ᠲᠩᠷᠢ ᠤᠩᠰᠢᠳᠠᠭ ᠮᠣᠩᠭᠣᠯᠴᠤᠳ – ᠰᠡᠴᠡᠨᠪᠢᠯᠢᠭ ᠦ᠋ᠨ ᠡᠷᠲᠡᠨᠢ Тэнгэр уншдаг монголчууд – Цэцэнбилигийн Эрдэнэ
ᠲᠩᠷᠢ ᠤᠩᠰᠢᠳᠠᠭ ᠮᠣᠩᠭᠣᠯᠴᠤᠳ
ᠰᠡᠴᠡᠨᠪᠢᠯᠢᠭ ᠦ᠋ᠨ ᠡᠷᠲᠡᠨᠢ
ᠮᠠᠨ ᠪ ᠮᠣᠩᠭᠣᠯᠴᠤᠳ ᠨᠡᠭᠦᠳᠡᠯ ᠠᠮᠢᠳᠤᠷᠠᠯ ᠤᠨ ᠶ᠋ᠢᠠᠨ ᠳᠤᠮᠳᠠ ᠲᠩᠷᠢ ᠶ᠋ᠢ ᠰᠢᠲᠦᠨ᠂ ᠲᠩᠷᠢ ᠶ᠋ᠢ ᠰᠢᠷᠲᠡᠨ ᠠᠵᠢᠬᠯᠠᠵᠤ ᠶᠡᠷᠦ ᠨᠢ ᠲᠩᠷᠢ ᠶ᠋ᠢ ᠤᠩᠰᠢᠵᠤ ᠴᠢᠲᠠᠲᠠᠭ ᠪᠣᠯᠤᠭᠰᠠᠨ ᠶᠤᠮ᠂ ᠡᠭᠦᠨ ᠳ᠋ᠤ᠌ ᠨᠠᠷᠠ ᠰᠠᠷ᠎ᠠ ᠰᠠᠯᠬᠢᠨ ᠪᠣᠷᠣᠭᠠᠨ ᠡᠭᠦᠯᠡ ᠲᠠᠪᠤᠨ ᠬᠣᠰᠢᠭᠤ ᠮᠠᠯ᠂ ᠠᠮᠢᠲᠠᠨ ᠢ ᠰᠢᠨᠵᠢᠯᠡᠭᠰᠡᠭᠡᠷ ᠪᠠᠶ᠋ᠢᠭᠠᠳ ᠮᠠᠰᠢ ᠠᠷᠪᠢᠨ ᠦᠨᠡᠲᠦ ᠨᠠᠨᠲᠢᠨ ᠲᠤᠷᠰᠢᠯᠬ᠋᠎ᠠ ᠬᠤᠷᠠᠮᠲᠤᠭᠤᠯᠵᠤ᠂ ᠲᠡᠭᠦᠨ ᠶ᠋ᠢᠡᠨ ᠮᠣᠩᠭᠣᠯᠴᠤᠳ ᠮᠠᠨᠢ ᠠᠨᠲᠠᠲᠠᠭ ᠦᠭᠡᠢ ᠪᠢᠯᠡ᠃
ᠢᠩᠬᠢᠭᠡᠳ ᠡᠨᠳᠡ ᠬᠡᠰᠡᠭ ᠪᠤᠰᠠᠭ ᠢ ᠲᠡᠮᠲᠡᠭᠯᠡᠨ ᠬᠤᠪᠢᠶᠠᠯᠴᠠᠰᠤᠭᠠᠢ!
ᠰᠡᠭᠦᠯ ᠲᠡᠢ ᠡᠭᠦᠯᠡ ᠪᠣᠷᠣᠭᠠᠨ ᠦᠭᠡᠢ᠂
ᠭᠡᠵᠢᠭᠡ ᠲᠡᠢ ᠡᠭᠦᠯᠡ ᠮᠦᠨᠲᠦᠷ ᠲᠠᠢ᠃
ᠦᠭᠡ ᠰᠦᠷᠪᠡᠯ ᠬᠡᠷᠡᠭᠦᠯ ᠪᠣᠯᠬᠤ
ᠡᠭᠦᠯᠡ ᠰᠥᠷᠪᠡᠯ ᠪᠣᠷᠣᠭᠠᠨ ᠪᠣᠯᠬᠤ᠃
ᠬᠢᠯᠭᠠᠨ᠎ᠠ ᠶᠡᠬᠡᠲᠡᠪᠡᠯ ᠵᠤᠤᠠᠯᠠᠨᠠ᠂
ᠬᠠᠯᠢᠷ ᠶᠡᠬᠡᠲᠡᠪᠡᠯ ᠰᠣᠬᠣᠷᠠᠨᠠ᠃
ᠣᠷᠣᠬᠤ ᠲᠩᠷᠢ ᠶ᠋ᠢᠨ ᠣᠷᠣᠢ ᠨᠢ ᠴᠣᠭᠣᠷᠬᠠᠢ᠂
ᠣᠷᠣᠭᠰᠠᠨ ᠪᠤᠤᠷ᠎ᠠ ᠶ᠋ᠢᠨ ᠰᠢᠯᠢ ᠨᠢ ᠴᠣᠭᠣᠷᠬᠠᠢ᠃
ᠭᠠᠩ ᠬᠥᠯᠥᠷᠡᠴᠦ ᠪᠠᠶ᠋ᠢᠪᠠᠯ ᠪᠣᠷᠣᠭᠠᠨ ᠣᠷᠣᠨ᠎ᠠ᠃
ᠶᠢᠰᠦ ᠶ᠋ᠢᠨ ᠵᠢᠯᠠᠭᠠᠨ ᠳ᠋ᠤ᠌
ᠢᠷᠭᠡ ᠬᠣᠨᠢᠨ ᠪ ᠦᠰᠦ ᠠᠷᠵᠠᠶ᠋ᠢᠨᠠ᠃
ᠬᠥᠬᠡ ᠮᠠᠨᠠᠨ ᠲᠠᠲᠠᠪᠠᠯ ᠪᠣᠷᠣᠭᠠᠨ ᠣᠷᠣᠬᠤ ᠶ᠋ᠢᠨ ᠲᠡᠮᠲᠡᠭ᠂
ᠬᠥᠢᠲᠡᠨ ᠰᠠᠯᠬᠢ ᠰᠠᠯᠬᠢᠯᠠᠪᠠᠯ ᠬᠢᠷᠠᠭᠤ ᠤᠨᠠᠬᠤ ᠶ᠋ᠢᠨ ᠲᠡᠮᠲᠡᠭ᠃
ᠬᠠᠪᠤᠷ ᠦ᠋ᠨ ᠰᠢᠷ᠎ᠠ ᠪᠠᠷᠰ ᠡᠲᠦᠷ ᠰᠠᠯᠬᠢᠯᠠᠪᠠᠯ
ᠵᠢᠷᠠ ᠬᠣᠨᠣᠭ ᠦ᠋ᠨ ᠰᠠᠯᠬᠢᠨ ᠲᠠᠢ᠂
ᠵᠤᠨ ᠪ ᠬᠥᠬᠡ ᠬᠤᠯᠤᠭᠠᠨ᠎ᠠ ᠳ᠋ᠤ᠌ ᠪᠣᠷᠣᠭᠠᠯᠠᠪᠠᠯ
ᠲᠡᠭᠰᠢ ᠭᠠᠵᠠᠷ ᠬᠥᠭᠥᠷᠭᠡ ᠲᠠᠯᠪᠢᠨ᠎ᠠ᠃
ᠨᠠᠮᠤᠷ ᠰᠢᠷ᠎ᠠ ᠪᠡᠴᠢᠨ ᠳ᠋ᠤ᠌ ᠪᠣᠷᠣᠭᠠᠯᠠᠪᠠᠯ
ᠬᠦᠢᠲᠡ ᠣᠷᠣᠬᠤ ᠨᠢ ᠡᠷᠲᠡ᠂
ᠡᠪᠦᠯ ᠦ᠋ᠨ ᠴᠠᠭᠠᠨ ᠮᠣᠷᠢᠨ ᠳ᠋ᠤ᠌ ᠲᠩᠷᠢ ᠮᠠᠭᠤᠲᠠᠪᠠᠯ
ᠶᠡᠬᠡ ᠵᠤᠳ ᠲᠠᠢ ᠡᠪᠦᠯ ᠪᠣᠯᠬᠤ᠃
ᠤᠨᠤᠭᠠᠷᠢ ᠶ᠋ᠢᠨ ᠮᠣᠷᠢᠨ ᠳ᠋ᠤ᠌
ᠬᠠᠪᠤᠷ ᠣᠰᠤ ᠬᠣᠣᠷ ᠪᠣᠯᠵᠤ᠂
ᠨᠠᠮᠤᠷ ᠡᠪᠡᠰᠦ ᠬᠣᠣᠷ ᠪᠣᠯᠤᠨ᠎ᠠ᠃
ᠪᠡᠷᠢ ᠦᠵᠡᠪᠡᠯ ᠥᠷᠯᠥᠭᠡ ᠡᠷᠲᠡ᠂
ᠪᠡᠯᠴᠢᠭᠡᠷ ᠦᠵᠡᠪᠡᠯ ᠦᠳᠡ ᠳᠤᠮᠳᠠ᠃
ᠨᠠᠷᠠᠨ ᠪ ᠬᠦᠷᠢᠶ᠎ᠡ ᠲᠣᠮᠣ ᠪᠣᠯ ᠶᠡᠬᠡ ᠰᠠᠯᠬᠢᠨ᠂
ᠵᠢᠵᠢᠭ ᠪᠣᠯ ᠪᠣᠷᠣᠭᠠᠨ ᠪᠤᠶᠤ ᠴᠠᠰᠤ ᠣᠷᠣᠨ᠎ᠠ᠃
ᠨᠠᠷᠠ ᠭᠠᠷᠬᠤ ᠳ᠋ᠤ᠌ ᠬᠣᠶᠠᠷ ᠲᠠᠯ᠎ᠠ ᠳ᠋ᠤ᠌ ᠨᠢ
ᠰᠣᠯᠣᠩᠬ᠋᠎ᠠ ᠮᠡᠲᠦ ᠬᠠᠷᠠᠭᠲᠠᠪᠠᠯ ᠵᠤᠨ ᠪ ᠴᠠᠭ ᠭᠠᠩᠲᠠᠨᠠ᠂
ᠡᠪᠦᠯ ᠦ᠋ᠨ ᠴᠠᠭ ᠲᠠᠰ ᠬᠦᠢᠲᠡᠷᠡᠨ᠎ᠡ᠂
ᠡᠭᠦᠨ ᠢ ᠭᠤᠷᠪᠠᠨ ᠨᠠᠷᠠ ᠭᠡᠵᠦ ᠬᠡᠯᠡᠲᠡᠭ᠃
ᠠᠲᠤᠭᠤ ᠬᠠᠮᠠᠷ ᠶ᠋ᠢᠠᠷ ᠶ᠋ᠢᠠᠨ ᠤᠰᠤ ᠲᠠᠲᠠᠪᠠᠯ
ᠠᠶᠤᠩᠭᠠᠲᠤ ᠪᠣᠷᠣᠭᠠᠨ ᠲᠠᠢ᠃
ᠬᠠᠪᠤᠷ ᠦ᠋ᠨ ᠴᠠᠰᠤ ᠶ᠋ᠢ
ᠬᠠᠷ᠎ᠠ ᠨᠣᠬᠠᠢ ᠬᠥᠭᠡᠭᠡᠬᠡᠳ ᠭᠥᠢᠴᠡᠬᠥ ᠦᠭᠡᠢ᠃
ᠦᠨᠢᠶᠡᠨ ᠰᠦ᠋ ᠲᠠᠲᠠᠭᠤᠷᠠᠪᠠᠯ ᠭᠠᠩ ᠪᠣᠯᠬᠤ᠂
ᠦᠨᠢᠶ᠎ᠡ ᠲᠤᠭᠤᠯ ᠳ᠋ᠠᠭᠠᠨ ᠬᠤᠷᠭᠤᠲᠠᠪᠠᠯ ᠪᠣᠷᠣᠭᠠᠨ ᠣᠷᠣᠬᠤ᠃
ᠨᠣᠬᠠᠢ ᠠᠯᠢᠶᠠᠯᠠᠭᠠᠳ ᠭᠦᠶᠦᠪᠡᠯ ᠡᠲᠦᠷ ᠬᠦᠢᠲᠡᠷᠡᠨ᠎ᠡ᠂
