ᠬᠢᠷᠣᠰᠢᠮᠠ ᠶ᠋ᠢᠨ ᠥᠬᠢᠨ ᠦ᠌ ᠴᠠᠭᠠᠰᠤᠨ ᠰᠢᠪᠠᠭᠤ- 〔ᠮᠣᠩᠭᠣᠯ ᠲᠤᠯᠭᠠᠲᠠᠨ ᠤ᠋ 100 ᠳᠠᠭᠤᠤ〕 Хирошимагийн охины цаасан шувуу -[Монгол Тулгатны 100 дуу]
1000 ᠴᠠᠭᠠᠰᠤᠨ ᠰᠢᠪᠠᠭᠤ ᠪᠣᠯᠤᠨ ᠰᠠᠰᠠᠺᠢ ᠰᠠᠳᠠᠺᠣ ᠥᠬᠢᠨ ᠦ᠌ ᠲᠡᠦᠬᠡ
ᠲᠠ ᠪᠦᠬᠦᠨ ᠮᠡᠳᠡᠬᠦ ᠪᠠᠢᠬᠤ ᠡᠨᠡ ᠬᠥᠭᠡᠷᠦᠬᠦᠨ ᠥᠬᠢᠨ ᠦ᠌ ᠨᠡᠷ᠎ᠡ ᠶ᠋ᠢ ᠰᠠᠰᠠᠺᠢ ᠰᠠᠳᠠᠺᠣ ᠭᠡᠳᠡᠭ ᠪᠥᠭᠡᠳ ᠳᠠᠭᠤᠴᠢᠨ ᠣᠶᠤᠨᠲᠦᠯᠬᠢᠭᠦᠷ ᠦ᠋ᠨ ᠳᠠᠭᠤᠯᠠᠭᠰᠠᠨ ᠬᠢᠷᠣᠰᠢᠮᠠ ᠶ᠋ᠢᠨ ᠥᠬᠢᠨ ᠦ᠌ ᠴᠠᠭᠠᠰᠤᠨ ᠰᠢᠪᠠᠭᠤ ᠬᠡᠮᠡᠬᠦ ᠳᠠᠭᠤᠤ ᠨᠢ ᠡᠨᠡ ᠥᠬᠢᠨ ᠦ᠌ ᠳᠤᠷᠠᠰᠬᠠᠯ ᠳ᠋ᠤ᠌ ᠵᠣᠷᠢᠭᠤᠯᠵᠤ ᠬᠢᠵᠡᠢ᠃
ᠶᠠᠫᠣᠨ ᠤ᠋ ᠬᠢᠷᠣᠰᠢᠮᠠ ᠶ᠋ᠢᠨ ᠠᠲ᠋ᠣᠮ ᠤ᠋ᠨ ᠪᠥᠮᠪᠥᠭᠡᠳᠡᠯᠲᠡ ᠶ᠋ᠢᠨ ᠦᠶ᠎ᠡ ᠪᠡᠷ ᠶᠡᠷᠦ ᠳ᠋ᠡᠭᠡᠨ ᠬᠣᠶᠠᠷᠬᠠᠨ ᠨᠠᠰᠤᠲᠠᠢ ᠵᠢᠭᠠᠬᠠᠨ ᠥᠬᠢᠨ ᠪᠠᠢᠭᠰᠠᠨ ᠪᠥᠭᠡᠳ ᠠᠲ᠋ᠣᠮ ᠤ᠋ᠨ ᠪᠥᠮᠪᠦᠭᠡᠳᠡᠯᠲᠡ ᠡᠴᠡ ᠡᠰᠡᠨ ᠮᠡᠨᠳᠦ ᠭᠠᠷᠴᠤ ᠲᠡᠷᠡ ᠦᠶ᠎ᠡ ᠳ᠋ᠦ᠍ ᠭᠠᠳᠠᠨ᠎ᠠ ᠪᠠᠨ ᠶᠠᠮᠠᠷ ᠴᠤ᠌ ᠭᠡᠮᠲᠦᠯ᠂ ᠰᠢᠷᠬ᠎ᠠ ᠦᠭᠡᠢ ᠪᠠᠢᠭᠰᠠᠨ ᠲᠤᠯᠠ 《ᠠᠵᠠ ᠪᠠᠷ ᠠᠪᠤᠷᠠᠭᠳᠠᠭᠰᠠᠨ》 ᠭᠡᠵᠦ ᠢᠷᠦᠭᠡᠭᠰᠡᠨ ᠭᠡᠳᠡᠭ᠃ ᠭᠡᠪᠡᠴᠦ ᠰᠠᠴᠤᠷᠠᠭ ᠤ᠋ᠨ ᠬᠣᠣᠷᠳᠠᠯᠭ᠎ᠠ ᠲᠡᠭᠦᠨ ᠢ᠋ ᠠᠭᠠᠵᠢᠮ ᠠᠭᠠᠵᠢᠮ ᠢ᠋ᠶ᠋ᠠᠷ ᠬᠥᠨᠥᠭᠡᠵᠦ ᠪᠠᠢᠭᠰᠠᠨ ᠪᠥᠭᠡᠳ ᠲᠡᠷᠡ ᠠᠶᠤᠮᠰᠢᠭᠲᠤ ᠡᠳᠦᠷ ᠡᠴᠡ ᠬᠣᠢᠰᠢ 9 ᠵᠢᠯ ᠦ᠋ᠨ ᠳᠠᠷᠠᠭ᠎ᠠ ᠴᠢᠰᠤᠨ ᠤ᠋ ᠬᠣᠣᠷᠠᠲᠤ ᠬᠠᠪᠤᠳᠠᠷ ᠡᠪᠡᠳᠴᠢᠨ ᠳ᠋ᠦ᠍ ᠲᠤᠰᠴᠠᠢ᠃
ᠡᠮᠴᠢ ᠲᠡᠭᠦᠨ ᠳ᠋ᠦ᠍1ᠵᠢᠯ ᠦ᠋ᠨ ᠠᠮᠢᠳᠤᠷᠠᠬᠤ ᠨᠠᠰᠤ ᠦᠯᠡᠳᠡᠭᠰᠡᠨ ᠭᠡᠮᠡᠨ ᠭᠡᠷ ᠦ᠋ᠨ ᠬᠢᠨ ᠳ᠋ᠦ᠍ ᠬᠡᠯᠡᠵᠡᠢ᠃ ᠥᠬᠢᠨ ᠡᠮᠨᠡᠯᠭᠡ ᠳ᠋ᠦ᠍ ᠬᠡᠪᠲᠡᠵᠦ ᠡᠮᠡᠴᠢᠯᠡᠭᠦᠯᠦᠨ᠂ ᠥᠪᠡᠷ ᠦ᠋ᠨ ᠪᠣᠯᠤᠨ ᠪᠤᠰᠤᠳ ᠬᠥᠮᠦᠰ ᠦ᠋ᠨ ᠡᠪᠡᠳᠴᠢᠨ ᠲᠦᠷᠭᠡᠨ ᠡᠳᠡᠭᠡᠷᠡᠭᠡᠰᠡᠢ ᠭᠡᠵᠦ ᠡᠳᠦᠷ ᠪᠦᠷᠢ ᠵᠠᠯᠪᠠᠷᠢᠵᠤ ᠪᠠᠢᠭᠰᠠᠨ ᠨᠢ ᠭᠠᠢᠬᠠᠯᠲᠠᠢ᠃ ᠥᠬᠢᠨ ᠮᠢᠩᠭᠠᠨ ᠴᠠᠭᠠᠰᠤᠨ ᠰᠢᠪᠠᠭᠤ ᠬᠢᠪᠡᠯ ᠠᠮᠢᠳᠤ ᠭᠠᠷᠴᠤ᠂ ᠡᠪᠡᠳᠴᠢᠨ ᠨᠢ ᠬᠤᠷᠳᠤᠨ ᠡᠳᠡᠭᠡᠷᠡᠳᠡᠭ ᠭᠡᠰᠡᠨ ᠶᠠᠫᠣᠨ ᠤ᠋ ᠬᠠᠭᠤᠴᠢᠨ ᠤ᠋ ᠳᠣᠮᠣᠭ ᠢ᠋ ᠢᠳᠡᠭᠡᠨ ᠡᠳᠦᠷ ᠪᠦᠷᠢ ᠤᠤᠭᠤᠭᠰᠠᠨ ᠡᠮ ᠤᠨ ᠢ᠋ᠶ᠋ᠠᠨ ᠴᠠᠭᠠᠰᠤ ᠶ᠋ᠢ ᠬᠠᠳᠠᠭᠠᠯᠠᠨ ᠴᠠᠭᠠᠰᠤᠨ ᠰᠢᠪᠠᠭᠤ ᠨᠤᠭᠤᠯᠵᠤ ᠡᠬᠢᠯᠡᠭᠰᠡᠨ ᠶᠦᠮ᠃ ᠥᠬᠢᠨ ᠨᠤᠭᠤᠯᠤᠭᠰᠠᠭᠠᠷ ᠨᠤᠭᠤᠯᠤᠭᠰᠠᠭᠠᠷ ᠯᠠ......᠃ ᠠᠯᠢ ᠬᠡᠳᠦᠢᠨ ᠨᠠᠢ᠍ᠮᠠᠨ ᠰᠠᠷ᠎ᠠ ᠥᠩᠭᠡᠷᠡᠭᠰᠡᠨ ᠪᠥᠭᠡᠳ ᠥᠬᠢᠨ 644 ᠰᠢᠪᠠᠭᠤ ᠬᠢᠭᠡᠳ ᠨᠠᠰᠤ ᠪᠠᠷᠠᠵᠠᠢ᠃ ᠲᠡᠭᠦᠨ ᠦ᠌ ᠠᠩᠭᠢ ᠶ᠋ᠢᠨ ᠨᠠᠢᠵᠠ ᠨᠤᠭᠤᠳ ᠨᠢ ᠦᠯᠡᠳᠡᠭᠰᠡᠨ 356 