ᠰᠠᠭᠤᠳᠠᠭ ᠭᠦᠶᠦᠳᠡᠭ ᠬᠣᠶᠠᠷ – ᠯ᠂ ᠪᠠᠳᠠᠷᠴᠢ Суудаг гүйдэг хоёр – Л ᠂ Бадарч ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠭᠤᠳᠠᠭ ᠭᠦᠶᠦᠳᠡᠭ ᠬᠣᠶᠠᠷ – ᠯ᠂ ᠪᠠᠳᠠᠷᠴᠢ Суудаг гүйдэг хоёр – Л ᠂ Бадарч

ᠰᠠᠭᠤᠳᠠᠭ ᠭᠦᠶᠦᠳᠡᠭ ᠬᠣᠶᠠᠷ – ᠯ᠂ ᠪᠠᠳᠠᠷᠴᠢ Суудаг гүйдэг хоёр – Л ᠂ Бадарч

ᠠᠩᠭᠢᠯᠠᠯ:ᠬᠣᠱᠣᠩ ᠱᠣᠭ
2023-07-12

317

ᠰᠠᠭᠤᠳᠠᠭ ᠭᠦᠶᠦᠳᠡᠭ ᠬᠣᠶᠠᠷ


                                               ( ᠬᠣᠱᠣᠩ ᠦᠭᠦᠯᠡᠯᠭᠡ )

      ᠨᠢᠭᠡ ᠪᠠᠢᠭᠤᠯᠭ᠎ᠠ ᠶ᠋ᠢᠨ ᠨᠢᠭᠡ ᠲᠠᠰᠤᠯᠭᠠᠨ ᠳ᠋ᠤ᠌ ᠬᠣᠶᠠᠷ ᠠᠵᠢᠯᠲᠠᠨ ᠰᠠᠭᠤᠵᠤ ᠠᠵᠢᠯᠯᠠᠳᠠᠭ ᠪᠠᠢᠪᠠ᠃ ᠨᠢᠭᠡ ᠨᠢ ᠨᠢᠪᠤ ᠂ ᠨᠥᠭᠥᠭᠡ ᠨᠢ ᠪᠠᠢᠴᠠᠭᠠᠭᠴᠢ ᠶᠤᠮ ᠰᠠᠨᠵᠠᠢ᠃ ᠪᠠᠢᠴᠠᠭᠠᠭᠴᠢ ᠶ᠋ᠢ ᠰᠠᠭᠤᠷᠢ ᠭᠡᠨ᠎ᠡ᠂ ᠰᠠᠭᠤᠷᠢ ᠲᠠᠢ ᠡᠷ᠎ᠡ ᠪᠠᠢᠵᠤ ᠳᠠ᠃ ᠨᠢᠪᠤ ᠶ᠋ᠢ ᠰᠢᠭᠤᠷᠬᠠᠢ ᠭᠡᠨ᠎ᠡ᠂ ᠰᠢᠭᠤᠷᠬᠠᠢ ᠡᠷ᠎ᠡ ᠪᠠᠢᠵᠤ᠂ ᠡᠨᠡ ᠬᠣᠶᠠᠷ ᠥᠷᠯᠥᠭᠡ ᠠᠵᠢᠯ ᠳ᠋ᠠᠭᠠᠨ ᠵᠡᠷᠭᠡ  ᠢᠷᠡᠵᠦ ᠦᠵᠡᠭᠡ ᠦᠭᠡᠢ ᠶᠦᠮ ᠪᠠᠢᠵᠠᠢ᠃ ᠲᠡᠢᠮᠦ ᠴᠦ᠍ ᠤᠴᠢᠷ ᠠ᠋ᠴᠠ ᠥᠷᠯᠥᠭᠡ ᠬᠡᠨ ᠰᠡᠭᠦᠯᠳᠡᠵᠦ ᠢᠷᠡᠭᠰᠡᠨ ᠨᠢ ᠲᠡᠷᠢᠭᠦᠯᠡᠵᠦ ᠢᠷᠡᠭᠰᠡᠨ ᠳ᠋ᠡᠭᠡᠨ ᠣᠯᠠᠨ ᠳᠠᠬᠢᠨ ᠪᠥᠬᠥᠢᠨ ᠮᠡᠨᠳᠦᠯᠡᠳᠡᠭ ᠵᠠᠩᠰᠢᠯ ᠲᠠᠢ᠃ ᠲᠡᠷᠡ ᠨᠢᠭᠡ ᠥᠷᠯᠥᠭᠡ ᠰᠠᠭᠤᠷᠢ ᠨᠢ 9 ᠴᠠᠭ ᠲᠠᠢ ᠣᠷᠣᠯᠳᠣᠭᠠᠳ ᠠᠮᠢᠰᠬᠤᠭᠠᠳᠠᠭᠰᠠᠭᠠᠷ ᠠᠵᠢᠯ ᠳ᠋ᠠᠭᠠᠨ ᠢᠷᠡᠭᠡᠳ ᠪᠦᠷᠢᠳᠬᠡᠭᠴᠢ ᠳ᠋ᠦ᠍ ᠣᠴᠢᠵᠤ᠄ 
      ᠰᠠᠭᠤᠷᠢ ᠰᠢᠭᠤᠷᠬᠠᠢ ᠬᠣᠶᠠᠷ ᠶᠠᠭ 9 ᠴᠠᠭ ᠲᠤ᠌ ᠢᠷᠡᠯ᠎ᠡ ᠭᠡᠬᠦ ᠳ᠋ᠦ᠍ ᠴᠠᠭᠠᠰᠤᠨ ᠠ᠋ᠴᠠ ᠨᠢᠳᠦ ᠪᠡᠨ ᠰᠠᠯᠭᠠᠳᠠᠭ ᠦᠭᠡᠢ ᠪᠦᠷᠢᠳᠬᠡᠭᠴᠢ ᠰᠠᠭᠤᠷᠢ 9᠄00᠂ ᠰᠢᠭᠤᠷᠬᠠᠢ 9᠄00 ᠭᠡᠵᠦ ᠪᠦᠷᠢᠳᠬᠡᠪᠡ᠃ ᠶᠢᠰᠦ ᠭᠤᠴᠢ ᠶ᠋ᠢᠨ ᠦᠶ᠎ᠡ ᠪᠡᠷ ᠰᠢᠭᠤᠷᠬᠠᠢ ᠭᠤᠸᠠᠢ ᠰᠢᠭᠤᠷᠬᠠᠢᠯᠠᠨ ᠢᠷᠡᠭᠡᠳ ᠣᠯᠠᠨ ᠳᠠᠬᠢᠨ ᠪᠥᠬᠥᠯᠵᠡᠨ《 ᠠᠮᠤᠷ ᠢ᠋ ᠡᠷᠢᠶ᠎ᠡ》 ᠭᠡᠵᠦ ᠰᠠᠭᠤᠷᠢ ᠲᠠᠢ ᠮᠡᠨᠳᠦᠯᠡᠭᠰᠡᠨ ᠨᠢ 《ᠨᠠᠢᠵᠠ ᠵᠢ ᠪᠡᠨ ᠪᠦᠷᠢᠳᠬᠡᠭᠦᠯᠵᠦ ᠠᠮᠵᠢᠭ᠎ᠠ ᠪᠢᠵᠡ》 ᠭᠡᠰᠡᠨ ᠶᠣᠭᠲᠠ ᠰᠠᠨᠠᠭ᠎ᠠ ᠪᠢᠯᠡ᠃ 《 ᠠᠮᠤᠷ ᠢ ᠡᠷᠢᠶ᠎ᠡ》 ᠭᠡᠵᠦ ᠰᠠᠭᠤᠷᠢ ᠶ᠋ᠢᠨ ᠬᠠᠷᠢᠭᠤᠯᠤᠭᠰᠠᠨ ᠨᠢ《 ᠨᠠᠢᠵᠠ ᠮᠢᠨᠢ ᠰᠠᠨᠠᠭ᠎ᠠ ᠠᠮᠤᠷ》 ᠭᠡᠰᠡᠨ ᠤᠳᠬ᠎ᠠ ᠲᠠᠢ ᠪᠠᠢᠵᠠᠢ᠃ 
      ᠰᠢᠭᠤᠷᠬᠠᠢ ᠦᠵᠦᠭ ᠬᠠᠷᠠᠨᠳᠠ ᠪᠠᠯᠠᠯᠤᠭᠤᠷ ᠱᠤᠭᠤᠮ ᠠ᠋ᠴᠠ ᠠᠪᠤᠭᠠᠳ ᠲᠣᠮᠣ ᠰᠤᠸᠠᠮᠫᠠᠨ ᠂ ᠲᠣᠭᠠᠨ ᠤ᠋ ᠮᠠᠰᠢᠨ᠂ ᠬᠠᠪᠲᠠᠰᠤ ᠲᠠᠢ ᠳᠠᠩᠰᠠ ᠪᠢᠴᠢᠭ ᠭᠠᠷᠭᠠᠵᠤ ᠰᠢᠷᠡᠭᠡᠨ ᠳᠡᠭᠡᠷ᠎ᠡ ᠪᠡᠨ ᠦᠷᠦᠭᠰᠡᠨ ᠨᠢ ᠪᠠᠢᠳᠠᠯ ᠮᠠᠰᠢ ᠰᠦᠷ ᠲᠡᠢ᠂ ᠰᠠᠭᠤᠷᠢ ᠰᠢᠷᠡᠭᠡᠨ ᠳᠡᠭᠡᠷ᠎ᠡ ᠪᠡᠨ ᠣᠯᠠᠨ ᠶᠠᠭᠤᠮ᠎ᠠ ᠳᠡᠯᠭᠡᠬᠦ ᠳᠤᠷ᠎ᠠ ᠦᠭᠡᠢ᠂ ᠬᠠᠷᠢᠨ ᠦᠨᠡᠰᠦᠨ ᠤ ᠰᠠᠪᠠ ᠬᠣᠶᠠᠷ ᠭᠤᠷᠪᠠ ᠶ᠋ᠢ ᠵᠡᠷᠬᠡᠴᠠᠭᠦᠯᠵᠦ ᠲᠠᠯᠪᠢᠭᠠᠳ ᠬᠠᠢᠷᠴᠠᠭ ᠫᠠᠫᠢᠷᠤᠰ ( ᠴᠠᠭᠠᠰᠤᠨ ᠲᠠᠮᠠᠬᠢ) ᠨᠡᠭᠡᠭᠡᠵᠦ ᠪᠡᠯᠡᠳᠬᠡᠪᠡ᠃ ᠰᠠᠭᠤᠷᠢ ᠶ᠋ᠢ ᠬᠥᠳᠡᠯᠵᠦ ᠶᠠᠳᠠᠵᠤ ᠪᠠᠢᠬᠤ ᠶ᠋ᠢᠨ ᠬᠣᠭᠣᠷᠣᠨᠳᠣ ᠰᠢᠭᠤᠷᠬᠠᠢ ᠨᠠᠢ᠍ᠮᠠᠨ ᠲᠠᠰᠤᠯᠭ᠎ᠠ ᠶ᠋ᠢ ᠨᠠᠭᠠᠰᠢ ᠴᠠᠭᠠᠱᠢ ᠨᠢ ᠰᠦᠯᠵᠢᠭᠡᠳ ᠠᠷᠪᠢᠨ ᠰᠣᠨᠢᠨ ᠶᠠᠭᠤᠮ᠎ᠠ ᠰᠣᠨᠣᠰᠴᠤ ᠢᠷᠡᠯ᠎ᠡ᠃ ᠵᠠ ᠶᠠᠭᠤ ᠶᠠᠭᠤ ᠮᠡᠳᠡᠭᠡ ᠪᠣᠢ ᠭᠡᠲᠡᠯ᠎ᠡ᠂ ᠨᠠᠢᠳᠠᠨ ᠤ᠋ ᠲᠤᠰᠢᠶᠠᠯ ᠳᠠᠪᠰᠢᠬᠦ ᠭᠡᠵᠦ ᠪᠠᠢᠭ᠎ᠠ ᠶ᠋ᠢ ᠮᠡᠳᠡᠵᠦ᠂ ᠨᠠᠮᠰᠠᠷᠠᠢ ᠶ᠋ᠢᠨ ᠠᠮᠠᠷᠠᠯᠲᠠ ᠠᠪᠬᠤ ᠭᠡᠵᠦ ᠪᠠᠢᠭ᠎ᠠ ᠶ᠋ᠢ ᠮᠡᠳᠡᠵᠦ᠂ ᠳᠠᠮᠪᠢ ᠶ᠋ᠢᠨ ᠨᠠᠢᠷ ᠮᠠᠷᠭᠠᠰᠢ ᠪᠣᠯᠬᠤ ᠶ᠋ᠢ ᠮᠡᠳᠡᠵᠦ᠂ ᠳᠠᠷᠤᠭ᠎ᠠ ᠶ᠋ᠢᠨ ᠮᠠᠰᠢᠨ ᠬᠡᠭᠡᠷ᠎ᠡ ᠰᠠᠭᠤᠭᠰᠠᠨ ᠢ᠋ ᠮᠡᠳᠡᠵᠦ᠂ ᠴᠠᠯᠢᠩ ᠤ᠋ᠨ ᠴᠧᠰᠧ( ᠪᠦᠷᠢᠳᠬᠡᠯ) ᠪᠡᠯᠡᠨ ᠪᠣᠯᠤᠭᠰᠠᠨ ᠢ᠋ ᠮᠡᠳᠡᠵᠦ᠂ ᠴᠡᠮᠪᠡ ᠶ᠋ᠢᠨ ᠭᠡᠷᠭᠡᠢ ᠵᠢᠷᠮᠦᠰᠦᠨ ᠪᠣᠯᠤᠭᠰᠠᠨ ᠢ᠋ ᠮᠡᠳᠡᠵᠦ ᠳᠠ᠃ 
      ᠡᠨᠡ ᠮᠡᠳᠡᠭᠡ ᠶ᠋ᠢ ᠰᠠᠭᠤᠷᠢ ᠳ᠋ᠠᠭᠠᠨ ᠬᠡᠯᠡᠭᠡᠳ ᠰᠢᠭᠤᠷᠬᠠᠢ ᠭᠤᠸᠠᠢ《 ᠬᠣᠯᠠᠳᠠᠭ᠎ᠠ ᠦᠭᠡᠢ》 ᠭᠡᠳᠡᠭ ᠨᠡᠷ᠎ᠡ ᠲᠡᠢ ᠠᠶᠠᠨ ᠳ᠋ᠠᠭᠠᠨ ᠮᠣᠷᠳᠠᠯ᠎ᠠ᠂ ᠬᠣᠶᠠᠷ ᠳᠡᠯᠭᠡᠭᠦᠷ ᠳᠠᠮᠵᠢᠨ᠂ ᠨᠢᠭᠡ ᠠᠷᠲ᠋ᠧᠯᠢ( ᠬᠣᠷᠰᠢᠶ᠎ᠠ) ᠳ᠋ᠤ᠌ ᠣᠴᠢᠵᠤ ᠮᠠᠯᠠᠭᠠᠢ ᠵᠠᠬᠢᠶᠠᠯᠠᠭᠠᠳ ᠴᠠᠭᠴᠢᠨ ᠢ᠋ᠶ᠋ᠠᠷ ᠣᠷᠣᠭᠠᠳ ᠵᠢᠷᠤᠭᠴᠢᠨ ᠢ᠋ᠶ᠋ᠠᠷ ᠳᠠᠮᠵᠢᠭᠠᠳ ᠦᠰᠦᠴᠢᠨ ᠳ᠋ᠦ᠍ ᠬᠦᠷᠬᠦ ᠪᠡᠷ ᠭᠦᠶᠦᠵᠦ ᠭᠠᠷᠴᠠᠢ᠃ ᠡᠨᠡ ᠬᠣᠭᠣᠷᠣᠨᠳᠣ ᠰᠠᠭᠤᠷᠢ ᠭᠤᠸᠠᠢ ᠰᠠᠭᠤᠷᠢᠨ ᠠ᠋ᠴᠠ ᠪᠠᠨ ᠬᠣᠪᠬᠣᠷᠠᠯ ᠦᠭᠡᠢ ᠠᠯᠪᠠᠨ ᠮᠡᠳᠡᠭᠡ ᠱᠠᠭᠠᠷᠳᠠᠨ ᠠᠷᠪᠠᠭᠠᠳ ᠤᠳᠠᠭ᠎ᠠ ᠤᠲᠠᠰᠤᠳᠠᠭᠠᠳ ᠠᠮᠠ ᠵᠢᠭᠠᠪᠤᠷᠢ ᠥᠭᠬᠦ ᠭᠡᠵᠦ ᠲᠠᠪᠤᠨ ᠳᠠᠬᠢᠨ ᠤᠲᠠᠰᠤᠳᠠᠭᠠᠳ᠂ ᠠᠷᠪᠠᠭᠠᠳ ᠫᠠᠫᠢᠷᠤᠰ ᠪᠠᠭᠠᠭᠢᠭᠤᠯᠵᠤ ᠠᠯᠪᠠᠨ ᠲᠠᠰᠤᠯᠭ᠎ᠠ ᠪᠠᠨ ᠤᠨᠢᠶᠠᠷᠲᠤᠭᠤᠯᠵᠦ ᠪᠠᠢᠵᠠᠢ᠃ 
      ᠭᠣᠩᠭᠣᠷ ᠭᠡᠳᠡᠭ ᠬᠥᠮᠦᠨ ᠭᠠᠳᠠᠨ᠎ᠠ ᠠ᠋ᠴᠠ ᠣᠷᠣᠵᠤ ᠢᠷᠡᠭᠡᠳ ᠨᠢᠪᠤ ᠰᠢᠭᠤᠷᠬᠠᠢ ᠶ᠋ᠢ ᠰᠤᠷᠠᠭᠯᠠᠭᠰᠠᠨ ᠳ᠋ᠤ᠌《 ᠣᠳᠣᠬᠠᠨ ᠳ᠋ᠠᠭᠠᠨ ᠠᠯᠠᠭ᠎ᠠ᠂ ᠣᠷᠣᠭᠠᠳ ᠢᠷᠡᠨ᠎ᠡ᠂ ᠤᠳᠠᠬᠤ ᠦᠭᠡᠢ》 ᠭᠡᠵᠦ ᠰᠠᠭᠤᠷᠢ ᠬᠠᠷᠢᠭᠤᠯᠤᠯ᠎ᠠ᠃ ᠭᠣᠩᠭᠣᠷ ᠭᠤᠴᠢᠨ ᠮᠢᠨᠦ᠋ᠲ ᠬᠦᠯᠢᠶᠡᠭᠡᠳ《 ᠵᠠ ᠶᠠᠭᠠᠬᠢᠳᠠᠭ ᠪᠢᠯᠡ᠂ ᠬᠣᠢᠲᠤᠬᠢ ᠠᠵᠢᠯ ᠬᠡᠴᠡᠭᠦᠳᠡᠯ᠎ᠡ》 ᠭᠡᠬᠦ ᠳ᠋ᠦ᠍᠂《 ᠰᠠᠭᠤᠷᠢ ᠭᠠᠳᠠᠭᠤᠷ ᠠᠵᠢᠯ ᠳ᠋ᠤ᠌ ᠶᠠᠪᠤᠴᠢᠬᠠᠪᠠ ᠪᠣᠯᠤᠯᠲᠠᠢ᠂ ᠭᠠᠢᠭᠤᠢ ᠲᠠ ᠣᠳᠣ ᠪᠤᠴᠠᠭᠰᠠᠨ ᠨᠢ ᠳᠡᠭᠡᠷ᠎ᠡ᠂12 ᠴᠠᠭ ᠤ᠋ᠨ ᠦᠶ᠎ᠡ ᠳ᠋ᠦ᠍ ᠢᠷᠡᠭᠰᠡᠨ ᠨᠢ ᠳᠡᠭᠡᠷ᠎ᠡ》 ᠭᠡᠯ᠎ᠡ᠃ ᠭᠣᠩᠭᠣᠷ ᠢ᠋ ᠭᠠᠷᠤᠭᠰᠠᠨ ᠳᠣᠣᠷ᠎ᠠ ᠰᠢᠭᠤᠷᠬᠠᠢ ᠱᠤᠤᠭᠢᠨ ᠣᠷᠣᠵᠤ ᠢᠷᠡᠭᠡᠳ ᠬᠣᠢᠲᠤ ᠠᠷᠲ᠋ᠧᠯᠢ ᠳ᠋ᠦ᠍ ᠺᠣᠰᠲ᠋ᠢᠶᠣᠮ(  ᠡᠸᠦ᠋ᠷᠦᠫᠡ ᠬᠤᠪᠴᠠᠰᠤ) ᠵᠠᠬᠢᠶᠠᠯᠠᠪᠠᠯ ᠬᠢᠮᠳᠠ ᠶᠤᠮ᠂ ᠤᠷᠲᠤ ᠳᠡᠯᠭᠡᠭᠦᠷ ᠲᠦ᠍ ᠤᠰᠤᠨ ᠤ᠋ ᠭᠤᠲᠤᠯ ᠡᠯᠪᠡᠭ ᠪᠠᠢᠨ᠎ᠠ᠃ ᠪᠠᠷᠠᠭᠤᠨ ᠮᠤᠬᠤᠯᠠᠭ ᠲᠤ᠌ ᠪᠠᠷᠠᠭᠠᠨ ᠤ᠋ ᠰᠠᠪᠤᠩ ᠭᠠᠷᠴᠤ ᠪᠠᠢᠨ᠎ᠠ᠃ ᠵᠡᠭᠦᠨ ᠭᠤᠸᠠᠩᠵᠡᠨ ᠳ᠋ᠤ᠌ ᠵᠦᠭᠡᠷ ᠫᠢᠸᠦ᠌ ᠬᠤᠳᠠᠯᠳᠤᠵᠤ ᠪᠠᠢᠨ᠎ᠠ ᠭᠡᠵᠦ ᠶᠠᠷᠢᠭᠰᠠᠨ ᠢ᠋ᠶ᠋ᠠᠨ ᠪᠠᠰᠠ ᠳᠠᠬᠢᠨ ᠱᠣᠷᠳ᠋ ᠬᠢᠨ ᠭᠠᠷᠴᠤ ᠶᠠᠪᠤᠪᠠ᠃ 
      ᠭᠣᠩᠭᠣᠷ ᠣᠷᠣᠵᠤ ᠢᠷᠡᠭᠡᠳ ᠪᠠᠰᠠ ᠯᠠ ᠢᠷᠡᠭᠡ ᠦᠭᠡᠢ ᠦᠦ ᠭᠡᠬᠦ ᠳ᠋ᠦ᠍ ᠰᠠᠭᠤᠷᠢ《 ᠢᠷᠡᠭᠰᠡᠨ ᠢᠷᠡᠭᠰᠡᠨ》 ᠭᠡᠵᠦ ᠲᠠᠮᠠᠬᠢᠨ ᠤ᠋ ᠪᠠᠨ ᠤᠲᠤᠭᠠᠨ ᠳ᠋ᠤ᠌ ᠬᠠᠬᠠᠵᠤ ᠴᠡᠴᠡᠨ ᠬᠡᠯᠡᠯ᠎ᠡ᠃《 ᠲᠡᠭᠡᠭᠡᠳ ᠬᠠᠮᠢᠭ᠎ᠠ ᠪᠠᠢᠨ᠎ᠠ》 ᠭᠡᠬᠦ ᠳ᠋ᠦ᠍ᠨᠢ《 ᠬᠣᠯᠠᠳᠠᠭ᠎ᠠ ᠦᠭᠡᠢ》 ᠭᠡᠯ᠎ᠡ᠃ ᠭᠣᠩᠭᠣᠷ 20 ᠮᠢᠨᠦ᠋ᠲ ᠬᠦᠯᠢᠶᠡᠭᠡᠳ《 ᠪᠠᠰᠠ ᠢᠷᠡᠬᠦ ᠪᠡᠨ ᠥᠩᠭᠡᠷᠡᠪᠡ ᠰᠢᠪ》 ᠭᠡᠬᠦ ᠳ᠋ᠦ᠍ ᠰᠠᠭᠤᠷᠢ ᠰᠠᠭᠤᠷᠢᠨ ᠠ᠋ᠴᠠ ᠪᠠᠨ ᠬᠣᠪᠬᠣᠷᠠᠵᠤ᠂ ᠪᠢ ᠣᠯᠤᠭᠠᠳ ᠢᠷᠡᠶ᠎ᠡ ᠭᠡᠯ᠎ᠡ᠃ ᠭᠣᠩᠭᠣᠷ ᠭᠠᠭᠴᠠᠭᠠᠷ ᠢ᠋ᠶ᠋ᠠᠨ ᠦᠯᠡᠳᠡᠭᠡᠳ ᠬᠦᠯᠢᠶᠡᠵᠦ 30 ᠮᠢᠨᠦ᠋ᠲ ᠪᠣᠯᠤᠯ᠎ᠠ᠃ ᠰᠢᠭᠤᠷᠬᠠᠢ ᠴᠤ᠌ ᠠᠯᠠᠭ᠎ᠠ᠂ ᠰᠠᠭᠤᠷᠢ ᠴᠤ᠌ ᠠᠯᠠᠭ᠎ᠠ᠃ ᠭᠣᠩᠭᠣᠷ ᠭᠣᠩᠰᠣᠢᠭᠠᠳ ᠪᠤᠴᠠᠯ᠎ᠠ᠃ 