ᠨᠣᠬᠠᠢ ᠤᠰᠤᠨ ᠳ᠋ᠤ᠌ ᠤᠮᠪᠠᠪᠠᠯ ᠠᠶᠤᠩᠭᠠᠲᠤ ᠪᠣᠷᠣᠭᠠᠨ ᠣᠷᠣᠬᠤ᠂
ᠬᠠᠬᠢᠷ ᠰᠢᠯᠢ ᠳ᠋ᠤ᠌ ᠮᠡᠯᠡᠬᠡᠢ ᠠᠷᠪᠢᠲᠠᠪᠠᠯ ᠶᠡᠬᠡ ᠪᠣᠷᠣᠭᠠᠨ ᠣᠷᠣᠬᠤ᠂
ᠲᠣᠭᠣᠷᠤᠤ ᠲᠣᠭᠯᠠᠵᠤ ᠪᠥᠵᠢᠭᠯᠡᠪᠡᠯ
ᠲᠤᠨᠤᠲᠠᠰᠤ ᠬᠤᠷ᠎ᠠ ᠪᠠᠭᠤᠨ᠎ᠠ᠃
ᠬᠠᠷᠢᠶᠠᠴᠠᠢ ᠳᠣᠣᠭᠤᠷ ᠨᠢᠰᠪᠡᠯ
ᠪᠣᠷᠣᠭᠠᠨ ᠤᠲᠠᠬᠤ ᠦᠭᠡᠢ ᠣᠷᠣᠬᠤ᠂
ᠲᠡᠪᠬᠡᠷᠭᠡ ᠭᠤᠯᠢᠶ᠎ᠠ ᠴᠠᠷᠴᠠᠬᠠᠢ ᠡᠯᠪᠡᠭᠰᠢᠪᠡᠯ ᠭᠠᠩ ᠪᠣᠯᠬᠤ᠂
ᠬᠤᠯᠤᠭᠠᠨ᠎ᠠ ᠭᠦᠶᠦᠭᠡ ᠶᠡᠬᠡ ᠴᠤᠭᠯᠠᠭᠤᠯᠪᠠᠯ
ᠶᠡᠬᠡ ᠵᠤᠳ ᠪᠣᠯᠬᠤ᠂
ᠮᠣᠭᠠᠢ ᠵᠠᠮ ᠬᠦᠨᠲᠡᠯᠡᠨ ᠭᠠᠷᠪᠠᠯ
ᠶᠡᠬᠡ ᠪᠣᠷᠣᠭᠠᠨ ᠣᠷᠣᠨ᠎ᠠ᠃
ᠭᠠᠬᠠᠢ ᠡᠭᠦᠷ ᠵᠦᠭ ᠶ᠋ᠢᠡᠨ ᠡᠪᠡᠰᠦ ᠵᠥᠭᠡᠭᠡᠵᠦ ᠪᠠᠶ᠋ᠢᠪᠠᠯ
ᠲᠩᠷᠢ ᠮᠠᠭᠤᠲᠠᠨ᠎ᠠ᠃
ᠭᠠᠷᠬᠤ ᠨᠠᠷᠠ ᠤᠯᠠᠶ᠋ᠢᠪᠠᠯ ᠭᠠᠩ ᠪᠣᠯᠬᠤ ᠶ᠋ᠢᠨ ᠲᠡᠮᠲᠡᠭ᠂
ᠭᠠᠷᠤᠨ ᠣᠷᠣᠨ ᠭᠢᠩᠰᠢᠪᠡᠯ ᠭᠠᠮᠰᠢᠭ ᠪᠣᠯᠬᠤ ᠶ᠋ᠢᠨ ᠲᠡᠮᠲᠡᠭ᠃
ᠣᠷᠣᠢ ᠶ᠋ᠢᠨ ᠨᠠᠷᠠ ᠤᠯᠠᠶ᠋ᠢᠪᠠᠯ ᠤᠰᠤ ᠪᠣᠷᠣᠭᠠᠨ ᠪ ᠲᠡᠮᠲᠡᠭ᠂
ᠤᠨᠲᠠᠵᠤ ᠬᠡᠪᠲᠡᠬᠦ ᠳ᠋ᠡᠭᠡᠨ ᠳᠠᠭᠤᠯᠠᠪᠠᠯ ᠤᠷᠰᠢᠭ ᠢᠷᠡᠬᠦ ᠶ᠋ᠢᠨ ᠲᠡᠮᠲᠡᠭ᠃
ᠰᠤᠷᠠᠭ ᠲᠠᠯᠪᠢᠪᠠᠯ ᠮᠠᠯ ᠣᠯᠲᠠᠨᠠ᠂
ᠰᠣᠯᠣᠩᠬ᠋᠎ᠠ ᠲᠠᠲᠠᠪᠠᠯ ᠪᠣᠷᠣᠭᠠᠨ ᠵᠣᠭᠰᠣᠨ᠎ᠠ᠃
