ᠳᠠᠪᠠᠯ ᠲᠠᠢ ᠮᠣᠩᠭᠣᠯ2023 ᠨᠠᠭᠠᠳᠤᠮ- ᠥᠪᠥᠷ ᠮᠣᠩᠭᠣᠯᠴᠤᠳДээлтэй монгол 2023 наадам-өвөр монголчууд
ᠳᠠᠪᠠᠯ ᠲᠠᠢ ᠮᠣᠩᠭᠣᠯ2023 ᠨᠠᠭᠠᠳᠤᠮ- ᠠᠯᠠᠱᠠ ᠠᠢᠮᠠᠭ
ᠳᠠᠪᠠᠯ ᠲᠠᠢ ᠮᠣᠩᠭᠣᠯ2023 ᠨᠠᠭᠠᠳᠤᠮ- ᠬᠥᠯᠥᠨ ᠪᠦᠷ ᠠᠢᠮᠠᠭ
ᠳᠠᠪᠠᠯ ᠲᠠᠢ ᠮᠣᠩᠭᠣᠯ2023 ᠨᠠᠭᠠᠳᠤᠮ- ᠪᠠᠶᠠᠨᠨᠠᠭᠤᠷ ᠠᠢᠮᠠᠭ
ᠰᠤᠷᠪᠤᠯᠵᠢᠯᠠᠭᠴᠢ ᠵᠣᠴᠢᠳ ᠨᠠᠷ ᠤ᠋ᠨ ᠶᠠᠷᠢᠯᠴᠠᠭᠠᠨ ᠤ᠋ ᠲᠡᠮᠳᠡᠭᠯᠡᠯ
ᠠ᠄ ᠰᠠᠢᠨ ᠪᠠᠢᠵᠠᠭᠠᠨ᠎ᠠ ᠤᠤ? ᠦᠵᠡᠭᠴᠢᠳ ᠠ᠋! ᠲᠠ ᠪᠦᠬᠦᠨ ᠰᠠᠢᠬᠠᠨ ᠨᠠᠭᠠᠳᠴᠤ ᠪᠠᠢᠨ᠎ᠠ ᠤᠤ? ᠡᠨᠡ ᠴᠠᠭ ᠤ᠋ᠨ ᠰᠤᠷᠪᠤᠯᠵᠢᠯᠠᠭ᠎ᠠ ᠪᠣᠯ ᠨᠠᠭᠠᠳᠤᠮ ᠤ᠋ᠨ ᠨᠠᠢᠷ ᠲᠤ᠌ ᠬᠦᠷᠲᠡᠯ᠎ᠡ᠂ ᠨᠡᠭᠡᠭᠡᠯᠲᠡ ᠡᠴᠡ ᠭᠠᠳᠠᠨ᠎ᠠ ᠪᠠᠰᠠ᠂ ᠡᠨᠡ ᠬᠤᠭᠤᠴᠠᠭ᠎ᠠ ᠪᠢ ᠲᠠ ᠪᠦᠬᠦᠨ ᠦ᠌ ᠲᠥᠪ ᠴᠡᠩᠭᠡᠯᠡᠲᠤᠬᠦ ᠣᠷᠣᠨ ᠳ᠋ᠤ᠌ ᠢᠷᠡᠨ᠂ ᠡᠷᠭᠢᠨ ᠲᠣᠭᠣᠷᠢᠨ ᠠ᠋ᠴᠠ᠂ ᠠ! ᠮᠡᠳᠡᠭᠡᠯᠡᠯ ᠢ᠋ ᠲᠠ ᠪᠦᠬᠦᠨ ᠳ᠋ᠦ᠍ ᠪᠡᠨ ᠡᠷᠭᠦᠬᠦ ᠪᠣᠯᠤᠨ᠎ᠠ᠃ ᠵᠠ! ᠶᠠᠭ ᠣᠳᠣ ᠪᠢᠳᠡ ᠥᠪᠥᠷ ᠮᠣᠩᠭᠣᠯ ᠠ᠋ᠴᠠ ᠢᠷᠡᠭᠰᠡᠨ ᠨᠠᠭᠠᠳᠤᠮᠴᠢᠨ ᠣᠯᠠᠨ ᠤ᠋ ᠰᠡᠳᠬᠢᠭᠳᠡᠯ ᠢ᠋ ᠲᠠ ᠪᠦᠬᠦᠨ ᠳ᠋ᠦ᠍ ᠪᠡᠨ ᠬᠦᠷᠭᠡᠬᠦ ᠭᠡᠵᠦ ᠪᠠᠢᠨ᠎ᠠ᠃
ᠠ᠄ ᠵᠠ! ᠰᠠᠢᠬᠠᠨ ᠨᠠᠭᠠᠳᠴᠤ ᠪᠠᠢᠨ᠎ᠠ ᠤᠤ?
ᠠ᠋᠄ ᠰᠠᠢᠬᠠᠨ ᠨᠠᠭᠠᠳᠴᠤ ᠪᠠᠢᠨ᠎ᠠ ᠠ᠋! ᠰᠠᠢᠨ ᠪᠠᠢᠵᠠᠭᠠᠨ᠎ᠠ ᠤᠤ? ᠰᠠᠢᠬᠠᠨ ᠵᠤᠰᠠᠵᠤ ᠪᠠᠢᠨ᠎ᠠ ᠤᠤ?
ᠠ ᠄ ᠵᠠ! ᠲᠠ ᠥᠪᠡᠷ ᠢ᠋ ᠪᠡᠨ ᠲᠠᠨᠢᠯᠴᠠᠭᠤᠯᠤᠭᠠᠷᠠᠢ! ᠠ᠋᠄ ᠮᠢᠨᠦ ᠨᠡᠷ᠎ᠡ ᠲᠣᠭᠲᠠᠬᠤ ᠭᠡᠳᠡᠭ
ᠢ᠄ ᠮᠢᠨᠦ ᠨᠡᠷ᠎ᠡ ᠲᠣᠭᠲᠠᠬᠤ ᠭᠡᠳᠡᠭ ᠶᠦᠮ ᠠ᠋! ᠮᠠᠨᠤᠰ ᠥᠪᠥᠷ ᠮᠣᠩᠭᠣᠯ ᠤ᠋ᠨ ᠪᠠᠶᠠᠨᠨᠠᠭᠤᠷ ᠠᠢᠮᠠᠭ ᠤ᠋ᠨ
ᠠ ᠄ ᠬᠠᠮᠤᠭ ᠤ᠋ᠨ ᠰᠡᠭᠦᠯ ᠳ᠋ᠦ᠍ ᠮᠣᠩᠭᠣᠯ ᠳ᠋ᠤ᠌ ᠢᠷᠡᠵᠦ ᠬᠡᠵᠢᠶ᠎ᠡ ᠨᠠᠭᠠᠳᠤᠮ ᠦᠵᠡᠭᠰᠡᠨ ᠪᠣᠢ?
ᠠ᠋᠄ ᠮᠥᠨ ᠡᠨᠡ ᠤᠳᠠᠭ᠎ᠠ ᠨᠢᠭᠡᠳᠦᠭᠡᠷ ᠤᠳᠠᠭ᠎ᠠ᠂
ᠢ᠄ ᠡᠨᠡ ᠤᠳᠠᠭ᠎ᠠ ᠡᠨᠡ ᠤᠳᠠᠭ᠎ᠠ
ᠠ᠄ ᠠᠩᠬ᠎ᠠ ᠤᠳᠠᠭ᠎ᠠ ᠢᠷᠡᠵᠦ ᠪᠠᠢᠨ᠎ᠠ ᠤᠤ?
ᠢ᠄ ᠤᠤᠬᠠᠢ! ᠡᠨᠡ ᠤᠳᠠᠭ᠎ᠠ ᠠᠩᠬ᠎ᠠ ᠤᠳᠠᠭ᠎ᠠ ᠢᠷᠡᠵᠦ ᠪᠠᠢᠨ᠎ᠠ᠃
ᠠ᠄ ᠵᠠ! ᠰᠡᠳᠬᠢᠭᠳᠡᠯ ᠶᠠᠮᠠᠷ ᠪᠣᠢ?
ᠢ᠄ ᠰᠡᠳᠬᠢᠯ ᠶᠡᠬᠡ ᠥᠨᠳᠥᠷ ᠪᠠᠢᠨ᠎ᠠ᠂
ᠠ᠄ ᠠ!
ᠢ᠄ ᠪᠠᠶᠠᠷᠯᠠᠵᠤ ᠪᠠᠢᠨ᠎ᠠ᠃
ᠠ᠄ ᠶᠠᠭᠤ ᠶ᠋ᠢ ᠢᠯᠡᠭᠦᠦ ᠲᠡᠢ ᠴᠢᠬᠤᠯᠠᠴᠢᠯᠠᠵᠤ ᠦᠵᠡᠶ᠎ᠡ ᠭᠡᠵᠦ ᠪᠣᠳᠣᠵᠤ ᠪᠠᠢᠨ᠎ᠠ᠂ ᠶᠠᠭᠤ ᠶ᠋ᠢ ᠢᠯᠡᠭᠦᠦ ᠲᠡᠢ ᠲᠠᠨ ᠤ᠋ ᠠᠩᠬᠠᠷᠤᠯ ᠢ᠋ ᠲᠠᠲᠠᠵᠤ ᠪᠠᠢᠨ᠎ᠠ ᠶᠡᠷᠦ ᠨᠢ!
