ᠡᠮᠡᠭᠲᠡᠢᠴᠦᠳ ᠮᠢᠨᠢ ᠵᠢᠷᠭᠠᠯ ᠲᠠᠢ ᠢᠨᠢᠶᠡᠵᠦ ᠶᠠᠪᠤᠭᠠᠷᠠᠢ – ᠳᠤᠯᠭᠠᠷᠮ᠎ᠠ Эмэгтэйчүүд минь жаргалтай инээж яваарай –  Долгормаа ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠮᠡᠭᠲᠡᠢᠴᠦᠳ ᠮᠢᠨᠢ ᠵᠢᠷᠭᠠᠯ ᠲᠠᠢ ᠢᠨᠢᠶᠡᠵᠦ ᠶᠠᠪᠤᠭᠠᠷᠠᠢ – ᠳᠤᠯᠭᠠᠷᠮ᠎ᠠ Эмэгтэйчүүд минь жаргалтай инээж яваарай –  Долгормаа

ᠡᠮᠡᠭᠲᠡᠢᠴᠦᠳ ᠮᠢᠨᠢ ᠵᠢᠷᠭᠠᠯ ᠲᠠᠢ ᠢᠨᠢᠶᠡᠵᠦ ᠶᠠᠪᠤᠭᠠᠷᠠᠢ – ᠳᠤᠯᠭᠠᠷᠮ᠎ᠠ Эмэгтэйчүүд минь жаргалтай инээж яваарай –  Долгормаа

2023-07-12

681

ᠡᠮᠡᠭᠲᠡᠢᠴᠦᠳ ᠮᠢᠨᠢ ᠵᠢᠷᠭᠠᠯ ᠲᠠᠢ ᠢᠨᠢᠶᠡᠵᠦ ᠶᠠᠪᠤᠭᠠᠷᠠᠢ


       ᠳᠤᠯᠭᠠᠷᠮ᠎ᠠ 

ᠡᠮᠡᠭᠲᠡᠢ ᠬᠥᠮᠦᠨ ᠬᠡᠦᠬᠡᠨ ᠨᠢ ᠪᠣᠯᠵᠤ ᠲᠥᠷᠥᠭᠡᠳ 
ᠠᠪᠤ ᠡᠵᠢ ᠪᠡᠨ ᠪᠠᠶᠠᠷᠯᠠᠭᠤᠯᠳᠠᠭ 
ᠡᠮᠡᠭᠲᠡᠢ ᠬᠥᠮᠦᠨ ᠭᠡᠷᠭᠡᠢ ᠨᠢ ᠪᠣᠯᠵᠤ ᠣᠴᠢᠭᠠᠳ 
ᠡᠷ᠎ᠡ ᠨᠥᠬᠥᠷ ᠢ᠋ᠶ᠋ᠡᠨ ᠪᠠᠶᠠᠰᠬᠠᠳᠠᠭ 
ᠡᠮᠡᠭᠲᠡᠢ ᠬᠥᠮᠦᠨ ᠪᠡᠷᠢ ᠨᠢ ᠪᠣᠯᠵᠤ ᠢᠷᠡᠭᠡᠳ 
ᠭᠠᠯ ᠭᠣᠯᠣᠮᠲᠠ ᠪᠠᠨ ᠪᠠᠳᠠᠷᠠᠭᠠᠳᠠᠭ 
ᠡᠮᠡᠭᠲᠡᠢ ᠬᠥᠮᠦᠨ ᠡᠵᠢ ᠨᠢ ᠪᠣᠯᠵᠤ ᠲᠥᠷᠥᠭᠡᠳ 
ᠥᠪᠡᠷ ᠦ᠋ᠨ ᠪᠡᠶ᠎ᠡ ᠪᠡᠨ ᠪᠠᠶᠠᠵᠢᠭᠤᠯᠳᠠᠭ
ᠡᠮᠡᠭᠲᠡᠢ ᠬᠥᠮᠦᠨ ᠡᠯᠢᠭᠡ ᠪᠡᠨ ᠡᠮᠲᠡᠯᠵᠦ᠂
ᠡᠨᠡ ᠪᠡᠶ᠎ᠡ ᠪᠡᠨ ᠬᠤᠪᠢᠶᠠᠵᠤ
ᠦᠷ᠎ᠡ ᠬᠡᠦᠬᠡᠳ ᠢ᠋ᠶ᠋ᠡᠨ ᠥᠰᠬᠡᠳᠡᠭ
ᠡᠮᠡᠭᠲᠡᠢ ᠬᠥᠮᠦᠨ ᠠᠵᠢᠯ ᠠᠮᠢᠳᠤᠷᠠᠯ ᠳ᠋ᠠᠭᠠᠨ ᠬᠠᠲᠠᠭᠤᠵᠢᠵᠤ
ᠠᠢᠯ ᠡᠷᠦᠬᠡ ᠪᠡᠨ ᠪᠣᠰᠬᠠᠳᠠᠭ
ᠡᠮᠡᠭᠲᠡᠢ ᠬᠥᠮᠦᠨ ᠠᠴᠢᠯᠠᠯ ᠬᠠᠢᠷ᠎ᠠ ᠪᠠᠨ ᠢᠪᠡᠭᠡᠵᠦ
ᠠᠪᠤ ᠡᠵᠢ ᠪᠡᠨ ᠠᠴᠢᠯᠠᠳᠠᠭ
ᠡᠮᠡᠭᠲᠡᠢ ᠬᠥᠮᠦᠨ ᠲᠤᠭᠤᠯ ᠴᠤ᠌ ᠬᠠᠷᠢᠭᠤᠯᠵᠤ᠂
ᠲᠤᠭ ᠴᠤ᠌ ᠠᠳᠬᠤᠵᠤ
ᠲᠥᠷᠥ ᠶ᠋ᠢᠨ ᠲᠥᠯᠥᠭᠡ ᠴᠦ᠍ ᠪᠣᠰᠳᠠᠭ
ᠡᠮᠡᠭᠲᠡᠢ ᠬᠥᠮᠦᠨ ᠭᠡᠷᠡᠯ ᠣᠷᠣᠬᠤ ᠲᠣᠭᠣᠨᠣ ᠲᠠᠢ᠂
ᠭᠡᠢᠴᠢᠨ ᠤᠷᠢᠳᠠᠭ ᠡᠭᠦᠳᠡ ᠲᠡᠢ ᠭᠡᠷ ᠲᠡᠭᠡᠨ
ᠤᠬᠠᠭᠠᠨ ᠤ᠋ ᠭᠦᠨ᠂ ᠠᠭᠠᠰᠢ ᠶ᠋ᠢᠨ ᠰᠠᠢᠬᠠᠨ ᠢ᠋ᠶ᠋ᠠᠷ ᠭᠡᠷᠡᠯᠲᠦᠭᠦᠯᠵᠦ ᠶᠠᠪᠤᠭᠰᠠᠨ
ᠡᠮᠡᠭᠲᠡᠢ ᠬᠥᠮᠦᠨ ᠦᠨᠡᠨ ᠬᠤᠳᠠᠯ ᠨᠢ ᠬᠣᠯᠢᠯᠳᠤᠭᠰᠠᠨ᠂