ᠴᠠᠭᠠᠰᠤᠨ ᠰᠢᠪᠠᠭᠤ ᠶ᠋ᠢ ᠭᠦᠢᠴᠡᠳᠬᠡᠨ ᠬᠢᠵᠦ ᠲᠡᠭᠦᠨ ᠲᠡᠢ ᠬᠠᠮᠲᠤ ᠣᠷᠣᠰᠢᠭᠤᠯᠤᠭᠰᠠᠨ ᠪᠠᠢᠨ᠎ᠠ᠃ ᠡᠨᠡ ᠶᠠᠪᠤᠳᠠᠯ ᠬᠥᠮᠦᠨ ᠪᠦᠷᠢ ᠶ᠋ᠢᠨ ᠰᠡᠳᠬᠢᠯ ᠳ᠋ᠦ᠍ ᠬᠦᠷᠴᠦ᠂ ᠡᠩᠬᠡ ᠲᠠᠢᠪᠤᠩ᠂ ᠴᠥᠮ᠎ᠡ ᠶ᠋ᠢᠨ ᠡᠰᠡᠷᠡᠭ ᠵᠣᠭᠰᠣᠬᠤ ᠨᠢᠭᠡᠳᠦᠮᠡᠯ ᠰᠡᠳᠬᠢᠯ ᠢ᠋ ᠪᠣᠢ ᠪᠣᠯᠭᠠᠭᠰᠠᠨ ᠭᠡᠳᠡᠭ᠃ ᠶᠠᠫᠣᠨ ᠤ᠋ ᠠᠷᠠᠳ ᠲᠦᠮᠡᠨ ᠨᠢᠭᠡ ᠵᠡᠷᠭᠡ ᠬᠥᠭᠡᠷᠦᠬᠦᠢ ᠥᠬᠢᠨ ᠳ᠋ᠦ᠍ ᠵᠣᠷᠢᠭᠤᠯᠤᠨ ᠴᠠᠭᠠᠰᠤᠨ ᠰᠢᠪᠠᠭᠤ ᠬᠢᠵᠦ ᠡᠬᠢᠯᠡᠭᠰᠡᠨ ᠪᠥᠭᠡᠳ ᠥᠬᠢᠨ ᠢ᠋ ᠥᠩᠭᠡᠷᠡᠭᠰᠡᠨ ᠡᠴᠡ ᠬᠣᠢᠰᠢ ᠨᠢᠭᠡ ᠵᠢᠯ ᠦ᠋ᠨ ᠳᠣᠲᠣᠷ᠎ᠠ ᠵᠠᠭᠤᠨ ᠮᠢᠩᠭᠠᠨ ᠴᠠᠭᠠᠰᠤᠨ ᠰᠢᠪᠠᠭᠤ ᠬᠢᠷᠣᠰᠢᠮᠠ ᠬᠣᠲᠠᠨ ᠳ᠋ᠤ᠌ ᠴᠤᠭᠯᠠᠷᠠᠵᠠᠢ᠃ ᠦᠨᠡᠬᠡᠷ ᠬᠠᠷᠠᠮᠰᠠᠯᠲᠠᠢ ᠭᠤᠨᠢᠭᠲᠠᠢ ᠲᠡᠦᠬᠡ ᠶᠦ᠍ᠮ᠃
ᠲᠡᠷᠡ 1943 ᠣᠨ ᠤ᠋ 1 ᠰᠠᠷ᠎ᠠ ᠶ᠋ᠢᠨ 7 ᠳ᠋ᠤ᠌ ᠮᠡᠨᠳᠦᠯᠡᠵᠦ 1955 ᠣᠨ ᠤ᠋ 10 ᠰᠠᠷ᠎ᠠ ᠶ᠋ᠢᠨ 25 ᠳ᠋ᠤ᠌ ᠬᠣᠷᠸ᠎ᠠ ᠶ᠋ᠢᠨ ᠮᠥᠩᠬᠡ ᠪᠤᠰᠤ ᠶ᠋ᠢ ᠦᠵᠡᠭᠦᠯᠵᠡᠢ᠃ ᠲᠡᠭᠦᠨ ᠦ᠌ ᠡᠴᠦᠰ ᠦ᠋ᠨ ᠬᠦᠰᠡᠯ ᠠᠲ᠋ᠣᠮ ᠤ᠋ᠨ ᠪᠥᠮᠪᠥᠭᠡ ᠪᠣᠯᠤᠨ ᠲᠡᠢᠨ ᠦ᠌ ᠡᠰᠡᠷᠡᠭ ᠪᠠᠢᠭᠰᠠᠨ ᠤᠴᠢᠷ ᠲᠡᠭᠦᠨ ᠢ᠋ ᠳᠡᠯᠡᠬᠡᠢ ᠶ᠋ᠢᠨ ᠡᠩᠬᠡ ᠲᠠᠢᠪᠤᠩ ᠤ᠋ᠨ ᠪᠡᠯᠭᠡᠳᠡᠯ ᠪᠣᠯᠭᠠᠨ ᠮᠥᠩᠬᠡᠯᠡᠭᠰᠡᠨ ᠪᠠᠢᠳᠠᠭ᠃