ᠢ᠄ ᠸᠠ! ᠠᠯᠢ ᠨᠢ ᠴᠦ᠍ ᠰᠠᠢᠬᠠᠨ ᠨᠠᠭᠠᠳᠤᠮ ᠲᠣᠭᠯᠠᠭᠠᠮ ᠪᠣᠯ ᠠᠮᠵᠢᠯᠲᠠ ᠲᠠᠢ ᠰᠠᠢᠬᠠᠨ ᠪᠠᠢᠨ᠎ᠠ᠂ ᠪᠠᠶᠠᠷᠯᠠᠵᠤ ᠪᠠᠢᠨ᠎ᠠ᠃
ᠠ᠄ ᠡᠮᠦᠨ᠎ᠡ ᠬᠡᠳᠦᠨ ᠵᠢᠯ ᠦ᠋ᠳ ᠲᠦ᠍ ᠨᠠᠭᠠᠳᠤᠮ ᠤ᠋ᠳ ᠢ᠋ᠶ᠋ᠠᠨ ᠶᠠᠭᠠᠬᠢᠵᠤ ᠦᠵᠡᠳᠡᠭ ᠪᠣᠢ? ᠵᠢᠷᠤᠭᠲᠤ ᠪᠠᠷ ᠦᠵᠡᠳᠡᠭ ᠪᠠᠢᠪᠠ ᠤᠤ? ᠴᠣᠭᠣᠰᠢᠯ ᠢ᠋ᠶ᠋ᠠᠷ ᠦᠵᠡᠳᠡᠭ ᠦᠦ!ᠢ᠄ ᠵᠢᠷᠤᠭᠲᠤ ᠪᠠᠷ ᠦᠵᠡᠳᠡᠭ ᠪᠠᠢᠭᠰᠠᠨ᠃᠂ ᠠ᠄ ᠵᠠ! ᠥᠪᠡᠷ ᠦ᠋ᠨ ᠪᠡᠶ᠎ᠡ ᠪᠡᠷ ᠢ᠋ᠶ᠋ᠡᠷ ᠢᠷᠡᠵᠦ ᠦᠵᠡᠨ᠎ᠡ ᠭᠡᠳ ᠬᠦᠯᠢᠶᠡᠵᠦ ᠶᠠᠳᠠᠪᠠ ᠤᠤ? ᠶᠡᠷᠦ ᠨᠢ! ᠢ᠄ ᠠ! ᠵᠠ! ᠬᠣᠶᠠᠷ ᠭᠤᠷᠪᠠᠨ ᠵᠢᠯ ᠬᠦᠯᠢᠶᠡᠵᠡᠢ᠃ ᠲᠡᠭᠡᠭᠡᠳ ᠥᠨᠥ ᠵᠢᠯ ᠢᠷᠡᠵᠦ ᠦᠵᠡᠯ᠎ᠡ᠃
ᠠ᠄ ᠶᠡᠷᠦ ᠨᠢ ᠴᠡᠩᠭᠡᠯᠳᠦᠬᠦ ᠬᠠᠪᠢ ᠪᠠᠷ ᠪᠠᠢᠬᠤ ᠤᠤ? ᠬᠦᠢ ᠲᠣᠯᠣᠭᠠᠢ ᠬᠤᠳᠳᠤᠭ ᠤᠷᠤᠭᠤ ᠶᠠᠪᠤᠬᠤ ᠤᠤ? ᠮᠣᠷᠢᠨ ᠤ᠋ ᠤᠷᠤᠯᠳᠤᠭᠠᠨ ᠤᠷᠤᠭᠤ ᠶᠠᠪᠤᠬᠤ ᠤᠤ?
ᠢ ᠄ ᠮᠣᠷᠢᠨ ᠤ᠋ ᠤᠷᠤᠯᠳᠤᠭᠠᠨ ᠳ᠋ᠤ᠌ ᠪᠠᠰᠠ ᠶᠠᠪᠤᠶ᠎ᠠ ᠭᠡᠵᠦ ᠪᠣᠳᠣᠵᠤ ᠯᠠ ᠪᠠᠢᠨ᠎ᠠ ᠠᠮᠵᠢᠬᠤ ᠶᠤᠮ ᠤᠤ ᠦᠭᠡᠢ ᠶᠦᠮ ᠦᠦ! ᠠ᠄ ᠵᠠ! ᠴᠡᠩᠭᠡᠯᠳᠦᠬᠦ ᠳ᠋ᠦ᠍ ᠬᠡᠳᠦᠨ ᠴᠠᠭ ᠲᠤ᠌ ᠢᠷᠡᠪᠡ ᠤᠤ? ᠡᠭᠦᠨ ᠢ᠋ᠶ᠋ᠡᠷ!ᠠ᠋᠄ ᠡᠨᠡ ᠥᠷᠯᠥᠭᠡ ᠶᠢᠨ ᠳᠣᠯᠣᠭ᠎ᠠ ᠨᠠᠢ᠍ᠮᠠᠨ ᠴᠠᠭ ᠬᠠᠭᠠᠰ ᠲᠤ᠌
ᠢ᠄ ᠦ! ᠨᠠᠢ᠍ᠮᠠᠨ ᠴᠠᠭ ᠬᠠᠭᠠᠰ ᠲᠤ᠌ ᠢᠷᠡᠭᠰᠡᠨ ᠥᠷᠯᠥᠭᠡ
ᠠ᠄ ᠵᠠ! ᠵᠠ! ᠲᠠᠨ ᠤ᠋ ᠲᠤᠬᠠᠢ ᠳ᠋ᠤ᠌
ᠠ᠋᠄ ᠵᠠ ᠰᠠᠢᠨ ᠪᠠᠢᠨ᠎ᠠ ᠤᠤ? ᠪᠢ《ᠥᠪᠥᠷ ᠮᠣᠩᠭᠣᠯ ᠨᠤᠲᠤᠭ ᠲᠠᠢ ᠪᠠᠶᠠᠨᠨᠠᠭᠤᠷ ᠠᠢᠮᠠᠭ ᠤ᠋ᠨ》ᠮᠢᠨᠦ ᠨᠡᠷ᠎ᠡ ᠠᠯᠳᠠᠷ ᠮᠥᠩᠭᠦᠨᠴᠢᠮᠡᠭ ᠭᠡᠳᠡᠭ᠂ ᠪᠢ ᠪᠣᠯ ᠵᠥᠩᠳᠡᠭᠡᠨ ᠨᠢᠭᠡ ᠮᠣᠩᠭᠣᠯ ᠣᠷᠣᠨ ᠢ᠋ᠶ᠋ᠠᠷ ᠢ᠋ᠶ᠋ᠠᠨ ᠠᠶᠠᠯᠠᠭᠠᠳ ᠵᠢᠭᠤᠯᠴᠢᠨ ᠪᠣᠯᠤᠭᠠᠳ᠂ ᠥᠪᠥᠷ ᠮᠣᠩᠭᠣᠯᠴᠤᠳ ᠢ᠋ᠶ᠋ᠠᠨ ᠠᠪᠤᠭᠠᠳ ᠶᠠᠪᠤᠳᠠᠭ ᠶᠤᠮ᠃ ᠡᠨᠡ ᠤᠯᠤᠰ ᠤ᠋ᠨ ᠨᠠᠭᠠᠳᠤᠮ ᠢ᠋ ᠪᠣᠯ ᠬᠣᠶᠠᠳᠤᠭᠠᠷ ᠤᠳᠠᠭ᠎ᠠ ᠦᠵᠡᠵᠦ ᠪᠠᠢᠭ᠎ᠠ᠂ ᠠᠷᠪᠠᠨ ᠨᠠᠢ᠍ᠮᠠᠨ ᠣᠨ ᠳ᠋ᠤ᠌ ᠨᠢᠭᠡ ᠦᠵᠡᠭᠰᠡᠨ᠃ ᠲᠡᠭᠡᠭᠡᠳ ᠪᠣᠯ ᠰᠡᠳᠬᠢᠯ ᠳᠣᠭᠳᠣᠯᠤᠭᠠᠳ ᠪᠠᠶᠠᠷᠯᠠᠭᠠᠳ ᠮᠣᠩᠭᠣᠯ ᠣᠷᠣᠨ ᠮᠢᠨᠢ ᠦᠨᠡᠨ ᠭᠣᠶᠣ ᠰᠠᠢᠬᠠᠨ᠃ ᠵᠢᠭᠲᠡᠢᠬᠡᠨ ᠤᠶᠠᠷᠠᠭᠰᠠᠨ! ᠮᠢᠨᠦ ᠳᠠᠭᠠᠭᠤᠯᠤᠭᠰᠠᠨ ᠤᠯᠤᠰ ᠤ᠋ᠳ ᠴᠤ᠌ ᠭᠡᠰᠡᠨ ᠴᠢᠨᠢ ᠪᠦᠷ ᠤᠬᠢᠯᠠᠭᠠᠳ ᠰᠡᠳᠬᠢᠯ ᠳᠣᠭᠳᠣᠯᠤᠭᠠᠳ ᠪᠦᠭᠦᠳᠡᠭᠡᠷ ᠢ᠋ᠶ᠋ᠡᠷ ᠳᠣᠭᠳᠣᠯᠤᠭᠰᠠᠨ ᠪᠠᠢᠬᠤ ᠦᠭᠡᠢ ᠦᠦ!ᠲᠡᠭᠡᠭᠡᠳ ᠪᠢ ᠡᠨᠡ ᠤᠳᠠᠭ᠎ᠠ ᠨᠠᠢᠵᠠ ᠨᠤᠭᠤᠳ ᠢ᠋ᠶ᠋ᠠᠨ ᠵᠠᠪᠠᠯ ᠠᠪᠴᠢᠷᠠᠵᠤ ᠦᠵᠡᠭᠦᠯᠦᠨ᠎ᠡ ᠭᠡᠳ ᠫᠢᠯᠸᠲ ᠣᠯᠤᠭᠠᠳ ᠴᠢᠷᠮᠠᠢᠭᠠᠳ! ᠲᠡᠭᠡᠭᠡᠳ ᠦᠵᠡᠵᠦ ᠪᠠᠢᠭ᠎ᠠ᠃ ᠫᠢᠯᠸᠲ ᠣᠯᠳᠠᠬᠤ ᠦᠭᠡᠢ ᠮᠠᠨᠤᠰ ᠲᠤ᠌!