ᠵᠢᠷᠭᠠᠯ ᠵᠣᠪᠠᠯᠠᠩ ᠠᠯᠠᠭᠯᠠᠭᠰᠠᠨ ᠡᠨᠡ ᠣᠷᠴᠢᠯᠠᠩ ᠳ᠋ᠤ᠌
ᠵᠣᠷᠢᠭ ᠬᠠᠲᠠᠭᠤ ᠢᠲᠡᠭᠡᠯ ᠳᠦᠭᠦᠷᠡᠩ᠂ ᠲᠡᠨᠢᠭᠦᠨ ᠠᠯᠬᠤᠭᠰᠠᠨ
ᠡᠮᠡᠭᠲᠡᠢ ᠬᠥᠮᠦᠨ ᠢ᠋ ᠦᠰᠦ ᠨᠢ ᠤᠷᠲᠤ᠂
ᠤᠬᠠᠭᠠᠨ ᠨᠢ ᠣᠬᠣᠷ ᠭᠡᠵᠦ ᠬᠡᠯᠡᠳᠡᠭ ᠴᠦ᠍
ᠳᠣᠷᠣᠢᠬᠠᠨ ᠲᠥᠷᠥᠭᠰᠡᠨ ᠡᠷᠡᠴᠦᠳ ᠲᠦ᠍ ᠪᠣᠯ
ᠡᠮᠡᠭᠲᠡᠢ ᠬᠥᠮᠦᠨ ᠭᠡᠵᠦ ᠤᠯᠠᠷᠢᠯ ᠤ᠋ᠨ ᠪᠣᠯ ᠬᠠᠪᠤᠷ ᠨᠢ ᠪᠠᠢᠳᠠᠭ᠂
ᠤᠷᠭᠤᠮᠠᠯ ᠤ᠋ᠨ ᠪᠣᠯ ᠴᠡᠴᠡᠭ ᠨᠢ ᠪᠠᠢᠳᠠᠭ
ᠤᠰᠤᠨ ᠤ᠋ ᠪᠣᠯ ᠣᠨᠳᠣᠷᠤᠯᠭ᠎ᠠ ᠨᠢ ᠪᠠᠢᠳᠠᠭ᠂
ᠠᠭᠤᠯᠠᠨ ᠤ᠋ ᠪᠣᠯ ᠣᠷᠭᠢᠯ ᠨᠢ ᠪᠠᠢᠳᠠᠭ ᠭᠡᠵᠦ ᠬᠠᠷᠢᠭᠤᠯᠤᠭᠠᠷᠠᠢ
ᠡᠮᠡᠭᠲᠡᠢᠴᠦᠳ ᠮᠢᠨᠢ
ᠠᠯᠠᠭ ᠴᠡᠴᠡᠭ ᠢ᠋ ᠢᠴᠢᠭᠡᠮᠡᠷ
ᠭᠣᠶᠣᠯᠠᠵᠤ ᠰᠠᠢᠬᠠᠨ ᠶᠠᠪᠤᠭᠠᠷᠠᠢ
ᠡᠮᠡᠭᠲᠡᠢᠴᠦᠳ ᠮᠢᠨᠢ
ᠪᠦᠷᠬᠦᠭ ᠲᠩᠷᠢ ᠭᠡᠢᠮᠡᠷ
ᠢᠨᠢᠶᠡᠵᠦ ᠵᠢᠷᠭᠠᠵᠤ ᠶᠠᠪᠤᠭᠠᠷᠠᠢ
ᠡᠮᠡᠭᠲᠡᠢᠴᠦᠳ ᠮᠢᠨᠢ
ᠠᠷᠪᠠᠨ ᠲᠠᠪᠤᠨ ᠤ᠋ ᠰᠠᠷᠠ ᠰᠢᠭ᠋
ᠰᠡᠪ ᠦᠭᠡᠢ ᠲᠤᠩᠭᠠᠯᠠᠭ ᠶᠠᠪᠤᠭᠠᠷᠠᠢ
ᠡᠮᠡᠭᠲᠡᠢᠴᠦᠳ ᠮᠢᠨᠢ ᠡᠩᠬᠦᠷᠡᠢᠬᠡᠨ ᠭᠣᠶᠣᠬᠠᠨ ᠳᠦᠷᠢ ᠲᠡᠢ
ᠡᠷᠡᠰ ᠬᠠᠲᠠᠭᠤ ᠵᠣᠷᠢᠭ ᠲᠠᠢ
ᠰᠡᠴᠡᠨ ᠰᠡᠷᠭᠦᠯᠡᠩ ᠤᠬᠠᠭᠠᠨ ᠲᠠᠢ
ᠲᠠᠢᠪᠤᠩ ᠠᠮᠤᠭᠤᠯᠠᠩ ᠵᠢᠷᠭᠠᠵᠤ ᠶᠠᠪᠤᠭᠠᠷᠠᠢ!

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ ᠪᠠᠭᠰᠢ᠄ ᠣᠳᠬᠠᠨᠰᠣ᠎ᠠ᠂ ᠰᠡᠷᠭᠦᠯᠡᠩ

– – – –
① ᠬᠥᠮᠦᠨ ᠵᠥᠭᠡᠭᠡᠬᠦ ᠨᠡᠢᠲᠡ ᠶ᠋ᠢᠨ ᠮᠠᠰᠢᠨ

《 ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