ᠬᠠᠪᠤᠷ ᠴᠠᠭ ᠤᠭᠤᠯᠢ ᠰᠢᠪᠠᠭᠤ ᠭᠦᠦᠭᠡᠶ᠋ᠢᠯᠡᠨ ᠳᠤᠤᠭᠠᠷᠪᠠᠯ
ᠴᠠᠭ ᠠᠭᠤᠷ ᠵᠣᠬᠢᠷᠠᠮᠵᠢ ᠲᠠᠢ ᠪᠣᠯᠬᠤ᠂
ᠮᠤᠤᠷ ᠨᠢᠭᠤᠷ ᠶ᠋ᠢᠠᠨ ᠤᠭᠢᠶᠠᠭᠠᠳ ᠪᠠᠶ᠋ᠢᠪᠠᠯ ᠲᠤᠩᠭᠠᠯᠠᠭ ᠡᠲᠦᠷ ᠪᠣᠯᠤᠨ᠎ᠠ᠂
ᠰᠢᠨ᠎ᠡ ᠶ᠋ᠢᠨ ᠨᠢᠭᠡᠨ ᠳ᠋ᠤ᠌ ᠲᠩᠷᠢ ᠮᠠᠭᠤᠬᠠᠶ᠋ᠢᠷᠠᠪᠠᠯ
ᠳᠡᠭᠡᠷ᠎ᠡ ᠬᠠᠭᠠᠰ ᠰᠠᠷ᠎ᠠ ᠮᠠᠭᠤᠬᠠᠶ᠋ᠢᠷᠠᠨᠠ᠃
ᠠᠷᠪᠠᠨ ᠲᠠᠪᠤᠨ ᠳ᠋ᠤ᠌ ᠮᠠᠭᠤᠬᠠᠶ᠋ᠢᠷᠠᠪᠠᠯ
ᠳᠣᠣᠷ᠎ᠠ ᠬᠠᠭᠠᠰ ᠰᠠᠷ᠎ᠠ ᠮᠠᠭᠤᠬᠠᠶ᠋ᠢᠷᠠᠨᠠ᠃
ᠬᠠᠪᠤᠷ ᠦ᠋ᠨ ᠭᠤᠷᠪᠠᠨ ᠰᠠᠷ᠎ᠠ ᠳ᠋ᠤ᠌
ᠬᠠᠭᠠᠨ ᠪ ᠬᠠᠲᠤᠨ ᠪ ᠪᠠᠭᠤᠤ ᠰᠤᠯᠠᠷᠠᠨ᠎ᠠ᠂
ᠬᠠᠷᠢᠶᠠᠴᠠᠢ ᠭᠡᠷ ᠦ᠋ᠨ ᠨᠢᠷᠤᠭᠤᠨ ᠳ᠋ᠤ᠌ ᠡᠭᠦᠷ ᠵᠠᠰᠠᠪᠠᠯ
ᠲᠡᠷᠡ ᠠᠶ᠋ᠢᠯ ᠳ᠋ᠤ᠌ ᠨᠢᠭᠡ ᠵᠢᠯ ᠡᠪᠡᠤᠠᠴᠢᠨ ᠲᠤᠰᠬᠤ ᠦᠭᠡᠢ᠃
ᠲᠣᠭᠤᠨᠤᠨ ᠳᠡᠭᠡᠭᠦᠷ ᠰᠢᠪᠠᠭᠤᠨ ᠰᠡᠭᠦᠲᠡᠷ ᠭᠡᠷ ᠲᠤ ᠲᠤᠰᠪᠠᠯ᠂
ᠲᠡᠷᠡ ᠠᠶ᠋ᠢᠯ ᠳ᠋ᠤ᠌ ᠭᠡᠶ᠋ᠢᠴᠢᠨ ᠢᠷᠡᠨ᠎ᠡ᠃
ᠵᠤᠳ ᠦ᠋ᠨ ᠮᠠᠯ ᠢ ᠤᠷᠤᠭᠤ ᠡᠷᠢ!
ᠵᠤᠨ ᠪ ᠮᠠᠯ ᠢ ᠥᠭᠡᠳᠡ ᠡᠷᠢ!
ᠦᠰᠦᠭ ᠠᠮᠢᠯᠠᠭᠤᠯᠤᠭᠴᠢ᠄ ᠰᠣᠤᠠᠨᠠᠮᠲᠣᠷᠵᠢ ᠶ᠋ᠢᠨ ᠪᠠᠶᠠᠠᠠᠭᠤᠯᠠ
ᠦᠰᠦᠭ ᠬᠢᠨᠠᠭᠴᠢ᠄ ᠣᠤᠠᠬᠠᠨᠰᠸ᠋ᠠ