ᠠ᠄ ᠲᠡᠭᠡᠭᠡᠳ ᠶᠠᠭᠠᠬᠢᠵᠤ ᠣᠯᠪᠠ ᠤᠤ?
ᠠ᠋᠄ ᠨᠠᠢᠵᠠ ᠪᠠᠷ ᠢ᠋ᠶ᠋ᠠᠨ᠄ ᠡᠭᠦᠨ ᠡᠴᠡ ᠨᠢ ᠨᠢᠭᠡ ᠬᠣᠶᠠᠷ᠂ ᠲᠡᠭᠦᠨ ᠡᠴᠡ ᠨᠢ ᠬᠡᠳᠦ ᠲᠡᠭᠡᠭᠡᠳ ᠨᠠᠢᠵᠠ ᠪᠠᠨ ᠭᠤᠶᠤᠵᠠᠢ᠃ ᠮᠠᠨᠤᠰ ᠪᠦᠷ ᠮᠣᠩᠭᠣᠯ ᠣᠷᠣᠨ ᠳ᠋ᠤ᠌ ᠪᠠᠨ ᠬᠠᠢᠷᠠᠲᠠᠢ᠃ ᠪᠢ ᠪᠣᠯ ᠡᠨᠳᠡ ᠣᠳᠣ ᠲᠠᠪᠤ ᠵᠢᠷᠭᠤᠭ᠎ᠠ ᠤᠳᠠᠭ᠎ᠠ ᠢᠷᠡᠵᠦ ᠪᠠᠢᠨ᠎ᠠ᠃ ᠮᠣᠩᠭᠣᠯ ᠣᠷᠣᠨ ᠳ᠋ᠤ᠌ ᠪᠠᠨ᠂ ᠬᠥᠳᠡᠭᠡ ᠪᠡᠷ ᠢ᠋ᠶ᠋ᠡᠷ ᠠᠶᠠᠯᠠᠳᠠᠭ᠂ ᠰᠠᠢᠬᠠᠨ ᠶᠠᠪᠤᠳᠠᠭ᠃ ᠦᠨᠡᠨ ᠭᠣᠶᠣ ᠲᠡᠭᠡᠭᠡᠳ ᠰᠡᠳᠬᠢᠯ ᠮᠢᠨᠢ ᠮᠠᠰᠢ ᠥᠨᠳᠥᠷ ᠪᠠᠢᠭ᠎ᠠ᠃ ᠵᠠ! ᠲᠡᠭᠡᠭᠡᠳ ᠰᠡᠳᠬᠢᠯ ᠳᠣᠭᠳᠣᠯᠤᠭᠠᠳ ᠪᠠᠶᠠᠷᠯᠠᠴᠢᠬᠠᠯᠠ! ᠪᠠᠶᠠᠷ ᠤ᠋ᠨ ᠨᠢᠯᠪᠤᠰᠤ ᠪᠠᠢᠭ᠎ᠠ᠃
ᠠ᠄ ᠠ! ᠬᠠ᠁ ᠠ᠋! ᠲᠡᠭᠡᠭᠡᠳ ᠡᠨᠡ ᠤᠳᠠᠭ᠎ᠠ ᠢᠷᠡᠭᠰᠡᠨ ᠶᠦᠮ᠃ ᠪᠢᠳᠡ ᠠᠷᠪᠠᠭᠤᠯᠠ ᠪᠠᠨ ᠢᠷᠡᠭᠰᠡᠨ᠃
ᠠ᠄ ᠠ! ᠵᠠ!
ᠠ᠋᠄ ᠲᠡᠭᠡᠭᠡᠳ ᠣᠳᠣ ᠨᠠᠭᠠᠳᠤᠮ ᠦᠵᠡᠨ᠎ᠡ ᠭᠡᠳ ᠮᠠᠨ ᠤ᠋ ᠤᠯᠤᠰ ᠤ᠋ᠳ ᠴᠤ᠌ ᠪᠠᠶᠠᠷᠯᠠᠭᠠᠳ ᠨᠠᠭᠠᠳᠤᠮ ᠤ᠋ᠨ ᠫᠢᠯᠸᠲ ᠣᠯᠤᠭ᠎ᠠ ᠦᠭᠡᠢ ᠬᠥᠮᠦᠰ ᠴᠦ᠍ ᠪᠠᠢᠭ᠎ᠠ᠂ ᠮᠠᠨ ᠤ᠋ ᠥᠪᠥᠷ ᠮᠣᠩᠭᠣᠯᠴᠤᠳ
ᠠ᠄ ᠠ! ᠵᠠ!
ᠠ᠋᠄ ᠵᠥᠩᠳᠡᠭᠡᠨ ᠣᠯᠤᠭ᠎ᠠ ᠦᠭᠡᠢ᠂ ᠨᠠᠭᠠᠳᠤᠮ ᠦᠵᠡᠶ᠎ᠡ ᠭᠡᠳ ᠣᠯᠵᠤ ᠴᠢᠳᠠᠭ᠎ᠠ ᠦᠭᠡᠢ ᠤᠯᠤᠰ ᠤ᠋ᠳ ᠭᠠᠳᠠᠭᠤᠷ ᠠᠷᠪᠢᠨ ᠪᠠᠢᠭ᠎ᠠ᠃ ᠲᠡᠭᠡᠭᠡᠳ ᠪᠢᠳᠡ ᠬᠡᠳᠦᠭᠦᠯᠡ ᠴᠦ᠍ ᠶᠠᠭᠠᠬᠢᠭᠰᠠᠨ ᠴᠤ᠌ ᠣᠯᠤᠭᠰᠠᠨ᠃ ᠲᠡᠭᠡᠭᠡᠳ ᠣᠳᠣ ᠡᠨᠡ ᠨᠠᠭᠠᠳᠤᠮ ᠳ᠋ᠤ᠌ ᠪᠠᠨ ᠣᠷᠣᠶ᠎ᠠ ᠭᠡᠳ ᠪᠠᠢᠨ᠎ᠠ᠃ ᠪᠠᠶᠠᠷᠯᠠᠯ᠎ᠠ! ᠡᠨᠡ ᠰᠠᠢᠬᠠᠨ ᠮᠣᠩᠭᠣᠯ ᠣᠷᠣᠨ ᠳ᠋ᠤ᠌ ᠪᠠᠨ ᠢᠷᠡᠭᠰᠡᠨ ᠪᠠᠢᠨ᠎ᠠ᠃ ᠮᠣᠩᠭᠣᠯᠴᠤᠳ ᠮᠢᠨᠢ ᠰᠡᠳᠬᠢᠯ ᠵᠥᠩᠳᠡᠭᠡᠨ ᠥᠨᠳᠥᠷ ᠪᠠᠢᠨ᠎ᠠ᠂
ᠠ᠄ ᠠ᠋! ᠡᠩ᠁
ᠠ᠋᠄ ᠪᠠᠶᠠᠷᠯᠠᠯ᠎ᠠ! ᠲᠡᠭᠡᠭᠡᠳ!