      ᠬᠣᠶᠠᠷ《 ᠠᠪᠤᠷᠭᠤ》2 ᠴᠠᠭ ᠲᠤ᠌ ᠺᠣᠨᠲ᠋ᠣᠷ( ᠠᠵᠢᠯ ᠤ᠋ᠨ ᠥᠷᠥᠭᠡ) ᠲᠠᠭᠠᠨ ᠢᠷᠡᠯ᠎ᠡ᠃ ᠰᠠᠭᠤᠷᠢ ᠦᠳᠡ ᠡᠴᠡ ᠡᠮᠦᠨ᠎ᠡ ᠡᠭᠦᠷᠭᠡᠲᠦ ᠠᠯᠪᠠᠨ ᠠᠵᠢᠯ ᠢ᠋ᠶ᠋ᠠᠨ ᠲᠸᠯᠸᠹᠣᠨ( ᠬᠠᠷᠢᠯᠴᠠᠭᠤᠷ ᠤᠲᠠᠰᠤ)  ᠢᠶᠠᠷ《 ᠪᠠᠷᠠᠭᠳᠠᠭᠤᠯᠤᠭᠰᠠᠨ》 ᠲᠤᠯᠠ ᠣᠳᠣ ᠬᠤᠪᠢ ᠶ᠋ᠢᠨ ᠠᠵᠢᠯ ᠢ᠋ ᠪᠠᠷᠠᠭᠳᠠᠭᠤᠯᠬᠤ ᠭᠡᠵᠦ ᠶᠠᠷᠢᠵᠤ ᠭᠠᠷᠪᠠ᠃ ᠰᠠᠭᠤᠷᠢ ᠲᠸᠯᠸᠹᠤᠨ ᠢ᠋ᠶ᠋ᠠᠷ ᠶᠠᠷᠢᠭᠰᠠᠨ ᠵᠦᠢᠯ ᠦ᠋ᠨ ᠵᠠᠬ᠎ᠠ ᠠ᠋ᠴᠠ ᠳᠤᠷᠠᠳᠪᠠᠯ ᠨᠢᠭᠡ ᠬᠥᠮᠦᠨ ᠲᠡᠢ《 ᠴᠢ ᠮᠢᠨᠦ ᠵᠠᠬᠢᠭᠰᠠᠨ ᠢ᠋ ᠠᠮᠵᠢᠭᠤᠯᠵᠤ ᠪᠠᠢᠨ᠎ᠠ ᠤᠤ》 ᠭᠡᠳᠡᠭ ᠰᠡᠳᠦᠪ ᠢ᠋ᠶ᠋ᠡᠷ 10 ᠮᠢᠨᠦ᠋ᠲ᠂ ᠪᠠᠰᠠ ᠨᠢᠭᠡ ᠬᠥᠮᠦᠨ ᠲᠡᠢ ᠪᠠᠭ᠎ᠠ ᠨᠠᠰᠤᠨ ᠤ᠋ ᠪᠠᠨ ᠰᠣᠨᠢᠨ ᠦᠯᠢᠭᠡᠷ ᠶᠠᠷᠢᠵᠤ 20 ᠮᠢᠨᠦ᠋ᠲ᠂ ᠨᠢᠭᠡ《 ᠡᠩᠬᠦᠷᠡᠢ ᠬᠣᠩᠭᠣᠷ》 ᠭᠡᠵᠦ ᠨᠡᠷᠡᠯᠡᠭᠳᠡᠳᠡᠭ ᠬᠥᠮᠦᠨ ᠲᠡᠢ ᠳᠣᠷᠵᠢ ᠮᠥᠳᠳᠥ ᠢᠷᠡᠬᠦ ᠡᠰᠡᠬᠦ ᠲᠤᠬᠠᠢ 40 ᠮᠢᠨᠦ᠋ᠲ ᠶᠠᠷᠢᠯ᠎ᠠ᠃ ᠡᠨᠡ ᠪᠣᠯ ᠶᠡᠬᠡ ᠶᠠᠷᠢᠶᠠᠨ ᠤ᠋ ᠡᠬᠢ ᠵᠠᠬ᠎ᠠ ᠨᠢ ᠶᠦᠮ᠃ ᠰᠠᠭᠤᠷᠢ ᠶ᠋ᠢ ᠢᠩᠭᠢᠵᠦ ᠰᠠᠭᠤᠲᠠᠯ᠎ᠠ ᠨᠢ ᠭᠣᠩᠭᠣᠷ ᠣᠷᠣᠵᠤ ᠢᠷᠡᠭᠡᠳ《 ᠵᠠ ᠪᠠᠰᠠ ᠯᠠ ᠪᠠᠢᠬᠤ ᠦᠭᠡᠢ ᠰᠢᠪ》 ᠭᠡᠬᠦ ᠳ᠋ᠦ᠍ ᠰᠠᠭᠤᠷᠢ《 ᠣᠳᠣᠬᠠᠨ ᠳ᠋ᠠᠭᠠᠨ ᠠᠯᠠᠭ᠎ᠠ》 ᠭᠡᠵᠦ ᠬᠠᠷᠢᠭᠤᠯᠪᠠ᠃ 
