ᠳᠣᠯᠣᠭᠠᠨ ᠥᠨᠳᠡᠭᠡ ᠲᠠᠢ ᠱᠠᠭᠠᠵᠠᠭᠠᠢ Долоон өндөгтай шаазгай ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠥᠨᠳᠡᠭᠡ ᠲᠠᠢ ᠱᠠᠭᠠᠵᠠᠭᠠᠢ Долоон өндөгтай шаазгай

ᠳᠣᠯᠣᠭᠠᠨ ᠥᠨᠳᠡᠭᠡ ᠲᠠᠢ ᠱᠠᠭᠠᠵᠠᠭᠠᠢ Долоон өндөгтай шаазгай

ᠠᠩᠭᠢᠯᠠᠯ:ᠳᠣᠮᠣᠭ ᠦᠯᠢᠭᠡᠷ
2023-07-12

525

ᠳᠣᠯᠣᠭᠠᠨ ᠥᠨᠳᠡᠭᠡ ᠲᠠᠢ ᠱᠠᠭᠠᠵᠠᠭᠠᠢ

   ᠡᠷᠲᠡ ᠤᠷᠢᠳᠤ ᠶ᠋ᠢᠨ ᠴᠠᠭ ᠲᠤ᠌᠂ ᠠᠯᠲᠠᠨ ᠤᠯᠢᠶᠠᠰᠤᠨ ᠮᠣᠳᠣᠨ ᠳᠡᠭᠡᠷ᠎ᠡ ᠳᠣᠯᠣᠭᠠᠨ ᠥᠨᠳᠡᠭᠡ ᠲᠡᠢ ᠳᠣᠭᠣᠯᠠᠩ ᠱᠠᠭᠠᠵᠠᠭᠠᠢ ᠠᠮᠢᠳᠤᠷᠠᠳᠠᠭ ᠪᠠᠢᠵᠠᠢ᠃ ᠭᠡᠲᠡᠯ᠎ᠡ ᠨᠢᠭᠡ ᠡᠳᠦᠷ ᠂ᠦᠨᠡᠭᠡ ᠬᠦᠷᠴᠦ ᠢᠷᠡᠭᠡᠳ᠄《ᠳᠣᠯᠣᠭᠠᠨ ᠥᠨᠳᠡᠭᠡᠨ ᠡᠴᠡ ᠪᠡᠨ ᠨᠢᠭᠡ ᠶ᠋ᠢ ᠨᠢ ᠥᠭᠭᠦᠭᠡᠷᠡᠢ᠂ ᠪᠢ ᠠᠪᠠᠴᠢᠵᠤ ᠢᠳᠡᠶ᠎ᠡ !》ᠭᠡᠵᠡᠢ᠃ ᠲᠡᠭᠡᠬᠦ ᠳ᠋ᠦ᠍ ᠨᠢ ᠱᠠᠭᠠᠵᠠᠭᠠᠢ᠄ 《ᠪᠢ ᠥᠨᠳᠡᠭᠡᠨ ᠡᠴᠡ ᠪᠡᠨ ᠥᠭᠬᠦ ᠦᠭᠡᠢ》ᠭᠡᠪᠡ᠃ ᠥᠨᠳᠡᠭᠡᠨ ᠡᠴᠡ ᠪᠡᠨ ᠥᠭᠬᠦ ᠦᠭᠡᠢ ᠪᠣᠯ ᠪᠢ ᠠᠯᠤᠰ ᠤ᠋ᠨ ᠭᠠᠵᠠᠷ᠎ᠡᠴᠡ ᠲᠣᠭᠣᠰᠣ ᠲᠠᠲᠠᠭᠤᠯᠤᠨ ᠢᠷᠡᠵᠦ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ》ᠭᠡᠵᠦ ᠬᠡᠯᠡᠵᠡᠢ᠃ ᠲᠡᠭᠡᠬᠦ ᠪᠡᠷ ᠨᠢ ᠱᠠᠭᠠᠵᠠᠭᠠᠢ ᠠᠶᠤᠭᠠᠳ ᠨᠢᠭᠡ ᠥᠨᠳᠡᠭᠡ ᠪᠡᠨ ᠥᠭᠪᠡ᠃ ᠢᠩᠭᠢᠭᠡᠳ ᠦᠨᠡᠭᠡ ᠡᠳᠦᠷ ᠪᠣᠯᠭᠠᠨ ᠢᠷᠡᠵᠦ ᠥᠨᠥᠬᠢ ᠦᠭᠡ ᠪᠡᠨ ᠬᠡᠯᠡᠵᠦ ᠬᠥᠭᠡᠷᠦᠬᠦᠢ ᠱᠠᠭᠠᠵᠠᠭᠠᠢ ᠶ᠋ᠢ ᠠᠶᠤᠯᠭᠠᠨ ᠥᠨᠳᠡᠭᠡ ᠶ᠋ᠢ ᠨᠢ ᠢᠳᠡᠭᠰᠡᠭᠡᠷ ᠪᠠᠢᠵᠤ ᠭᠠᠭᠴᠠ ᠥᠨᠳᠡᠭᠡ ᠦᠯᠡᠳᠡᠵᠢ᠃ ᠲᠡᠭᠡᠭᠡᠳ ᠥᠨᠥᠬᠢ ᠱᠠᠭᠠᠵᠠᠭᠠᠢ ᠤᠬᠢᠯᠠᠵᠤ ᠪᠠᠢᠵᠤ ᠭᠡᠨ᠎ᠡ᠃ ᠲᠡᠭᠡᠲᠡᠯ᠎ᠡ ᠨᠢᠭᠡ ᠬᠤᠯᠤᠭᠠᠨ᠎ᠠ ᠭᠠᠷᠴᠤ ᠢᠷᠡᠭᠡᠳ᠄《ᠲᠠ ᠶᠠᠭᠤᠨ ᠳ᠋ᠤ᠌ ᠤᠬᠢᠯᠠᠪᠠ?》ᠭᠡᠬᠦ ᠳ᠋ᠦ᠍ ᠱᠠᠭᠠᠵᠠᠭᠠᠢ᠄《ᠪᠢ ᠤᠤᠯ ᠨᠢ ᠳᠣᠯᠣᠭᠠᠨ ᠥᠨᠳᠡᠭᠡ ᠲᠡᠢ ᠪᠠᠢᠭᠰᠠᠨ ᠶᠤᠮ ᠦᠨᠡᠭᠡ ᠢᠷᠡᠭᠡᠳ᠂ ᠴᠢ ᠥᠨᠳᠡᠭᠡᠨ ᠡᠴᠡ ᠪᠡᠨ ᠥᠭᠬᠦ ᠦᠭᠡᠢ ᠪᠣᠯ ᠠᠯᠤᠰ ᠤ᠋ᠨ ᠭᠠᠵᠠᠷ᠎ᠡᠴᠡ ᠲᠣᠭᠣᠰᠣ ᠲᠠᠲᠠᠭᠤᠯᠤᠨ ᠢᠷᠡᠵᠦ᠂ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ》ᠭᠡᠵᠦ ᠠᠶᠤᠯᠭᠠᠨ ᠠᠪᠴᠤ ᠶᠠᠪᠤᠭᠰᠠᠭᠠᠷ ᠪᠠᠢᠭᠠᠳ ᠣᠳᠣ ᠭᠠᠭᠴᠠᠬᠠᠨ ᠥᠨᠳᠡᠭᠡ ᠲᠡᠢ ᠦᠯᠡᠲᠡᠯ᠎ᠡ》ᠭᠡᠵᠡᠢ᠃ ᠬᠤᠯᠤᠭᠠᠨ᠎ᠠ ᠲᠡᠭᠦᠨ ᠦ᠌ ᠬᠡᠯᠡᠬᠦ ᠶ᠋ᠢ ᠰᠣᠨᠣᠰᠤᠭᠠᠳ᠂ ᠦᠭᠡ ᠵᠢᠭᠠᠵᠤ ᠥᠭᠴᠡᠢ᠃ ᠲᠡᠭᠡᠭᠡᠳ《ᠴᠢᠮ᠎ᠠ ᠳ᠋ᠤ᠌ ᠡᠨᠡ ᠦᠭᠡ ᠶ᠋ᠢ ᠬᠡᠨ ᠵᠢᠭᠠᠵᠤ ᠥᠭᠪᠡ? ᠭᠡᠬᠦ ᠪᠣᠢ᠂ ᠲᠡᠭᠡᠪᠡᠯ ᠪᠢ ᠥᠪᠡᠷ ᠢ᠋ᠶ᠋ᠡᠨ ᠪᠣᠳᠣᠨ ᠪᠣᠳᠣᠨ ᠪᠣᠳᠣᠯ ᠣᠷᠣᠪᠠ᠂ ᠤᠨᠲᠠᠨ ᠤᠨᠲᠠᠨ ᠤᠬᠠᠭᠠᠨ ᠣᠷᠣᠪᠠ᠂ ᠰᠠᠨᠠᠨ ᠰᠠᠨᠠᠨ ᠰᠠᠨᠠᠭ᠎ᠠ ᠲᠥᠷᠥᠪᠡ᠂ ᠭᠡᠵᠦ ᠬᠡᠯᠡᠭᠡᠷᠡᠢ》ᠭᠡᠪᠡ᠃ ᠲᠡᠭᠡᠵᠦ ᠪᠠᠢᠲᠠᠯ᠎ᠠ ᠥᠨᠥᠬᠢ ᠦᠨᠡᠭᠡ ᠬᠦᠷᠴᠦ ᠢᠷᠡᠭᠡᠳ ᠱᠠᠭᠠᠵᠠᠭᠠᠢ ᠳ᠋ᠤ᠌ ᠥᠨᠥᠬᠢ ᠦᠭᠡ ᠪᠡᠨ ᠬᠡᠯᠡᠵᠡᠢ᠃ ᠲᠡᠭᠡᠬᠦ ᠳ᠋ᠦ᠍ ᠱᠠᠭᠠᠵᠠᠭᠠᠢ《ᠠᠯᠤᠰ ᠤ᠋ᠨ ᠭᠠᠵᠠᠷ᠎ ᠡᠴᠡ ᠲᠣᠭᠣᠰᠣ ᠲᠠᠲᠠᠭᠤᠯᠳᠠᠭ ᠲᠤᠭᠤᠷᠠᠢ ᠴᠢᠨᠢ ᠬᠠᠮᠢᠭ᠎ᠠ ᠪᠠᠢᠨ᠎ᠠ? ᠠᠯᠲᠠᠨ ᠤᠯᠢᠶᠠᠰᠤ ᠶ᠋ᠢ ᠬᠤᠭᠤ ᠮᠥᠷᠭᠥᠳᠡᠭ ᠡᠪᠡᠷ ᠴᠢᠨᠢ ᠬᠠᠮᠢᠭ᠎ᠠ ᠪᠠᠢᠨ᠎ᠠ?》ᠭᠡᠵᠦ ᠠᠰᠠᠭᠤᠵᠠᠢ᠃ ᠦᠨᠡᠭᠡ᠄《ᠴᠢ ᠡᠨᠡ ᠦᠭᠡ ᠶ᠋ᠢ ᠬᠡᠨ ᠡᠴᠡ ᠰᠣᠨᠣᠰᠪᠠ? ᠬᠡᠯᠡ!》ᠭᠡᠬᠦ ᠳ᠋ᠦ᠍ ᠨᠢ ᠱᠠᠭᠠᠵᠠᠭᠠᠢ᠄《ᠪᠢ ᠥᠪᠡᠷ ᠢ᠋ᠶ᠋ᠡᠨ ᠪᠣᠳᠣᠨ ᠪᠣᠳᠣᠨ ᠪᠣᠳᠣᠯ ᠣᠷᠣᠪᠠ᠂ ᠰᠠᠨᠠᠨ ᠰᠠᠨᠠᠨ ᠰᠠᠨᠠᠭ᠎ᠠ ᠣᠷᠣᠪᠠ᠂ ᠤᠨᠲᠠᠨ ᠤᠨᠲᠠᠨ ᠤᠬᠠᠭᠠᠨ ᠲᠥᠷᠥᠪᠡ》ᠭᠡᠵᠡᠢ᠃ ᠦᠨᠡᠭᠡ 《ᠬᠡᠨ ᠬᠡᠯᠡᠭᠰᠡᠨ ᠢ᠋ ᠬᠡᠯᠡᠬᠦ ᠦᠭᠡᠢ ᠪᠣᠯ ᠦᠨᠡᠭᠡᠨ ᠦ᠌ ᠠᠷᠪᠠᠨ ᠭᠤᠷᠪᠠᠨ ᠮᠡᠬᠡ ᠪᠡᠨ ᠬᠡᠷᠡᠭᠯᠡᠨ ᠪᠠᠷᠢᠵᠤ ᠢᠳᠡᠯ᠎ᠡ》ᠭᠡᠵᠦ ᠰᠦᠷᠳᠡᠭᠦᠯᠬᠦ ᠳ᠋ᠦ᠍ ᠱᠠᠭᠠᠵᠠᠭᠠᠢ ᠠᠷᠭ᠎ᠠ ᠦᠭᠡᠢ ᠪᠣᠯᠵᠤ《ᠲᠡᠷᠡ ᠨᠦᠬᠡᠨ ᠳ᠋ᠦ᠍ ᠪᠠᠢᠳᠠᠭ ᠬᠤᠯᠤᠭᠠᠨ᠎ᠠ ᠬᠡᠯᠡᠭᠰᠡᠨ》ᠭᠡᠳ ᠬᠡᠯᠡᠴᠢᠬᠡᠵᠡᠢ᠃ ᠦᠨᠡᠭᠡ ᠥᠨᠥᠬᠢ ᠬᠤᠯᠤᠭᠠᠨ᠎ᠠ ᠶ᠋ᠢᠨ ᠨᠦᠬᠡᠨ ᠦ᠌ ᠠᠮᠠᠰᠠᠷ ᠳᠡᠭᠡᠷ᠎ᠡ ᠣᠴᠢᠭᠠᠳ ᠳᠠᠭᠤᠳᠠᠵᠠᠢ᠃ ᠬᠤᠯᠤᠭᠠᠨ᠎ᠠ ᠬᠠᠷᠢᠭᠤ ᠳ᠋ᠤ᠌ ᠨᠢ᠄《ᠪᠢ ᠬᠣᠭ ᠢ᠋ᠶ᠋ᠠᠨ ᠴᠡᠪᠡᠷᠯᠡᠵᠦ ᠪᠠᠢᠨ᠎ᠠ》ᠭᠡᠪᠡ᠃ ᠦᠨᠡᠭᠡ ᠬᠦᠯᠢᠶᠡᠵᠦ ᠪᠠᠢᠭᠠᠳ ᠳᠠᠬᠢᠨ ᠳᠠᠭᠤᠳᠠᠭᠰᠠᠨ ᠳ᠋ᠤ᠌᠄《ᠪᠢ ᠲᠣᠯᠢ ᠪᠠᠨ ᠠᠷᠴᠢᠵᠤ ᠪᠠᠢᠨ᠎ᠠ》ᠭᠡᠪᠡ᠃ ᠦᠨᠡᠭᠡ ᠨᠡᠯᠢᠶᠡᠳ ᠬᠦᠯᠢᠶᠡᠵᠦ ᠪᠠᠢᠭᠠᠳ ᠳᠠᠬᠢᠨ ᠳᠠᠭᠤᠳᠠᠵᠤ ᠭᠡᠨ᠎ᠡ᠂ ᠲᠡᠭᠡᠬᠦ ᠪᠡᠷ ᠨᠢ ᠬᠤᠯᠤᠭᠠᠨ᠎ᠠ ᠲᠣᠯᠣᠭᠠᠢ ᠪᠠᠨ ᠴᠤᠬᠤᠢᠯᠭᠠᠵᠤ ᠭᠡᠨ᠎ᠡ᠃ ᠦᠨᠡᠭᠡ᠄《ᠲᠣᠯᠣᠭᠠᠢ ᠨᠢ ᠡᠢᠮᠦ ᠬᠥᠭᠡᠷᠦᠬᠦᠨ ᠶᠦᠮ ᠴᠢᠨᠢ ᠴᠡᠭᠡᠵᠢ ᠨᠢ ᠶᠠᠮᠠᠷ ᠬᠥᠭᠡᠷᠦᠬᠦᠨ ᠪᠣᠯ?》