ᠠ᠄ ᠨᠠᠭᠠᠳᠤᠮ ᠤ᠋ᠨ ᠡᠷ᠎ᠡ ᠶ᠋ᠢᠨ ᠭᠤᠷᠪᠠᠨ ᠨᠠᠭᠠᠳᠤᠮ ᠰᠤᠷ ᠱᠠᠭ᠎ᠠ ᠭᠡᠳ ᠮᠣᠷᠢ ᠪᠥᠬᠡ ᠭᠡᠳ ᠠᠯᠢ ᠶ᠋ᠢ ᠨᠢ ᠴᠦ᠍ ᠢᠯᠡᠭᠦᠦ ᠲᠡᠢ ᠣᠳᠣ ᠴᠢᠬᠤᠯᠠᠴᠢᠯᠠᠵᠤ ᠢᠷᠡᠪᠡ ᠤᠤ᠃
ᠠ᠋᠄ ᠮᠠᠨᠤᠰ ᠣᠳᠣ ᠢᠩᠭᠢᠭᠡᠳ ᠯᠡ ᠨᠡᠭᠡᠭᠡᠯᠲᠡ ᠶ᠋ᠢ ᠨᠢ ᠦᠵᠡᠴᠢᠬᠡᠪᠡᠯ᠄ ᠲᠡᠭᠡᠭᠡᠳ ᠯᠡ ᠣᠳᠣ ᠴᠠᠭ ᠤ᠋ᠨ ᠬᠠᠷᠠᠭ᠎ᠠ ᠠ᠋ᠴᠠ ᠪᠣᠯᠤᠭᠠᠳ ᠯᠠ ᠶᠠᠪᠤᠴᠢᠬᠠᠳᠠᠭ ᠳᠠ! ᠠ᠄ ᠠ! ᠬᠠ!
ᠠ᠋᠄ ᠲᠡᠭᠡᠭᠡᠳ ᠥᠨᠥᠳᠥᠷ ᠢᠷᠡᠭᠰᠡᠨ ᠤᠯᠤᠰ ᠤ᠋ᠳ ᠮᠠᠨᠢ ᠵᠢᠭᠠᠬᠠᠨ ᠪᠥᠬᠡ ᠦᠵᠡᠶ᠎ᠡ ᠭᠡᠳ ᠣᠳᠣ ᠪᠥᠬᠡ ᠡᠬᠢᠯᠡᠪᠡᠯ ᠡᠷ᠎ᠡ ᠶ᠋ᠢᠨ ᠭᠤᠷᠪᠠᠨ ᠨᠠᠭᠠᠳᠤᠮ ᠤ᠋ᠨ ᠠᠯᠢᠨ ᠳ᠋ᠤ᠌ ᠨᠢ ᠴᠦ᠍ ᠪᠠᠬᠠᠷᠬᠠᠯ ᠲᠠᠢ ᠮᠠᠨ ᠤ᠋ ᠤᠯᠤᠰ ᠤ᠋ᠳ᠃ ᠠ᠄ ᠠ᠋! ᠡᠩ᠁
ᠠ᠋᠄ ᠵᠠᠮ ᠳ᠋ᠤ᠌ ᠪᠠᠨ ᠢᠩᠭᠢᠭᠡᠳ ᠠᠶᠠᠯᠠᠭᠠᠳ ᠶᠠᠪᠤᠭᠠᠳ ᠮᠣᠷᠢᠨ ᠤ᠋ ᠤᠷᠤᠯᠳᠤᠭᠠᠨ ᠳ᠋ᠤ᠌ ᠪᠥᠬᠡ ᠦᠵᠡᠭᠡᠳ ᠵᠥᠩᠳᠡᠭᠡᠨ ᠦᠵᠡᠭᠡᠳ ᠶᠠᠪᠤᠳᠠᠭ᠃
ᠠ᠄ ᠠ᠋! ᠬᠡᠩ᠁
ᠠ᠋᠄ ᠲᠡᠢᠮᠦ ᠶᠦᠮ᠂ ᠲᠡᠭᠡᠬᠦᠯᠡᠷ ᠮᠠᠨᠤᠰ ᠮᠠᠨ ᠤ᠋ ᠮᠣᠩᠭᠣᠯᠴᠤᠳ ᠴᠤ᠌ ᠭᠡᠰᠡᠨ ᠠᠪ ᠠᠳᠠᠯᠢᠬᠠᠨ᠂ ᠣᠳᠣ ᠮᠣᠩᠭᠣᠯ ᠣᠷᠣᠨ ᠳ᠋ᠤ᠌ ᠪᠠᠨ ᠣᠷᠣᠶ᠎ᠠ ᠯᠠ ᠭᠡᠳ ᠬᠥᠭᠰᠢᠨ ᠨᠠᠰᠤᠲᠠᠢ ᠤᠯᠤᠰ ᠤ᠋ᠳ ᠵᠠ!
ᠳᠠᠯ᠎ᠠ ᠭᠠᠷᠤᠭᠰᠠᠨ ᠤᠯᠤᠰ ᠤ᠋ᠳ ᠪᠣᠢ! ᠨᠠᠶᠠ ᠭᠠᠷᠤᠭᠰᠠᠨ ᠤᠯᠤᠰ ᠤ᠋ᠳ ᠪᠣᠢ! ᠪᠦᠷ ᠯᠡ ᠢᠷᠡᠳᠡᠭ ᠮᠣᠩᠭᠣᠯ ᠣᠷᠣᠨ ᠳ᠋ᠤ᠌ ᠪᠠᠨ ᠯᠠ ᠶᠠᠪᠤᠵᠤ ᠦᠵᠡᠨ᠎ᠡ ᠭᠡᠳ᠂ ᠠ᠄ ᠠ᠋! ᠬᠡᠩ᠁
ᠠ᠋᠄ ᠲᠡᠭᠡᠭᠡᠳ ᠵᠥᠩᠳᠡᠭᠡᠨ ᠪᠢ ᠳᠠᠭᠠᠭᠤᠯᠳᠠᠭ ᠪᠠᠢᠬᠤ ᠦᠭᠡᠢ ᠦᠦ!
ᠠ᠄ ᠵᠠ!ᠲᠡᠢᠮᠦ ᠶᠦᠮ ᠦᠦ?᠂ ᠲᠡᠭᠡᠭᠡᠳ
ᠠ᠄ ᠠᠷᠪᠠᠨ ᠨᠠᠢ᠍ᠮᠠᠨ ᠣᠨ ᠳ᠋ᠤ᠌ ᠬᠡᠳᠦᠭᠦᠯᠡ ᠪᠡᠨ
ᠢᠷᠡᠭᠰᠡᠨ ᠶᠦᠮ?
ᠠ᠋᠄ ᠠᠷᠪᠠᠨ ᠨᠠᠢ᠍ᠮᠠᠨ ᠣᠨ ᠳ᠋ᠤ᠌ ᠠᠷᠪᠠᠨ ᠭᠤᠷᠪᠠᠨ ᠬᠥᠮᠦᠨ ᠢᠷᠡᠵᠡᠢ᠃ ᠠᠷᠪᠠ᠂ ᠠ! ᠠᠷᠪᠠᠨ ᠳᠣᠯᠣᠭᠠᠨ ᠣᠨ ᠳ᠋ᠤ᠌ ᠠᠷᠪᠠᠨ ᠭᠤᠷᠪᠠᠨ ᠬᠥᠮᠦᠨ ᠢᠷᠡᠭᠰᠡᠨ᠂ ᠠᠷᠪᠠᠨ ᠨᠠᠢ᠍ᠮᠠᠨ ᠣᠨ ᠤ᠋ ᠬᠣᠷᠢᠨ ᠬᠣᠶᠠᠷ ᠬᠥᠮᠦᠨ ᠢᠷᠡᠭᠰᠡᠨ᠃
ᠠ᠄ ᠠ! ᠵᠥᠪ ᠵᠥᠪ᠂
ᠠ᠋᠄ ᠵᠠ! ᠡᠨᠡ ᠤᠳᠠᠭ᠎ᠠ ᠪᠣᠯ ᠠᠷᠪᠠᠨ ᠬᠥᠮᠦᠨ ᠢᠷᠡᠭᠰᠡᠨ᠃
ᠠ᠄ ᠠ᠋! ᠬᠡᠩ᠁
ᠠ᠋᠄ ᠲᠡᠢᠮᠦ ᠶᠦᠮ᠂ ᠣᠳᠣ ᠨᠠᠢ᠍ᠮᠠᠨ ᠰᠠᠷ᠎ᠠ ᠶ᠋ᠢᠨ ᠠᠷᠪᠠᠨ ᠭᠡᠳ ᠪᠠᠰᠠ ᠢᠷᠡᠨ᠎ᠡ᠂
ᠠ᠄ ᠠ! ᠳᠠ!
ᠠ᠋᠄ ᠲᠡᠭᠡᠬᠦᠯᠡᠷ ᠤᠯᠤᠰ ᠤ᠋ᠳ ᠪᠠᠰᠠ᠂ ᠬᠥᠮᠦᠰ ᠪᠠᠰᠠ ᠬᠡᠯᠡᠯᠴᠡᠭᠡᠳ ᠨᠠᠢ᠍ᠮᠠᠨ ᠰᠠᠷ᠎ᠠ ᠶ᠋ᠢᠨ ᠳᠣᠲᠣᠷ᠎ᠠ ᠨᠠᠭᠠᠳᠤᠮ ᠦᠵᠡᠵᠦ ᠳᠡᠢᠯᠬᠦ ᠶᠦᠮ ᠦᠦ ᠭᠡᠳ ᠨᠠᠳᠠ ᠠ᠋ᠴᠠ ᠠᠰᠠᠭᠤᠭᠠᠳ ᠯᠠ ᠪᠠᠢᠨ᠎ᠠ᠃ ᠪᠢ ᠲᠡᠭᠡᠭᠡᠳ ᠵᠥᠩᠳᠡᠭᠡᠨ ᠬᠥᠳᠡᠭᠡ ᠪᠡᠷ ᠪᠠᠢᠬᠤ᠂ 《ᠤᠯᠤᠰ ᠤ᠋ᠨ ᠨᠠᠭᠠᠳᠤᠮ》ᠪᠣᠯ ᠨᠢᠭᠡ ᠯᠡ ᠤᠳᠠᠭ᠎ᠠ ᠭᠡᠵᠦ ᠶᠠᠷᠢᠵᠤ ᠥᠭᠭᠦᠭᠰᠡᠨ᠃
ᠠ᠄ ᠫᠢᠯᠸᠲ ᠦ᠋ᠨ ᠦᠨ᠎ᠡ ᠯᠡ ᠶᠠᠭ ᠦᠨᠳᠦᠰᠦᠨ ᠦᠨ᠎ᠡ ᠨᠢ ᠳᠥᠴᠢᠨ ᠮᠢᠩᠭ᠎ᠠ ᠲᠠᠪᠢᠨ ᠮᠢᠩᠭ᠎ᠠ ᠭᠡᠳ ᠡᠨᠡ ᠦᠨ᠎ᠡ ᠪᠡᠷ ᠪᠠᠷᠢᠮᠲᠠᠯᠠᠵᠤ ᠪᠠᠢᠨ᠎ᠠ᠃ ᠲᠠ ᠬᠡᠳᠦᠨ ᠲᠥᠭᠥᠷᠢᠭ ᠢ᠋ᠶ᠋ᠡᠷ ᠣᠯᠵᠤ ᠠᠪᠤᠪᠠ᠃
ᠠ᠋᠄ ᠮᠠᠨᠤᠰ ᠲᠠᠪᠢᠨ ᠮᠢᠩᠭ᠎ᠠ ᠲᠠᠪᠤᠨ ᠵᠠᠭᠤ ᠪᠠᠷ ᠵᠢᠷᠭᠤᠭ᠎ᠠ ᠶ᠋ᠢ ᠣᠯᠵᠠᠢ᠃
ᠠ! ᠪᠠᠰᠠ ᠲᠡᠭᠡᠭᠡᠳ ᠨᠥᠭᠥᠭᠡ ᠨᠢᠭᠡ ᠶ᠋ᠢ ᠨᠢ ᠵᠠᠭᠤᠨ ᠲᠠᠪᠢᠨ ᠮᠢᠩᠭ᠎ᠠ ᠪᠠᠷ ᠳᠥᠷᠪᠡ ᠶ᠋ᠢ ᠣᠯᠵᠠᠢ᠃
ᠠ᠄ ᠡᠩ᠁ ᠲᠡᠢᠮᠦ ᠰᠢᠦ!
ᠠ᠋᠄ ᠲᠡᠢᠮᠦ ᠶᠦᠮ᠂ ᠣᠯᠳᠠᠬᠤ ᠦᠭᠡᠢ ᠲᠡᠭᠡᠭᠡᠳ ᠠᠷᠭ᠎ᠠ ᠭᠡᠬᠦ ᠦᠭᠡᠢ ᠵᠠᠭᠤᠨ ᠲᠠᠪᠢᠨ ᠮᠢᠩᠭ᠎ᠠ ᠪᠠᠷ ᠳᠥᠷᠪᠡ ᠶ᠋ᠢ ᠵᠠᠷᠤᠴᠠᠭᠤᠯᠵᠠᠢ᠃
ᠠ᠄ ᠲᠠ ᠴᠢᠨᠢ ᠳᠡᠪᠡᠯ ᠬᠤᠪᠴᠠᠰᠤ ᠶ᠋ᠢ ᠰᠣᠨᠢᠷᠬᠠᠭᠠᠳ ᠪᠠᠢᠨ᠎ᠠ᠃
ᠠ᠋᠄ ᠲᠡᠢᠨ ᠶᠦᠮ! ᠡᠨᠡ ᠱᠠᠭ᠎ᠠ ᠰᠣᠶᠣᠯ ᠭᠡᠳ ᠮᠣᠩᠭᠣᠯ ᠶᠠᠭᠤᠮ᠎ᠠ ᠴᠢᠨᠢ ᠪᠡᠷᠬᠡ ᠭᠣᠶᠣ᠂ ᠰᠣᠨᠢᠷᠬᠠᠭᠠᠳ ᠭᠣᠶᠣ ᠪᠠᠢᠨ᠎ᠠ᠂
ᠠ᠄ ᠵᠠ!
ᠠ᠋᠄ ᠲᠡᠭᠡᠭᠡᠵᠡᠢ᠃
ᠠ᠄ ᠵᠠ! ᠪᠠᠶᠠᠷᠯᠠᠯ᠎ᠠ! ᠲᠠᠨ ᠤ᠋ ᠰᠡᠳᠬᠢᠭᠳᠡᠯ ᠢ᠋ ᠰᠣᠨᠣᠰᠤᠶ᠎ᠠ!
ᠣ᠄ ᠬᠡ ᠬᠡ ᠬᠡ ᠪᠢ ᠶᠠᠷᠢᠵᠤ ᠴᠢᠳᠠᠬᠤ ᠦᠭᠡᠢ᠂ ᠮᠠᠨ ᠤ᠋ ᠳᠡᠭᠦᠦ ᠶ᠋ᠢᠨ ᠶᠠᠷᠢᠭᠰᠠᠨ ᠢ᠋ ᠰᠣᠨᠣᠰᠤᠶ᠎ᠠ!
ᠠ ᠄ ᠠ! ᠠ᠁
ᠥ᠄ ᠪᠢ ᠪᠠᠢᠴᠢᠬᠠᠶ᠎ᠠ! ᠥ᠁
ᠠ᠋᠄ ᠳᠡᠭᠦᠦ ᠶᠠᠷᠢᠵᠤ! ᠡᠨᠡ ᠮᠠᠨ ᠤ᠋ ᠡᠭᠡᠴᠢ᠂
ᠠ᠄ ᠠ! ᠲᠠᠨ ᠤ᠋ ᠲᠥᠷᠥᠭᠰᠡᠨ ᠡᠭᠡᠴᠢ ᠦᠦ?
ᠠ᠋᠄ ᠲᠡᠢᠮᠦ ᠶᠦᠮ᠂ ᠬᠠᠮᠢᠶᠠᠲᠠᠨ ᠬᠠᠮᠢᠶᠠᠲᠠᠨ ᠲᠡᠢᠮᠦ ᠶᠦᠮ᠃
ᠠ᠄ ᠲᠠ ᠳᠡᠪᠡᠯ ᠬᠤᠪᠴᠠᠰᠤ ᠪᠠᠨ ᠥᠪᠡᠷᠰᠡᠳ ᠢ᠋ᠶ᠋ᠡᠨ ᠤᠷᠠᠯᠠᠭᠰᠠᠨ ᠤᠤ?
ᠠ᠋᠄ ᠥᠪᠡᠷᠰᠡᠳ ᠢ᠋ᠶ᠋ᠡᠨ ᠪᠢᠰᠢ! ᠮᠠᠨ ᠤ᠋ ᠨᠤᠲᠤᠭ ᠤ᠋ᠨ ᠬᠢ ᠤᠷᠠᠯᠠᠭᠰᠠᠨ᠂ ᠤᠷᠠᠯᠠᠳᠠᠭ ᠭᠠᠵᠠᠷ ᠪᠠᠢᠭ᠎ᠠ! ᠲᠡᠢᠮᠦ ᠠ᠋! ᠲᠡᠢᠮᠦ ᠶᠦᠮ!
ᠠ᠄ ᠨᠠᠭᠠᠳᠤᠮ ᠳ᠋ᠤ᠌ ᠢᠷᠡᠬᠦ ᠭᠡᠳ ᠣᠳᠣ ᠵᠣᠷᠢᠭᠤᠯᠵᠤ ᠤᠷᠠᠯᠠᠭᠰᠠᠨ ᠤᠤ!
ᠠ᠋᠄ ᠲᠡᠢᠮᠦ ᠶᠦᠮ! ᠨᠠᠭᠠᠳᠤᠮ ᠳ᠋ᠤ᠌ ᠢᠷᠡᠬᠦ ᠭᠡᠳ ᠵᠣᠷᠢᠭᠤᠯᠵᠠᠢ᠃
ᠠ᠄ ᠲᠡᠷᠡ ᠶᠠᠭ ᠳᠤᠮᠳᠠᠭᠤᠷ ᠢ᠋ ᠡᠵᠡᠯᠡᠭᠰᠡᠨ ᠪᠠᠢᠨ᠎ᠠ
ᠠ᠋᠄ ᠲᠡᠢᠮᠦ ᠶᠦᠮ᠂ ᠲᠡᠢᠮᠦ ᠶᠦᠮ! ᠮᠠᠨ ᠤ᠋ ᠲᠡᠷᠡ ᠪᠦᠭᠦᠳᠡ ᠴᠡᠩᠬᠡᠷ ᠥᠩᠭᠡ ᠲᠡᠢ ᠪᠠᠢᠨ᠎ᠠ᠂ ᠪᠠᠷᠤᠭ ᠨᠢ!