      ᠭᠣᠩᠭᠣᠷ ᠬᠦᠢᠲᠡᠨ ᠢ᠋ᠶ᠋ᠡᠷ ᠢᠨᠢᠶᠡᠮᠰᠦᠭᠯᠡᠵᠦ᠂《 ᠣᠳᠣᠬᠠᠨ ᠳ᠋ᠠᠭᠠᠨ ᠠᠯᠠᠭ᠎ᠠ ᠭᠡᠰᠡᠨ ᠢ᠋ᠶ᠋ᠡᠷ ᠪᠠᠢᠭᠠᠳ ᠣᠷᠣ ᠦᠭᠡᠢ ᠠᠯᠠᠭ᠎ᠠ ᠬᠥᠮᠦᠨ ᠶᠦᠮ ᠳᠡ》 ᠭᠡᠳ ᠭᠠᠷᠴᠤ ᠣᠳᠤᠯ᠎ᠠ᠃ ᠡᠨᠡ ᠦᠶ᠎ᠡ ᠳ᠋ᠦ᠍ ᠰᠢᠭᠤᠷᠬᠠᠢ ᠱᠤᠤᠭᠢᠨ ᠬᠠᠷ᠎ᠠ ᠵᠠᠬ᠎ᠠ ᠪᠠᠷ ᠰᠢᠪᠲᠤ ᠭᠦᠶᠦᠵᠦ᠂ ᠰᠦᠨ ᠦ᠌ ᠵᠠᠬ᠎ᠠ ᠪᠠᠷ ᠳᠠᠭᠠᠷᠢᠭᠠᠳ ᠬᠡᠳᠦᠨ ᠳᠡᠯᠭᠡᠭᠦᠷ ᠬᠡᠰᠦᠭᠡᠳ ᠭᠡᠷ ᠲᠡᠭᠡᠨ ᠬᠠᠷᠢᠵᠤ᠂ ᠶᠠᠮᠪᠠ ᠲᠠᠢ ᠭᠡᠷᠭᠡᠢ ᠳ᠋ᠡᠭᠡᠨ ᠶᠠᠨᠲᠤᠩ ᠢ᠋ ᠨᠢ ᠬᠥᠯᠡᠵᠦ᠂ ᠦᠨᠡᠰᠦ ᠶ᠋ᠢ ᠨᠢ ᠭᠠᠷᠭᠠᠵᠤ ᠠᠮᠵᠢᠭᠰᠠᠨ ᠪᠠᠢᠵᠠᠢ᠃ ᠰᠢᠭᠤᠷᠬᠠᠢ ᠢᠩᠭᠢᠵᠦ ᠰᠢᠭᠤᠷᠬᠠᠢᠯᠠᠵᠤ ᠶᠠᠪᠤᠬᠤ ᠳ᠋ᠤ᠌ ᠠᠷᠤ ᠲᠠᠯ᠎ᠠ ᠳ᠋ᠤᠨᠢ ᠠᠯᠪᠠᠨ ᠠᠵᠢᠯ ᠨᠢ ᠬᠡᠢᠳᠡᠵᠦ( ᠡᠵᠡᠭᠦᠢᠲᠡᠬᠦ) ᠰᠢᠭᠤᠷᠬᠠᠢ ᠶ᠋ᠢ ᠰᠤᠷᠠᠭᠯᠠᠵᠤ ᠠᠷᠪᠠᠨ ᠬᠥᠮᠦᠨ ᠢᠷᠡᠭᠡᠳ ᠰᠢᠭᠤᠷᠬᠠᠢ ᠶ᠋ᠢ ᠠᠰᠠᠭᠤᠵᠤ᠂ ᠠᠷᠪᠠᠨ ᠬᠥᠮᠦᠨ ᠤᠲᠠᠰᠤᠳᠠᠭᠠᠳ ᠳᠠᠷᠠᠭ᠎ᠠ ᠨᠢ ᠬᠣᠶᠠᠷ ᠳᠠᠬᠢᠨ ᠳᠠᠭᠤᠳᠠᠭᠰᠠᠨ ᠪᠣᠯᠪᠠᠴᠤ ᠰᠠᠭᠤᠷᠢ ᠨᠠᠢᠵᠠ ᠨᠢ ᠲᠤᠬᠠᠢ ᠪᠦᠷᠢ ᠳ᠋ᠦ᠍ᠨᠢ ᠠᠷᠭᠠᠯᠠᠵᠤ《 ᠣᠢᠷᠠᠬᠠᠨ ᠶᠠᠪᠤᠭ᠎ᠠ ᠣᠷᠣᠭᠠᠳ ᠢᠷᠡᠨ᠎ᠡ》 ᠭᠡᠳᠡᠭ ᠡᠴᠡ ᠠᠪᠤᠭᠠᠳ《 ᠲᠣᠯᠣᠭᠠᠢ ᠨᠢ ᠡᠪᠡᠳᠦᠭᠡᠳ ᠡᠮᠴᠢ ᠳ᠋ᠦ᠍ ᠣᠴᠢᠭᠰᠠᠨ》᠂《 ᠬᠣᠯᠠᠳᠠᠭ᠎ᠠ ᠦᠭᠡᠢ》 ᠭᠡᠬᠦ ᠵᠡᠷᠭᠡ ᠣᠯᠠᠨ ᠰᠢᠯᠲᠠᠭ ᠵᠣᠬᠢᠶᠠᠵᠤ ᠣᠪᠯᠠᠨ ᠰᠠᠭᠤᠳᠠᠭ ᠪᠠᠢᠵᠠᠢ᠃ ᠮᠠᠨ ᠤ᠋ ᠬᠣᠶᠠᠷ ᠨᠠᠢᠵᠠ ᠲᠡᠷᠡ ᠬᠥᠮᠦᠨ ᠢ᠋ ᠲᠡᠭᠡᠵᠦ ᠳᠠᠪᠠᠯ᠎ᠠ᠂ ᠡᠨᠡ ᠬᠥᠮᠦᠨ ᠢ᠋ ᠢᠩᠭᠢᠵᠦ ᠳᠥᠩᠭᠡᠯ᠎ᠡ ᠭᠡᠵᠦ ᠣᠯᠢᠭ ᠦᠭᠡᠢ ᠶᠠᠪᠤᠳᠠᠯ ᠢ᠋ᠶ᠋ᠠᠨ ᠨᠢᠭᠤᠵᠤ ᠤᠪ ᠵᠠᠯᠢ ᠪᠠᠨ ᠮᠠᠭᠲᠠᠵᠤ ᠪᠠᠬᠠᠨ ᠴᠠᠭ ᠨᠦᠭᠴᠢᠭᠡᠳᠡᠭ ᠪᠠᠢᠵᠠᠢ᠃ 
