ᠬᠤᠳᠳᠤᠭ ᠤᠨ ᠮᠡᠯᠡᠬᠡᠢ – ᠯ᠂ ᠪᠠᠳᠠᠷᠴᠢ Худгийн мэлхий – Л ᠂ Бадарч
ᠬᠤᠳᠳᠤᠭ ᠤᠨ ᠮᠡᠯᠡᠬᠡᠢ
ᠭᠦᠨ ᠶᠡᠬᠡ ᠳᠠᠯᠠᠢ ᠶ᠋ᠢᠨ ᠲᠡᠷᠲᠡᠭᠡ
ᠲᠣᠩ ᠪᠠᠬ᠋᠎ᠠ ᠠᠷᠠᠯ ᠣᠷᠣᠰᠢᠵᠠᠢ᠃
ᠲᠡᠷᠡ ᠪᠢᠴᠢᠬᠠᠨ ᠠᠷᠠᠯ ᠦ᠋ᠨ ᠳᠤᠮᠳᠠ
ᠴᠣᠷ ᠭᠠᠭᠴᠠᠬᠠᠨ ᠬᠤᠤᠠᠲᠤᠭ ᠪᠠᠶ᠋ᠢᠪᠠ᠃
ᠡᠨᠡ ᠬᠤᠤᠠᠲᠤᠭ ᠦ᠋ᠨ ᠤᠰᠤ ᠦᠮᠡᠬᠡᠢ
ᠡᠵᠡᠨ ᠨᠢ ᠬᠣᠣᠷᠲᠤ ᠬᠠᠷ᠎ᠠ ᠮᠡᠯᠡᠬᠡᠢ
ᠬᠣᠣᠰ ᠦᠭᠡᠢ ᠬᠡᠷᠴᠡᠭᠡᠢ ᠰᠢᠨᠤᠬᠠᠢ
ᠪᠠᠯᠠᠢ ᠲᠡᠨᠡᠭ ᠠᠶᠤᠮᠠᠬᠠᠢ
ᠪᠠᠷᠲᠠᠮ ᠨᠡᠷᠡᠯᠬᠡᠦ ᠪᠤᠭᠤᠯᠬᠠᠢ
ᠰᠢᠯᠦᠬᠡᠢ ᠮᠡᠯᠡᠬᠡᠢ ᠪᠠᠷᠬᠢᠷᠠᠵᠤ
ᠰᠢᠯᠦᠭ ᠬᠣᠯᠪᠣᠨ ᠳᠠᠭᠤᠯᠠᠭᠰᠠᠨ ᠨᠢ
ᠨᠠᠳᠠ ᠡᠴᠡ ᠮᠤᠨᠲᠠᠭ ᠠᠮᠢᠲᠠᠨ
ᠨᠠᠷᠠ ᠲᠠᠢ ᠬᠣᠷᠸ᠋᠎ᠠ ᠳ᠋ᠤ᠌ ᠪᠠᠶ᠋ᠢᠬᠤ ᠦᠭᠡᠢ
ᠮᠢᠨᠦ ᠬᠤᠤᠠᠲᠤᠭ ᠡᠴᠡ ᠲᠣᠮᠣ ᠶᠠᠭᠤᠮ᠎ᠠ
ᠬᠥᠮᠦᠨ ᠪ ᠳᠡᠯᠡᠬᠡᠢ ᠳ᠋ᠤ᠌ ᠪᠠᠶ᠋ᠢᠬᠤ ᠦᠭᠡᠢ
ᠠᠭᠤᠤ ᠴᠤ᠌ ᠮᠡᠯᠡᠬᠡᠢ ᠳ᠋ᠡ ᠬᠦ᠋
ᠮᠡᠯᠡᠬᠡᠢ ᠬᠤᠤᠠᠲᠤᠭ ᠬᠣᠶᠠᠷ
ᠳᠡᠯᠡᠬᠡᠢ ᠳ᠋ᠤ᠌ ᠬᠣᠣᠰ ᠦᠭᠡᠢ ᠬᠣᠶᠠᠷ
ᠭᠠᠶ᠋ᠢᠬᠠᠯ ᠪᠢᠳᠡ ᠬᠣᠶᠠᠷ ᠢ
ᠭᠠᠵᠠᠷ ᠳᠡᠯᠡᠬᠡᠢ ᠳᠠᠭᠠᠭᠠᠯ ᠦᠭᠡᠢ
ᠬᠡᠲᠡᠷᠭᠦ ᠪᠢᠲᠡᠭᠡᠢ ᠤᠨᠠᠭᠠᠰᠠᠢ!