ᠠ᠄ ᠠ! ᠵᠥᠪ ᠵᠥᠪ!᠂
ᠠ᠋᠄ ᠲᠡᠢᠮᠦ ᠶᠦᠮ ᠲᠡᠢᠮᠦ ᠶᠦᠮ᠂ ᠪᠦᠷᠢ ᠡᠳᠡᠨᠥᠰ ᠲᠡᠭᠡᠭᠡᠳ ᠠᠷᠪᠠᠨ ᠬᠣᠶᠠᠳᠤᠭᠠᠷ ᠡᠭᠦᠳᠡ ᠬᠠᠭᠠᠯᠭ᠎ᠠ ᠪᠠᠷ ᠣᠷᠣᠭᠰᠠᠨ᠂ ᠳᠣᠯᠣᠭ᠎ᠠ ᠪᠠᠷ ᠣᠷᠣᠭᠰᠠᠨ᠃ ᠬᠡᠳᠦ ᠪᠡᠷ ᠣᠷᠣᠪᠠ! ᠬᠡᠳᠦ ᠬᠡᠳᠦᠨ ᠡᠭᠦᠳᠡ ᠪᠠᠢᠨ᠎ᠠ᠃ ᠮᠠᠨ ᠤ᠋ ᠠᠷᠪᠠᠨ ᠬᠥᠮᠦᠨ ᠴᠦ᠍ ᠪᠦᠷ ᠬᠤᠪᠢᠶᠠᠭᠳᠠᠭᠰᠠᠨ ᠪᠠᠢᠬᠤ ᠦᠭᠡᠢ ᠦᠦ! ᠲᠡᠭᠡᠭᠡᠳ
ᠠ᠄ ᠬᠤᠤᠱᠤᠤᠷ ᠢᠳᠡᠪᠡ ᠦᠦ?
ᠠ᠋᠄ ᠢᠳᠡᠭᠰᠡᠨ ᠠ᠋! ᠬᠤᠤᠱᠤᠤᠷ ᠭᠣᠶᠣ᠂ ᠵᠥᠩᠳᠡᠭᠡᠨ ᠵᠠᠮ ᠳ᠋ᠤ᠌ ᠪᠠᠨ ᠬᠤᠤᠱᠤᠤᠷ ᠢᠳᠡᠭᠡᠳ ᠶᠠᠪᠤᠭᠰᠠᠨ᠂ ᠮᠣᠩᠭᠣᠯ ᠬᠣᠭᠣᠯᠠ ᠤᠮᠳᠠ ᠲᠠᠢ᠂ ᠮᠠᠨ ᠤ᠋ ᠬᠢᠲᠠᠳ ᠤ᠋ᠨ ᠬᠣᠭᠣᠯᠠ ᠨᠢ ᠡᠨᠳᠡ ᠮᠣᠩᠭᠣᠯ ᠠ᠋ᠴᠠ ᠨᠢ ᠦᠨ᠎ᠡ ᠲᠡᠢ ᠪᠠᠢᠬᠤ ᠦᠭᠡᠢ ᠦᠦ᠂ ᠮᠣᠩᠭᠣᠯ ᠬᠣᠭᠣᠯᠠ ᠰᠠᠢᠬᠠᠨ ᠮᠥᠷᠲᠡᠭᠡᠨ ᠠᠮᠲᠠᠲᠠᠢ᠂ ᠮᠥᠷᠲᠡᠭᠡᠨ ᠬᠢᠮᠳᠠᠬᠠᠨ ᠮᠥᠩᠭᠥ ᠨᠢ!
ᠠ᠄ ᠡᠩ᠁
ᠠ᠋᠄ ᠲᠡᠢᠮᠦ ᠶᠦᠮ᠂ ᠪᠢᠳᠡ ᠨᠠᠷ ᠴᠤ᠌ ᠭᠡᠰᠡᠨ ᠮᠣᠩᠭᠣᠯ ᠬᠣᠭᠣᠯᠠᠨ ᠳ᠋ᠤ᠌ ᠪᠠᠨ᠂ ᠰᠠᠢᠬᠠᠨ ᠳᠤᠷᠠᠲᠠᠢ᠂ ᠪᠠᠬᠠᠲᠠᠢ᠂ ᠤᠯᠤᠰ ᠤ᠋ᠳ ᠴᠢᠨᠢ ᠰᠡᠳᠬᠢᠯ ᠲᠡᠨᠢᠭᠦᠨ ᠰᠠᠢᠬᠠᠨ ᠶᠠᠪᠤᠯ᠎ᠠ᠃ ᠮᠣᠩᠭᠣᠯ ᠣᠷᠣᠨ ᠭᠣᠶᠣ ᠪᠠᠢᠨ᠎ᠠ᠃
ᠠ᠄ ᠵᠠ!
ᠠ᠋᠄ ᠲᠡᠢᠮᠦ ᠶᠦᠮ
ᠠ᠄ ᠪᠠᠶᠠᠷᠯᠠᠯ᠎ᠠ! ᠲᠠ ᠪᠦᠬᠦᠨ ᠳ᠋ᠦ᠍ ᠪᠡᠨ! ᠰᠠᠢᠬᠠᠨ ᠨᠠᠭᠠᠳᠤᠭᠠᠷᠠᠢ!
ᠠ᠋᠄ ᠵᠠ! ᠪᠠᠶᠠᠷᠯᠠᠯ᠎ᠠ!
ᠢ᠄ ᠪᠠᠶᠠᠷᠯᠠᠯ᠎ᠠ! ᠵᠠ! ᠪᠠᠶᠠᠷᠯᠠᠭᠰᠠᠨ ᠰᠢᠦ!
ᠠ᠄ ᠦᠵᠡᠭᠴᠢ ᠲᠠ ᠪᠦᠬᠦᠨ ᠳ᠋ᠦ᠍ ᠪᠡᠨ ᠥᠪᠥᠷ ᠮᠣᠩᠭᠣᠯ ᠠ᠋ᠴᠠ᠂ ᠣᠳᠣ ᠮᠣᠩᠭᠣᠯ ᠤᠯᠤᠰ ᠤ᠋ᠨ ᠢ᠋ᠶ᠋ᠠᠷ ᠨᠠᠭᠠᠳᠤᠮ ᠢ᠋ ᠦᠵᠡᠬᠦ ᠪᠡᠷ ᠵᠣᠷᠢᠨ ᠢᠷᠡᠭᠰᠡᠨ ᠢᠷᠡᠭᠡᠳ ᠲᠥᠯᠥᠭᠡᠯᠡᠯᠲᠡ ᠪᠡᠷ ᠲᠠ ᠪᠦᠭᠦᠳᠡ ᠶ᠋ᠢ ᠪᠡᠨ ᠠᠭᠤᠯᠵᠠᠭᠤᠯᠤᠯᠠ᠃ ᠠᠩᠬᠠᠷᠤᠯ ᠢ᠋ᠶ᠋ᠠᠨ ᠬᠠᠨᠳᠤᠭᠤᠯᠤᠭᠰᠠᠨ ᠳ᠋ᠤ᠌ ᠪᠠᠶᠠᠷᠯᠠᠯ᠎ᠠ! ᠢᠩᠭᠢᠵᠦ ᠡᠬᠡ ᠰᠣᠶᠣᠯ ᠲᠠᠢ᠂ ᠲᠠ ᠪᠦᠬᠦᠨ ᠬᠥᠮᠦᠨ ᠠᠮᠠ ᠪᠠᠢᠭᠰᠠᠨ ᠠ᠋ᠴᠠ᠂ᠴᠡᠩᠭᠡᠯᠳᠦᠬᠦ ᠣᠷᠴᠢᠮ ᠤ᠋ᠨ ᠡᠷᠭᠢᠨ ᠲᠣᠭᠣᠷᠢᠨ ᠤ᠋ ᠮᠡᠳᠡᠭᠡᠯᠡᠯ ᠢ᠋ ᠬᠦᠯᠢᠶᠡᠭᠡᠳ ᠠᠪᠬᠤ ᠪᠣᠯᠣᠮᠵᠢᠲᠠᠢ ᠰᠢᠦ᠃
ᠦᠰᠦᠭ ᠠᠮᠢᠯᠠᠭᠤᠯᠤᠭᠴᠡᠢ᠄ ᠲᠣᠲᠣᠭᠡᠷᠡᠯ
ᠦᠰᠦᠭ ᠬᠠᠲᠠᠭᠴᠢ᠄ ᠲᠣᠲᠣᠭᠡᠷᠡᠯ
ᠦᠰᠦᠭ ᠬᠢᠨᠠᠭᠴᠢ᠄ ᠤᠶᠠᠬᠠᠨ᠂ ᠣᠤᠠᠬᠠᠨᠰᠣ᠎ᠡ᠂ ᠢᠷᠡᠭᠡᠲᠦᠢ
ᠳᠠᠪᠠᠯ ᠲᠠᠢ ᠮᠣᠩᠭᠣᠯ2023 ᠨᠠᠭᠠᠳᠤᠮ- ᠵᠡᠭᠦᠨ ᠦᠵᠦᠮᠦᠴᠢᠨ
ᠰᠤᠷᠪᠤᠯᠵᠢᠯᠠᠭᠴᠢ᠂ ᠵᠣᠴᠢᠨ ᠬᠣᠶᠠᠷ ᠤ᠋ᠨ ᠶᠠᠷᠢᠯᠴᠠᠭ᠎ᠠ
ᠠ᠄ ᠵᠠ᠂ ᠰᠠᠢᠬᠠᠨ ᠨᠠᠭᠠᠳᠴᠤ ᠪᠠᠢᠨ᠎ᠠ ᠤᠤ? ᠬᠠᠮᠢᠭ᠎ᠠ ᠠ᠋ᠴᠠ ᠢᠷᠡᠭᠰᠡᠨ ᠪᠣᠢ?