      ᠭᠡᠲᠡᠯ᠎ᠡ ᠬᠣᠶᠠᠷ ᠣᠪᠲᠠᠨ ᠤ᠋ ᠠᠷᠭ᠎ᠠ ᠪᠠᠭᠠᠰᠢ ᠶ᠋ᠢ ᠲᠡᠷᠡ ᠪᠠᠢᠭᠤᠯᠭ᠎ᠠ ᠶ᠋ᠢᠨ ᠬᠢᠨ ᠮᠡᠳᠡᠭᠰᠡᠨ ᠢ᠋ᠶ᠋ᠡᠷ ᠪᠠᠷᠠᠬᠤ ᠦᠭᠡᠢ᠂ ᠭᠦᠶᠦᠳᠡᠭ ᠰᠠᠭᠤᠳᠠᠭ ᠭᠡᠵᠦ ᠨᠡᠷ᠎ᠡ《 ᠡᠷᠭᠦᠮᠵᠢᠯᠡᠭᠡᠳ》᠂ ᠪᠠᠰᠠ ᠵᠣᠬᠢᠬᠤ ᠠᠷᠭ᠎ᠠ ᠬᠡᠮᠵᠢᠶ᠎ᠡ ᠪᠡᠯᠡᠳᠬᠡᠵᠦ ᠪᠠᠢᠪᠠ᠃ ᠬᠡᠳᠦ ᠬᠣᠨᠣᠭ ᠤ᠋ᠨ ᠳᠠᠷᠠᠭ᠎ᠠ ᠭᠣᠩᠭᠣᠷ ᠢ᠋ ᠢᠷᠡᠬᠦ ᠳ᠋ᠦ᠍ ᠥᠨᠥᠬᠢ ᠤᠨᠢᠶᠠᠷ ᠲᠠᠢ ᠥᠷᠥᠭᠡ ᠴᠡᠯᠮᠡᠵᠦ᠂ ᠣᠳᠣᠬᠠᠨ ᠳ᠋ᠠᠭᠠᠨ ᠠᠯᠠᠭ᠎ᠠ ᠪᠠᠢᠳᠠᠭ ᠰᠢᠭᠤᠷᠬᠠᠢ ᠭᠤᠸᠠᠢ ᠠᠯᠠᠭ᠎ᠠ ᠪᠣᠯᠤᠭᠠᠳ ᠣᠷᠣᠨ ᠳ᠋ᠤᠨᠢ ᠥᠭᠡᠷ᠎ᠡ ᠬᠥᠮᠦᠨ ᠠᠵᠢᠯᠯᠠᠵᠤ ᠪᠠᠢᠪᠠ᠃ ᠰᠠᠭᠤᠷᠢ ᠭᠤᠸᠠᠢ ᠴᠤ᠌ ᠰᠠᠭᠤᠷᠢᠨ ᠠ᠋ᠴᠠ ᠪᠠᠨ ᠬᠣᠪᠬᠣᠷᠠᠭᠠᠳ ᠠᠯᠠᠭ᠎ᠠ ᠪᠣᠯᠵᠠᠢ᠃ 
      – ᠢᠩᠭᠢᠬᠦ ᠶᠣᠰᠣᠲᠠᠢ ᠪᠠᠢᠭᠰᠠᠨ ᠶᠤᠮ᠁ ᠬᠡᠨ ᠢᠩᠭᠢᠵᠦ ᠥᠭᠡᠷᠡᠴᠢᠯᠡᠪᠡ ᠭᠡᠰᠡᠨ ᠭᠣᠩᠭᠣᠷ ᠤ᠋ᠨ ᠠᠰᠠᠭᠤᠯᠲᠠ ᠳ᠋ᠤ᠌ ᠲᠡᠷᠡ ᠰᠢᠨ᠎ᠡ ᠬᠥᠮᠦᠨ᠄
      – ᠰᠢᠭᠦᠮᠵᠢᠯᠡᠯ ᠢᠩᠭᠢᠵᠦ ᠥᠭᠡᠷᠡᠴᠢᠯᠡᠯ᠎ᠡ ᠭᠡᠵᠦ ᠬᠠᠷᠢᠭᠤᠯᠪᠠ᠃  

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

     ᠲᠩᠷᠢ ᠡᠵᠢ ᠠᠮᠢᠯᠠᠭᠤᠯᠤᠨ ᠬᠠᠭᠤᠯᠪᠠ᠂
        ᠬᠢᠨᠠᠭᠴᠢ ᠄  ᠭᠠᠸᠠ    
           2023᠂ 7᠂ 8 ᠪ ᠡᠲ‍ᠦᠷ