ᠮᠣᠩᠭᠣᠯ ᠬᠡᠯᠡ ᠪᠡᠨ ᠪᠠᠷᠢᠮᠵᠢᠶ᠎ᠠ ᠪᠠᠷ ᠶᠠᠷᠢᠬᠤ ᠨᠢ ᠴᠢᠬᠤᠯᠠМонгол хэлээ баримжаагаар ярих нь чухал ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡ ᠪᠡᠨ ᠪᠠᠷᠢᠮᠵᠢᠶ᠎ᠠ ᠪᠠᠷ ᠶᠠᠷᠢᠬᠤ ᠨᠢ ᠴᠢᠬᠤᠯᠠМонгол хэлээ баримжаагаар ярих нь чухал

ᠮᠣᠩᠭᠣᠯ ᠬᠡᠯᠡ ᠪᠡᠨ ᠪᠠᠷᠢᠮᠵᠢᠶ᠎ᠠ ᠪᠠᠷ ᠶᠠᠷᠢᠬᠤ ᠨᠢ ᠴᠢᠬᠤᠯᠠМонгол хэлээ баримжаагаар ярих нь чухал

2023-07-11

286

ᠮᠣᠩᠭᠣᠯ ᠬᠡᠯᠡ ᠪᠡᠨ ᠪᠠᠷᠢᠮᠵᠢᠶ᠎ᠠ ᠪᠠᠷ ᠶᠠᠷᠢᠬᠤ ᠨᠢ ᠴᠢᠬᠤᠯᠠ

ᠵᠠ᠂ ᠰᠠᠢᠨ ᠪᠠᠢᠵᠠᠭᠠᠨ᠎ᠠ ᠤᠤ⁈
ᠵᠠ᠂ ᠨᠢᠭᠡ ᠴᠢᠬᠤᠯᠠ ᠠᠰᠠᠭᠤᠳᠠᠯ ᠢ᠋ ᠶᠠᠷᠢᠴᠢᠬᠠᠶ᠎ᠠ! ᠠ᠂ ᠨᠠᠳᠠ ᠳ᠋ᠤ᠌ ᠠᠪᠴᠤ ᠬᠡᠯᠡᠪᠡᠯ ᠣᠳᠣ ᠴᠢᠬᠤᠯᠠ ᠠ᠋! ᠥᠴᠥᠭᠡᠳᠦᠷ ᠣᠳᠣ ᠮᠢᠨᠦ ᠨᠡᠪᠲᠡᠷᠡᠭᠦᠯᠭᠡ ᠶ᠋ᠢᠨ ᠥᠷᠥᠭᠡᠨ ᠳ᠋ᠦ᠍ ᠨᠢᠭᠡ ᠮᠣᠷᠢ ᠤᠨᠤᠭᠰᠠᠨ ᠬᠥᠮᠦᠨ ᠣᠷᠣᠵᠤ ᠢᠷᠡᠭᠡᠳ ᠬᠡᠯᠡᠭᠰᠡᠨ ᠰᠢᠲᠠ᠂ ᠮᠢᠨᠦ ᠬᠢᠲᠠᠳ ᠦᠭᠡᠨ ᠦ᠌ ᠣᠳᠣ ᠠᠶᠠᠯᠭ᠎ᠠ ᠨᠢ ᠲᠠᠭᠠᠷᠠᠬᠤ ᠦᠭᠡᠢ ᠪᠠᠢᠨ᠎ᠠ᠂ ᠪᠠᠷᠢᠮᠵᠢᠶ᠎ᠠ ᠪᠢᠰᠢ ᠪᠠᠢᠨ᠎ᠠ᠂ ᠢᠩᠭᠢᠵᠦ ᠬᠡᠯᠡᠭᠰᠡᠨ ᠪᠠᠢᠨ᠎ᠠ᠃ ᠲᠠ ᠪᠠᠷᠤᠭ ᠨᠠᠮ᠎ᠠ ᠶ᠋ᠢ ᠶᠠᠮᠠᠷ ᠬᠥᠮᠦᠨ ᠭᠡᠳᠡᠭ ᠢ᠋ ᠣᠢᠯᠠᠭᠠᠬᠤ ᠦᠭᠡᠢ ᠪᠠᠢᠨ᠎ᠠ ᠪᠢᠵᠡ⁈ ᠪᠢ ᠪᠣᠯ ᠮᠣᠩᠭᠣᠯ ᠬᠥᠮᠦᠨ ᠰᠢᠳᠡ᠂ ᠮᠢᠨᠦ ᠡᠬᠡ ᠬᠡᠯᠡ ᠪᠣᠯ ᠮᠣᠩᠭᠣᠯ ᠬᠡᠯᠡ! ᠪᠢ ᠬᠢᠲᠠᠳ ᠬᠡᠯᠡ ᠶ᠋ᠢ ᠪᠠᠷᠢᠮᠵᠢᠶ᠎ᠠ ᠪᠠᠷ ᠰᠤᠷᠤᠭᠠᠳ᠂ ᠪᠠᠷᠢᠮᠵᠢᠶ᠎ᠠ ᠪᠠᠷ ᠬᠡᠯᠡᠭᠡᠳ ᠴᠢᠩᠭᠢᠵᠦ ᠥᠪᠡᠷ ᠦ᠋ᠨ ᠪᠡᠶ᠎ᠡ ᠪᠡᠨ ᠱᠠᠭᠠᠷᠳᠠᠭᠠᠳ ᠪᠠᠢᠬᠤ ᠲᠡᠢᠮᠦ ᠱᠠᠭᠠᠷᠳᠠᠯᠭ᠎ᠠ ᠪᠠᠢᠬᠤ ᠦᠭᠡᠢ᠃ ᠨᠠᠳᠠ ᠳ᠋ᠤ᠌ ᠠᠪᠴᠤ ᠬᠡᠯᠡᠪᠡᠯ ᠲᠡᠢᠮᠦ ᠴᠢᠬᠤᠯᠠ ᠪᠢᠰᠢ ᠡᠨᠡ ᠪᠣᠯ! ᠶᠠᠮᠠᠷ ᠬᠡᠯᠡ ᠴᠦ᠍ ᠭᠡᠰᠡᠨ ᠮᠢᠨᠦ ᠡᠬᠡ ᠬᠡᠯᠡ ᠡᠴᠡ ᠪᠤᠰᠤᠳ ᠶᠠᠮᠠᠷ ᠬᠡᠯᠡ ᠴᠦ᠍ ᠭᠡᠰᠡᠨ ᠠᠳᠠᠯᠢᠬᠠᠨ! ᠠᠩᠭ᠌ᠯᠢ ᠬᠡᠯᠡ᠂ ᠣᠷᠣᠰ ᠬᠡᠯᠡ ᠠ᠂ ᠪᠢ ᠪᠦᠷ ᠪᠠᠷᠢᠮᠵᠢᠶ᠎ᠠ ᠪᠠᠷ ᠲᠡᠭᠡᠵᠦ ᠥᠪᠡᠷ ᠦ᠋ᠨ ᠪᠡᠶ᠎ᠡ ᠪᠡᠨ ᠱᠠᠭᠠᠷᠳᠠᠭ᠎ᠠ ᠦᠭᠡᠢ᠂ ᠵᠥᠪᠬᠡᠨ ᠪᠢ ᠬᠥᠮᠦᠨ ᠲᠡᠢ ᠢᠩᠭᠢᠵᠦ ᠬᠡᠯᠡᠵᠦ ᠨᠡᠪᠲᠡᠷᠡᠵᠦ ᠢᠩᠭᠢᠵᠦ ᠪᠠᠢᠪᠠᠯ ᠪᠣᠯᠴᠢᠬᠠᠨ᠎ᠠ᠃ ᠨᠠᠳᠠ ᠳ᠋ᠤ᠌ ᠶᠠᠭᠤ ᠴᠢᠬᠤᠯᠠ ᠪᠣᠢ ᠭᠡᠪᠡᠯ ᠪᠢ ᠥᠪᠡᠷ ᠦ᠋ᠨ ᠶ᠋ᠢᠡᠨ ᠬᠡᠯᠡ ᠶ᠋ᠢ᠂ ᠣᠳᠣ ᠮᠣᠩᠭᠣᠯ ᠬᠡᠯᠡ ᠪᠡᠨ ᠪᠠᠷᠢᠮᠵᠢᠶ᠎ᠠ ᠠᠪᠢᠶ᠎ᠠ ᠪᠠᠷ ᠢᠩᠭᠢᠵᠦ ᠬᠡᠯᠡᠵᠦ ᠰᠤᠷᠬᠤ ᠨᠢ ᠨᠠᠳᠠ ᠳ᠋ᠤ᠌ ᠬᠠᠮᠤᠭ ᠤ᠋ᠨ ᠴᠢᠬᠤᠯᠠ! ᠳᠠᠬᠢᠭᠠᠳ ᠬᠡᠯᠡᠪᠡᠯ᠂ ᠠ᠋᠁ ᠪᠢ ᠪᠠᠰᠠ ᠬᠢᠲᠠᠳ ᠺᠣᠮᠫᠠᠨᠢ ᠳ᠋ᠤ᠌ ᠠᠵᠢᠯᠯᠠᠵᠤ ᠥᠩᠭᠡᠷᠡᠵᠦ ᠪᠠᠢᠭᠰᠠᠨ᠂ ᠬᠢᠲᠠᠳ ᠬᠥᠮᠦᠨ ᠡᠴᠡ ᠶᠡᠷᠦ ᠨᠢ ᠬᠣᠴᠣᠷᠴᠤ ᠥᠩᠭᠡᠷᠡᠭᠡ ᠦᠭᠡᠢ᠂ ᠠ᠂ ᠰᠠᠷ᠎ᠠ ᠰᠠᠷ᠎ᠠ ᠶ᠋ᠢᠨ ᠱᠠᠩᠨᠠᠯ ᠢ᠋ ᠠᠪᠬᠤ ᠳ᠋ᠤ᠌ ᠪᠦᠷ ᠮᠢᠨᠦ ᠱᠠᠩᠨᠠᠯ ᠬᠠᠮᠤᠭ ᠤ᠋ᠨ ᠥᠨᠳᠥᠷ ᠪᠠᠢᠳᠠᠭ᠃《 ᠣ᠂ ᠥᠪᠥᠷ ᠮᠣᠩᠭᠣᠯ ᠬᠥᠮᠦᠨ ᠪᠠᠰᠠ ᠬᠢᠲᠠᠳ ᠢ᠋ᠶ᠋ᠠᠷ ᠡᠢᠮᠦ ᠰᠠᠢᠬᠠᠨ ᠶᠠᠷᠢᠵᠤ ᠴᠢᠳᠠᠳᠠᠭ ᠶᠤᠮ ᠤᠤ⁈》᠂ ᠢᠩᠭᠢᠵᠦ ᠭᠠᠢᠬᠠᠳᠠᠭ ᠪᠠᠢᠭᠰᠠᠨ᠃ ᠪᠢ ᠴᠢᠩᠭᠢᠭᠡᠳ᠄《 ᠮᠠᠨ ᠤ᠋ ᠥᠪᠥᠷ ᠮᠣᠩᠭᠣᠯ ᠬᠥᠮᠦᠨ᠂ ᠠ᠂ ᠬᠡᠳᠦᠢᠪᠡᠷ ᠮᠠᠨ ᠤ᠋ ᠡᠬᠡ ᠬᠡᠯᠡ ᠨᠢ ᠮᠣᠩᠭᠣᠯ ᠪᠣᠯᠪᠠᠴᠤ᠂ ᠠ᠂ ᠮᠣᠩᠭᠣᠯ ᠢ᠋ᠶ᠋ᠠᠷ᠂ ᠪᠦᠷ ᠮᠣᠩᠭᠣᠯ ᠢ᠋ᠶ᠋ᠠᠷ ᠰᠤᠷᠳᠠᠭ᠂ ᠭᠡᠷ ᠲᠦ᠍ ᠪᠡᠨ ᠪᠠᠰᠠ ᠮᠣᠩᠭᠣᠯ ᠢ᠋ᠶ᠋ᠠᠷ ᠶᠠᠷᠢᠳᠠᠭ᠂ ᠡᠢᠮᠦ ᠪᠣᠯᠪᠠᠴᠤ ᠬᠢᠲᠠᠳ ᠦᠭᠡᠨ ᠳ᠋ᠦ᠍ ᠪᠡᠨ ᠪᠦᠷ ᠰᠠᠢᠨ!》 ᠭᠡᠵᠦ ᠬᠡᠯᠡᠳᠡᠭ᠃ ᠡᠢᠮᠦ ᠡᠴᠡ ᠠ᠋᠁ ᠮᠢᠨᠦ ᠬᠢᠲᠠᠳ ᠦᠭᠡ ᠶᠠᠷᠢᠬᠤ ᠬᠡᠳᠦᠢᠪᠡᠷ ᠪᠠᠷᠢᠮᠵᠢᠶ᠎ᠠ ᠪᠢᠰᠢ ᠪᠣᠯᠪᠠᠴᠤ ᠬᠢᠲᠠᠳ ᠬᠥᠮᠦᠨ ᠡᠴᠡ ᠶᠡᠷᠦ ᠬᠣᠴᠣᠷᠴᠤ ᠥᠩᠭᠡᠷᠡᠭᠡ ᠦᠭᠡᠢ᠂ ᠨᠠᠳᠠ ᠳ᠋ᠤ᠌ ᠠᠪᠴᠤ ᠬᠡᠯᠡᠪᠡᠯ ᠥᠪᠡᠷ ᠦ᠋ᠨ ᠶ᠋ᠢᠡᠨ ᠬᠡᠯᠡ ᠶ᠋ᠢ ᠪᠠᠷᠢᠮᠵᠢᠶ᠎ᠠ ᠪᠠᠷ ᠬᠡᠯᠡᠵᠦ ᠰᠤᠷᠤᠭᠰᠠᠨ ᠤ᠋ ᠳᠠᠷᠠᠭ᠎ᠠ ᠪᠤᠰᠤᠳ ᠠ᠋ᠴᠠ ᠰᠤᠷᠤᠯᠴᠠᠬᠤ ᠬᠡᠷᠡᠭᠲᠡᠢ᠃ ᠡᠨᠡ ᠪᠣᠯ ᠰᠠᠶᠢ᠂ ᠪᠤᠰᠤᠳ ᠤ᠋ᠨ ᠳᠠᠪᠠᠭᠤᠯᠢᠭ ᠲᠠᠯ᠎ᠠ ᠶ᠋ᠢ ᠰᠤᠷᠤᠯᠴᠠᠨ᠎ᠠ᠂ ᠡᠢᠮᠦ ᠡᠴᠡ ᠰᠠᠶᠢ ᠡᠨᠡ ᠦᠨᠳᠦᠰᠦᠲᠡᠨ ᠴᠢᠨᠢ ᠬᠥᠭᠵᠢᠵᠦ ᠴᠢᠳᠠᠨ᠎ᠠ᠃ ᠴᠢ ᠪᠤᠰᠤᠳ ᠤ᠋ᠨ ᠬᠢ ᠶ᠋ᠢ ᠪᠠᠷᠢᠮᠵᠢᠶᠠᠯᠠᠭᠠᠳ ᠥᠪᠡᠷ ᠦ᠋ᠨ ᠴᠢᠨᠢ ᠪᠠᠷᠢᠮᠵᠢᠶ᠎ᠠ ᠤᠤ⁈ ᠵᠠ᠂ ᠬᠡᠯᠡ ᠴᠢᠨᠢ ᠬᠤᠭᠤᠷᠠᠬᠤ ᠭᠡᠵᠦ ᠪᠠᠢᠭ᠎ᠠ ᠴᠢ ᠪᠠᠰᠠ ᠣᠳᠣ ᠥᠭᠡᠷ᠎ᠡ ᠦᠨᠳᠦᠰᠦᠲᠡᠨ ᠦ᠌ ᠦᠭᠡ ᠬᠡᠯᠡ ᠶ᠋ᠢ ᠣᠳᠣ ᠪᠠᠷᠢᠮᠵᠢᠶ᠎ᠠ ᠪᠠᠷ ᠬᠡᠯᠡᠬᠦ ᠶ᠋ᠢ ᠬᠥᠮᠦᠨ ᠳ᠋ᠦ᠍ ᠱᠠᠭᠠᠷᠳᠠᠭᠠᠳ ᠶᠠᠭᠠᠬᠢᠨ᠎ᠠ ᠪᠣᠢ⁈ ᠲᠠ ᠡᠭᠦᠨ ᠦ᠌ ᠣᠷᠣᠨ ᠳ᠋ᠤ᠌ ᠥᠪᠡᠷ ᠶ᠋ᠢᠡᠨ ᠥᠪᠡᠷ ᠦ᠋ᠨ ᠶ᠋ᠢᠡᠨ ᠦᠭᠡ ᠬᠡᠯᠡ ᠶ᠋ᠢ᠂ ᠵᠠ᠂ ᠪᠠᠷᠢᠮᠵᠢᠶ᠎ᠠ ᠬᠡᠯᠡᠭᠡᠳ ᠰᠤᠷᠴᠢᠬ᠎ᠠ! ᠴᠢᠩᠭᠢᠭᠡᠳ ᠦᠷ᠎ᠡ ᠬᠡᠦᠬᠡᠳ ᠲᠦ᠍ ᠪᠡᠨ ᠡᠨᠡ ᠪᠠᠷᠢᠮᠵᠢᠶ᠎ᠠ ᠬᠡᠯᠡ ᠪᠡᠨ ᠵᠢᠭᠠᠴᠢᠬ᠎ᠠ! ᠲᠡᠢᠮᠦ᠂ ᠰᠤᠷᠭᠠᠭᠤᠯᠢ ᠵᠢᠭᠠᠬᠤ ᠦᠭᠡᠢ ᠪᠣᠯ ᠴᠢ ᠥᠪᠡᠷ ᠶ᠋ᠢᠡᠨ ᠵᠢᠭᠠᠭᠰᠠᠨ ᠴᠤ᠌ ᠪᠣᠯᠤᠨ᠎ᠠ ᠰᠢᠲᠠ! ᠡᠨᠡ ᠴᠢᠯᠥᠭᠡ ᠪᠡᠷ ᠶ᠋ᠢᠡᠨ ᠂ ᠡᠨᠡ ᠵᠠᠪ ᠢ᠋ᠶ᠋ᠠᠷ ᠢ᠋ᠶ᠋ᠠᠨ᠂ ᠲᠡᠢᠮᠦ ᠪᠢᠵᠡ ᠳᠡ⁈ ᠡᠢᠮᠦ ᠡᠴᠡ ᠲᠠᠨ ᠤ᠋ ᠡᠨᠡ ᠰᠠᠨᠠᠭᠤᠯᠭ᠎ᠠ ᠪᠣᠯ ᠨᠠᠳᠠ ᠳ᠋ᠤ᠌ ᠲᠣᠬᠢᠷᠠᠬᠤ ᠦᠭᠡᠢ ᠪᠠᠢᠨ᠎ᠠ᠂ ᠲᠣᠬᠢᠷᠠᠬᠤ ᠦᠭᠡᠢ᠃

   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠳᠠᠭᠴᠢ᠄ ᠮᠥᠩᠬᠡ ᠭᠠᠯ
   ᠬᠢᠨᠠᠭᠴᠢ᠄ ᠠ‍· ᠰᠠᠷᠠᠩᠭᠡᠷᠡᠯ᠂ ᠾᠧᠩ ᠸᠧᠢ