ᠠ᠋᠄ ᠠ᠂ ᠰᠠᠢᠬᠠᠨ ᠨᠠᠭᠠᠳᠴᠤ ᠪᠠᠢᠨ᠎ᠠ᠂ ᠪᠢᠳᠡ ᠪᠣᠯ ᠥᠪᠥᠷ ᠮᠣᠩᠭᠣᠯ ᠠ᠋ᠴᠠ ᠢᠷᠡᠭᠰᠡᠨ! ᠣ᠂ ᠢᠩᠭᠢᠭᠡᠳ ᠵᠡᠭᠦᠨ ᠦᠵᠦᠮᠦᠴᠢᠨ ᠡᠴᠡ ᠢᠷᠡᠵᠡᠢ᠃
ᠠ᠄ ᠠ᠋!
ᠠ᠋᠄ ᠴᠢᠩᠭᠢᠭᠡᠳ ᠨᠠᠭᠠᠳᠤᠮ ᠶᠡᠬᠡ ᠰᠠᠢᠬᠠᠨ ᠪᠠᠢᠨ᠎ᠠ᠂ ᠥᠨᠥᠳᠥᠷ ᠪᠣᠷᠣᠭᠠᠨ ᠣᠷᠣᠭᠰᠠᠨ᠂ ᠠᠩᠬ᠎ᠠ ᠦᠵᠡᠵᠦ ᠪᠠᠢᠨ᠎ᠠ᠂《ᠮᠣᠩᠭᠣᠯ ᠤ᠋ᠨ ᠨᠠᠭᠠᠳᠤᠮ ᠢ᠋ ᠶᠠᠭᠤ ᠴᠤ᠌ ᠭᠡᠰᠡᠨ ᠡᠨᠡ ᠨᠠᠰᠤᠨ ᠳ᠋ᠤ᠌ ᠪᠠᠨ ᠨᠢᠭᠡ ᠤᠳᠠᠭ᠎ᠠ ᠦᠵᠡᠬᠦ ᠪᠢᠵᠡ!》 ᠭᠡᠵᠦ ᠪᠣᠳᠣᠭᠠᠳ ᠢᠷᠡᠵᠡᠢ᠃ ᠴᠢᠩᠭᠢᠭᠡᠳ ᠨᠢᠭᠡ ᠤᠳᠠᠭ᠎ᠠ ᠦᠵᠡᠵᠡᠢ᠃
ᠠ᠄ ᠲᠠ ᠭᠠᠭᠴᠠᠭᠠᠷ ᠢ᠋ᠶ᠋ᠠᠨ ᠢᠷᠡᠪᠡ ᠤᠤ?
ᠠ᠋᠄ ᠦᠭᠡᠢ᠂ ᠭᠡᠷ ᠦ᠋ᠨ ᠬᠢᠨ ᠲᠡᠢ ᠪᠡᠨ ᠢᠷᠡᠭᠰᠡᠨ᠂ ᠡᠵᠢ ᠲᠡᠢ ᠪᠡᠨ ᠢᠷᠡᠭᠰᠡᠨ! ᠮᠠᠨ ᠤ᠋ ᠡᠵᠢ ᠭᠡᠷ ᠲᠦ᠍ ᠪᠡᠨ ᠠᠮᠠᠷᠠᠵᠤ ᠪᠠᠢᠨ᠎ᠠ᠃ ᠥ᠂ ᠴᠢᠩᠭᠢᠭᠡᠳ ᠮᠠᠨ ᠤ᠋ ᠬᠣᠶᠠᠭᠤᠯᠠ ᠪᠠᠨ ᠡᠨᠳᠡ ᠴᠢᠩᠭᠢᠭᠡᠳ ᠨᠠᠭᠠᠰᠢ ᠪᠠᠨ ᠢᠷᠡᠭᠰᠡᠨ !
ᠠ᠄ ᠨᠠᠭᠠᠳᠤᠮ ᠤ᠋ᠨ ᠰᠡᠳᠬᠢᠭᠳᠡᠯ ᠶᠠᠮᠠᠷ ᠪᠠᠢᠨ᠎ᠠ? ᠨᠡᠭᠡᠭᠡᠯᠲᠡ ᠦᠵᠡᠭᠰᠡᠨ ᠦᠦ?
ᠠ᠋᠄ ᠥ᠂ ᠨᠢᠯᠪᠤᠰᠤ ᠪᠦᠷ᠂ ᠨᠢᠯᠪᠤᠰᠤ ᠨᠢ ᠳᠦᠭᠦᠷᠴᠦ ᠭᠡᠨ᠎ᠡ᠂ ᠶᠡᠬᠡ ᠰᠠᠢᠬᠠᠨ᠂ ᠨᠠᠭᠠᠳᠤᠮ ᠴᠣᠬᠣᠮ ᠭᠣᠶᠣ᠂ ᠨᠡᠭᠡᠭᠡᠯᠲᠡ ᠴᠣᠬᠣᠮ ᠰᠠᠢᠬᠠᠨ᠂ ᠶᠠ᠂ ᠪᠠᠬᠠᠷᠤᠮᠠᠷ ᠭᠣᠶᠣ ! ᠲᠡᠢᠮᠦ ᠮᠣᠷᠢ ᠶ᠋ᠢ ᠦᠵᠡᠭᠡᠳ ᠶᠡᠬᠡ ᠰᠡᠳᠬᠢᠯ ᠬᠥᠳᠡᠯᠵᠦ ᠪᠠᠢᠨ᠎ᠠ ! ᠮᠣᠷᠢ ᠨᠤᠭᠤᠳ( ᠮᠣᠷᠢᠳ) ᠢ᠋ ᠦᠵᠡᠭᠡᠳ᠁
ᠠ᠄ ᠣᠯᠠᠨ ᠵᠦᠢᠯ ᠪᠣᠳᠣᠵᠤ ᠪᠠᠢᠭᠠᠳ ᠨᠠᠭᠠᠳᠤᠮ ᠢ᠋ ᠦᠵᠡᠵᠦ ᠪᠠᠢᠨ᠎ᠠ ᠤᠤ?
