡᠨ ᠳ᠋ᠦ᠍ ᠦᠨᠳᠦᠰᠦᠲᠡᠨ ᠦ᠌ ᠨᠢᠭᠡᠳᠦᠯᠲᠡᠢ ᠱᠠᠰᠢᠨ ᠰᠢᠲᠦᠯᠭᠡ ᠪᠠᠢᠬᠤ ᠤᠤ? ᠪᠠᠢᠬᠤ ᠦᠭᠡᠢ᠃ ᠪᠢᠳᠡᠨ ᠳ᠋ᠦ᠍ ᠦᠨᠳᠦᠰᠦᠲᠡᠨ ᠦ᠌ ᠬᠡᠯᠡ ᠪᠢᠴᠢᠭ ᠪᠠᠢᠨ᠎ᠠ ᠤᠤ? ᠪᠠᠢᠨ᠎ᠠ ᠪᠠᠢᠨ᠎ᠠ᠃ ᠮᠣᠩᠭᠣᠯ ᠬᠡᠯᠡ ᠪᠢᠴᠢᠭ ᠨᠢ ᠣᠳᠣ ᠶ᠋ᠢᠨ ᠮᠣᠩᠭᠣᠯᠴᠤᠳ ᠢ᠋ ᠮᠥᠬᠥᠯ ᠡᠴᠡ ᠬᠠᠮᠠᠭᠠᠯᠠᠬᠤ ᠥᠨᠥᠴᠢᠨ ᠡᠷᠳᠡᠨᠢ ᠪᠣᠯᠤᠭᠠᠳ ᠪᠠᠢᠨ᠎ᠠ᠃ ᠭᠡᠪᠡᠴᠦ ᠣᠳᠣ ᠶ᠋ᠢᠨ ᠮᠣᠩᠭᠣᠯ ᠠᠮᠠᠨ ᠶᠠᠷᠢᠶᠠᠨ ᠤ᠋ ᠬᠡᠯᠡ ᠮᠠᠰᠢ ᠶᠡᠬᠡ ᠪᠡᠷ ᠬᠣᠯᠢᠮᠠᠭᠵᠢᠵᠤ ᠪᠠᠢᠨ᠎ᠠ᠂ ᠡᠨᠡ ᠡᠷᠳᠡᠨᠢ ᠶ᠋ᠢ ᠥᠭᠡᠢᠬᠢᠵᠦ ᠪᠠᠢᠨ᠎ᠠ᠂ ᠮᠥᠬᠥᠵᠦ ᠰᠥᠨᠥᠬᠦ ᠶ᠋ᠢᠨ ᠠᠶᠤᠯ ᠲᠦᠭᠰᠢᠭᠦᠷᠢ ᠪᠢᠳᠡᠨ ᠦ᠌ ᠳᠡᠷᠭᠡᠳᠡ ᠢᠷᠡᠭᠡᠳ ᠠᠪᠰᠠ ᠪᠡᠯᠡᠳᠬᠡᠭᠡᠳ ᠡᠳᠦᠷ ᠲᠤᠲᠤᠮ ᠤ᠋ᠨ ᠠᠮᠢᠳᠤᠷᠠᠯ ᠲᠡᠮᠡᠴᠡᠯ ᠦ᠋ᠨ ᠳᠤᠮᠳᠠ ᠮᠣᠩᠭᠣᠯ ᠪᠢᠴᠢᠭ ᠢ᠋ᠶ᠋ᠡᠨ ᠬᠢᠷᠢ ᠵᠡᠷᠭᠡ ᠬᠡᠷᠡᠭᠯᠡᠬᠦ ᠨᠢ ᠦᠨᠳᠦᠰᠦᠲᠡᠨ ᠦ᠌ ᠮᠠᠨᠢ ᠮᠥᠬᠥᠵᠦ ᠰᠥᠨᠥᠬᠦ ᠲᠡᠢ ᠬᠣᠯᠪᠣᠭᠳᠠᠬᠤ ᠶᠡᠬᠡ ᠶᠠᠪᠤᠳᠠᠯ ᠪᠠᠢᠭ᠎ᠠ ᠶᠤᠮ᠃ ᠮᠣᠩᠭᠣᠯ ᠢ᠋ᠶ᠋ᠠᠷ ᠶᠠᠷᠢᠵᠤ᠂ ᠪᠢᠴᠢᠵᠦ᠂ ᠢᠨᠢᠶᠡᠵᠦ᠂ ᠤᠬᠢᠯᠠᠵᠤ᠂ ᠬᠠᠷᠢᠶᠠᠵᠤ᠂ ᠠᠵᠢᠯᠯᠠᠵᠤ᠂ ᠠᠮᠢᠳᠤᠷᠠᠵᠤ ᠯᠠ ᠪᠠᠢᠪᠠᠯ ᠮᠣᠩᠭᠣᠯ ᠬᠡᠵᠢᠶ᠎ᠡ ᠴᠦ᠍ ᠤᠰᠠᠳᠬᠤ ᠦᠭᠡᠢ ᠶᠦ᠍ᠮ᠃

        ᠬᠢᠨᠠᠭᠴᠢ ᠪᠠᠭᠰᠢ᠄ ᠵᠢᠨ ᠬᠠᠢ
        ᠠᠮᠢᠯᠠᠭᠤᠯᠤᠭᠴᠢ᠄ ᠣᠶᠤᠨᠭᠡᠷᠡᠯ
        ᠠᠷᠪᠠᠨ ᠳᠣᠯᠣᠲᠤᠭᠠᠷ ᠵᠥᠪ ᠪᠢᠴᠢᠯᠭᠡ ᠶ᠋ᠢᠨ ᠬᠣᠯᠪᠣᠬ᠋᠎ᠠ᠃