ᠭᠡᠪᠡ᠃ ᠬᠤᠯᠤᠭᠠᠨ᠎ᠠ ᠲᠡᠭᠦᠨ ᠦ᠌ ᠦᠭᠡᠨ ᠳ᠋ᠦ᠍ ᠬᠠᠭᠤᠷᠲᠠᠭᠳᠠᠨ ᠴᠡᠭᠡᠵᠢ ᠪᠡᠨ ᠭᠠᠷᠭᠠᠵᠠᠢ᠃ ᠦᠨᠡᠭᠡ ᠄《ᠴᠡᠭᠡᠵᠢ ᠨᠢ ᠡᠢᠮᠦ ᠬᠥᠭᠡᠷᠦᠬᠦᠨ ᠪᠠᠢᠭ᠎ᠠ ᠶᠤᠮ ᠴᠢᠨᠢ ᠪᠥᠭᠰᠡ ᠨᠢ ᠶᠠᠮᠠᠷ ᠬᠥᠭᠡᠷᠦᠬᠦᠨ ᠪᠣᠯ?》ᠭᠡᠰᠡᠨ ᠳ᠋ᠦ᠍ ᠬᠤᠯᠤᠭᠠᠨ᠎ᠠ ᠰᠡᠭᠦᠯ ᠢ᠋ᠶ᠋ᠡᠨ ᠭᠠᠷᠭᠠᠵᠠᠢ᠃ ᠦᠨᠡᠭᠡ ᠬᠡᠯᠡᠪᠡ᠄《ᠡᠢᠮᠦ ᠬᠥᠭᠡᠷᠦᠬᠦᠨ ᠪᠡᠶ᠎ᠡ ᠲᠡᠢ ᠶᠦᠮ ᠴᠢᠨᠢ ᠬᠠᠳᠠᠨ ᠳᠡᠭᠡᠭᠦᠷ ᠪᠥᠭ ᠪᠥᠭ ᠭᠦᠶᠦᠬᠦ ᠨᠢ ᠶᠠᠮᠠᠷ ᠬᠥᠭᠡᠷᠦᠬᠦᠨ ᠪᠣᠯ?》ᠭᠡᠰᠡᠨ ᠳ᠋ᠦ᠍ ᠬᠤᠯᠤᠭᠠᠨ᠎ᠠ ᠪᠥᠭ ᠪᠥᠭ ᠭᠦᠶᠦᠬᠦ ᠭᠡᠲᠡᠯ᠎ᠡ ᠨᠢ ᠦᠨᠡᠭᠡ ᠡᠮᠬᠦᠭᠡᠳ ᠠᠪᠴᠠᠢ᠃ ᠬᠤᠯᠤᠭᠠᠨ᠎ᠠ ᠢᠩᠭᠢᠵᠦ ᠬᠡᠯᠡᠪᠡ᠄《ᠴᠢ ᠥᠮᠥᠷ ᠥᠮᠥᠷ ᠢᠳᠡᠪᠡᠯ ᠦᠮᠦᠬᠡᠢ ᠪᠠᠢᠳᠠᠭ ᠶᠤᠮ ᠰᠢᠦ᠂ ᠠᠩᠭᠠᠷ ᠠᠩᠭᠠᠷ ᠢᠳᠡᠪᠡᠯ ᠠᠮᠲᠠᠲᠠᠢ ᠪᠠᠢᠳᠠᠭ ᠶᠤᠮ ᠰᠢᠦ》ᠭᠡᠵᠡᠢ᠃ ᠦᠨᠡᠭᠡ ᠬᠡᠯᠡᠭᠰᠡᠨ ᠶᠣᠰᠣ ᠪᠠᠷ ᠨᠢ ᠠᠩᠭᠠᠷ ᠠᠩᠭᠠᠷ ᠢᠳᠡᠬᠦ ᠭᠡᠲᠡᠯ᠎ᠡ ᠠᠮᠠᠨ ᠳ᠋ᠠᠬᠢ ᠬᠤᠯᠤᠭᠠᠨ᠎ᠠ ᠪᠠᠨ ᠠᠯᠳᠠᠪᠠ᠃ 

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