ᠠ᠋᠄ ᠲᠡᠢᠮᠦ᠂ ᠣᠯᠠᠨ ᠵᠦᠢᠯ ᠪᠣᠳᠣᠭᠳᠠᠵᠤ ᠪᠠᠢᠨ᠎ᠠ᠂ ᠥᠪᠥᠷ ᠮᠣᠩᠭᠣᠯ ᠤ᠋ᠨ ᠮᠣᠩᠭᠣᠯᠴᠤᠳ ᠢ᠋ ᠪᠣᠳᠣᠭᠠᠳ᠂ ᠮᠣᠩᠭᠣᠯᠴᠤᠳ ᠣᠳᠣ ᠰᠠᠢᠬᠠᠨ ᠪᠣᠯᠤᠭᠠᠰᠠᠢ! ᠡᠨᠡ ᠨᠤᠲᠤᠭ ᠪᠡᠯᠴᠢᠭᠡᠷ ᠨᠢᠭᠡ ᠰᠠᠢᠬᠠᠨ ᠪᠣᠯᠤᠭᠠᠳ᠂ ᠮᠠᠯᠴᠢᠳ ᠮᠠᠨᠢ ᠠᠵᠠ ᠵᠢᠷᠭᠠᠯᠲᠠᠢ ᠰᠠᠢᠬᠠᠨ᠂ ᠮᠣᠩᠭᠣᠯ ᠨᠤᠲᠤᠭ ᠲᠤ᠌ ᠪᠠᠨ ᠰᠠᠢᠬᠠᠨ ᠠᠮᠢᠳᠤᠷᠠᠭ ᠭᠡᠳ ᠳᠣᠲᠣᠷ᠎ᠠ ᠪᠠᠨ ᠪᠣᠳᠣᠵᠠᠢ᠃ ᠬᠥᠳᠡᠭᠡ ᠪᠡᠷ ᠶᠠᠪᠤᠵᠤ ᠥᠩᠭᠡᠷᠡᠭᠡ ᠦᠭᠡᠢ᠂ ᠪᠢᠳᠡ ᠡᠷᠳᠡᠨᠢᠴᠠᠭᠠᠨ ᠳ᠋ᠤ᠌ ᠣᠴᠢᠵᠤ ᠪᠠᠢᠭᠰᠠᠨ᠂ ᠰᠦᠬᠡᠪᠠᠭᠠᠲᠤᠷ ᠠᠢᠮᠠᠭ ᠤ᠋ᠨ ᠡᠷᠳᠡᠨᠢᠴᠠᠭᠠᠨ ᠳ᠋ᠤ᠌ ᠰᠠᠳᠤᠨ ᠲᠥᠷᠥᠯ ᠪᠠᠢᠳᠠᠭ ᠪᠣᠯᠬᠣᠷ ᠣᠴᠢᠵᠤ ᠪᠠᠢᠭᠰᠠᠨ᠂ ᠥᠭᠡᠷ᠎ᠡ ᠭᠠᠵᠠᠷ ᠢ᠋ᠶ᠋ᠠᠷ ᠣᠴᠢᠵᠤ ᠥᠩᠭᠡᠷᠡᠭᠡ ᠦᠭᠡᠢ᠂ ᠡᠨᠡ ᠴᠢᠨᠢ ᠠᠩᠬᠠᠳᠤᠭᠠᠷ ᠤᠳᠠᠭ᠎ᠠ ᠤᠯᠠᠭᠠᠨᠪᠠᠭᠠᠲᠤᠷ ᠲᠤ᠌ ᠢᠷᠡᠵᠦ ᠪᠠᠢᠨ᠎ᠠ᠂ ᠶᠡᠬᠡ ᠰᠠᠢᠬᠠᠨ ᠪᠠᠢᠨ᠎ᠠ! ᠠ᠁ ᠲᠡᠢᠮᠦ!
ᠠ᠄ ᠳᠡᠪᠡᠯ ᠦ᠋ᠨ ᠲᠠᠯ᠎ᠠ ᠪᠠᠷ?
ᠡᠨᠡ ᠪᠣᠯ ᠦᠵᠦᠮᠦᠴᠢᠨ ᠴᠠᠭᠠᠨ ᠴᠠᠮᠴᠠ᠂ ᠡᠨᠡ ᠪᠣᠯ ᠦᠵᠦᠮᠦᠴᠢᠨ ᠦ᠌ ᠬᠤᠪᠴᠠᠰᠤ᠂ ᠮᠠᠨ ᠤ᠋ ᠡᠵᠢ ᠶ᠋ᠢᠨ ᠥᠪᠡᠷ ᠢ᠋ᠶ᠋ᠡᠷ ᠣᠶᠣᠭᠰᠠᠨ ᠬᠤᠪᠴᠠᠰᠤ᠂ ᠴᠢᠩᠭᠢᠭᠡᠳ ᠡᠨᠳᠡ ᠢᠷᠡᠭᠡᠳ ᠣᠯᠠᠨ ᠤ᠋ ᠪᠠᠨ ᠪᠠᠬᠠᠷᠬᠠᠯ ᠪᠣᠯᠳᠠᠭ ᠶᠤᠮ ᠤᠤ ᠭᠡᠵᠦ ᠨᠤᠲᠤᠭ ᠣᠷᠣᠨ ᠤ᠋ ᠪᠠᠨ ᠬᠤᠪᠴᠠᠰᠤ ᠶ᠋ᠢ ᠡᠮᠦᠰᠦᠭᠡᠳ ᠡᠨᠳᠡ ᠢᠷᠡᠭᠰᠡᠨ ᠪᠠᠢᠨ᠎ᠠ᠃ ᠡᠭᠦᠨ ᠢ᠋ ᠪᠦᠷ ᠣᠳᠣ᠂ ᠮᠠᠨ ᠤ᠋ ᠬᠢᠨ ᠦ᠌ ᠪᠣᠯ ᠤᠭᠠᠯᠵᠠ ᠰᠢᠳᠡ! ᠢᠩᠭᠢᠭᠡᠳ ᠨᠢᠭᠡ ᠨᠢᠭᠡ ᠵᠡᠭᠦᠦ ᠪᠡᠷ ᠢᠩᠭᠢᠭᠡᠳ ᠬᠠᠳᠬᠤᠭᠰᠠᠨ ᠪᠠᠢᠨ᠎ᠠ᠂ ᠡᠭᠦᠨ ᠢ᠋ ᠪᠣᠯ ᠪᠢᠳᠡ ᠥᠪᠡᠷ ᠦ᠋ᠳ ᠢ᠋ᠶ᠋ᠡᠷ ᠢᠰᠡᠭᠡᠢ ᠪᠡᠷ ᠬᠢᠭᠰᠡᠨ ᠲᠣᠪᠴᠢ !
ᠠ᠋᠄ ᠠ᠋᠂ ᠬᠡ ᠬᠡ᠁ ᠶᠡᠬᠡ ᠰᠠᠢᠬᠠᠨ᠂ ᠮᠣᠩᠭᠣᠯ ᠬᠤᠪᠴᠠᠰᠤ ᠭᠣᠶᠣ ᠪᠠᠢᠨ᠎ᠠ!
ᠠ᠋᠄ ᠥ᠂ ᠡᠳᠡᠨ ᠬᠣᠶᠠᠷ ᠭᠠᠷᠠᠭ ᠣᠷᠴᠢᠮ ᠰᠠᠭᠤᠬᠤ ᠰᠠᠨᠠᠭᠠᠲᠠᠢ᠂ ᠨᠠᠢᠷ ᠢ᠋ ᠥᠩᠭᠡᠷᠡᠭᠡᠭᠡᠳ ᠨᠢᠭᠡ ᠪᠠᠭ᠎ᠠ᠂ ᠮᠣᠩᠭᠣᠯ ᠨᠤᠲᠤᠭ ᠢ᠋ᠶ᠋ᠠᠷ ᠢ᠋ᠶ᠋ᠠᠨ ᠨᠢᠭᠡ ᠪᠠᠭ᠎ᠠ ᠲᠣᠭᠣᠷᠢᠵᠤ ᠨᠠᠭᠠᠳᠬᠤ ᠰᠠᠨᠠᠭᠠᠲᠠᠢ᠂ ᠲᠡᠢᠮᠦ ᠰᠠᠨᠠᠭ᠎ᠠ ᠪᠠᠢᠨ᠎ᠠ᠃
ᠦᠰᠦᠭ ᠠᠮᠢᠯᠠᠭᠤᠯᠤᠭᠴᠢ᠄ᠮᠥᠩᠬᠡ ᠭᠠᠯ
ᠦᠰᠦᠭ ᠬᠠᠳᠠᠭᠴᠢ᠄ᠮᠥᠩᠬᠡ ᠭᠠᠯ
ᠬᠢᠨᠠᠭᠴᠢ᠄ᠤᠳᠬᠠᠨᠰᠤ᠎ᠠ᠂ ᠰᠡᠬᠡᠭᠡᠷᠡᠯ᠂ ᠢᠷᠡᠭᠡᠳᠦᠢ
ᠳᠠᠪᠠᠯ ᠲᠠᠢ ᠮᠣᠩᠭᠣᠯ2023 ᠨᠠᠭᠠᠳᠤᠮ- ᠬᠥᠬᠡᠬᠣᠲᠠ
ᠬᠥᠬᠡᠬᠣᠲᠠ ᠠᠴᠠ ᠮᠣᠩᠭᠣᠯ ᠨᠠᠭᠠᠳᠤᠮ ᠢᠶᠠᠨ ᠦᠵᠡᠬᠦ ᠪᠡᠷ ᠵᠣᠷᠢᠨ ᠢᠷᠡᠭᠰᠡᠨ ᠥᠪᠥᠷ ᠮᠣᠩᠭᠣᠯ ᠵᠠᠯᠠᠭᠤᠰ ᠤᠨ ᠲᠥᠯᠥᠭᠡᠯᠡᠯ ᠲᠡᠢ ᠶᠠᠷᠢᠯᠴᠠᠯ᠎ᠠ᠃ ᠲᠡᠷᠢᠭᠦᠨᠪᠠᠶᠠᠷ᠂ ᠲᠡᠭᠦᠨ ᠦ ᠭᠡᠷᠭᠡᠢ ᠠᠯᠢᠮ᠎ᠠ ᠨᠠᠷ ᠦᠨᠳᠦᠰᠦᠨ ᠦ ᠶᠡᠬᠡ ᠪᠠᠶᠠᠷ ᠨᠠᠭᠠᠳᠤᠮ ᠤᠨ ᠬᠠᠭᠠᠯᠲᠠ ᠶᠢᠨ ᠦᠶ᠎ᠡ