ᠭᠡᠨᠡᠤᠠᠲᠡ ᠪᠤᠤ ᠴᠥᠮᠥᠷᠡᠭᠡᠰᠠᠢ!
ᠭᠠᠭᠴᠠ ᠯᠠ ᠠᠶᠤᠬᠤ ᠶᠠᠭᠤᠮ᠎ᠠ ᠲᠡᠷᠡ
ᠭᠠᠵᠠᠷ ᠯᠠ ᠪᠤᠤ ᠴᠥᠮᠥᠷᠡ ᠭᠡᠨ᠎ᠡ᠃
ᠮᠡᠯᠡᠬᠡᠢ ᠴᠢᠯᠡᠲᠡᠯ᠎ᠡ ᠪᠡᠨ ᠳᠠᠭᠤᠯᠠᠭᠠᠳ
ᠦᠮᠡᠬᠡᠢ ᠬᠤᠤᠠᠲᠤᠭ ᠲᠠᠭᠠᠨ ᠴᠡᠴᠡᠷᠡᠭᠡᠳ
ᠴᠥᠮᠥᠷᠡᠬᠦ ᠪᠤᠢ ᠭᠡᠵᠦ ᠠᠶᠤᠭᠠᠳ
ᠴᠦᠭᠴᠤᠶ᠋ᠢᠵᠤ ᠰᠠᠭᠤᠲᠠᠯ᠎ᠠ ᠭᠡᠨᠡᠤᠠᠲᠡ
《 ᠠᠪᠤᠷᠭᠤ 》ᠬᠤᠤᠠᠲᠤᠭ ᠦ᠋ᠨ ᠬᠢᠨᠢ ᠠᠮᠠᠰᠠᠷ ᠲᠤ
ᠠᠶ᠋ᠢᠯᠴᠢᠨ ᠲᠠᠭᠲᠠᠬ᠋᠎ᠠ ᠢᠷᠡᠵᠡᠢ᠃
ᠲᠠᠭᠲᠠᠬ᠋᠎ᠠ ᠶ᠋ᠢ ᠮᠡᠯᠡᠬᠡᠢ ᠥᠵᠡᠭᠡᠳ
ᠳᠠᠬ᠋ᠠ ᠦᠭᠡᠢ ᠢᠷᠪᠠᠶ᠋ᠢᠵᠤ ᠰᠢᠷᠪᠢᠭᠡᠳ
ᠠᠯᠠᠭᠠᠨ ᠤ ᠴᠢᠨᠡᠭᠡᠨ ᠠᠮᠢᠲᠠᠨ
ᠠᠯᠢ ᠭᠠᠵᠠᠷ ᠡᠴᠡ ᠢᠷᠡᠪᠡ?
ᠠᠪᠤᠷᠭᠤ ᠶᠡᠬᠡ ᠨᠠᠳᠠ ᠡᠴᠡ
ᠠᠶᠤᠬᠤ ᠦᠭᠡᠢ ᠪᠠᠶ᠋ᠢᠨ᠎ᠠ ᠤᠤ ᠭᠡᠪᠡ᠃
ᠲᠠᠭᠲᠠᠬ᠋᠎ᠠ ᠰᠢᠪᠠᠭᠤ ᠢᠨᠢᠶᠡᠵᠦ
ᠲᠠᠶ᠋ᠢᠪᠣᠩ ᠳᠠᠷᠤᠤ ᠬᠡᠯᠡᠭᠰᠡᠨ ᠨᠢ᠄
ᠲᠠᠨ ᠪ ᠪᠡᠶ᠎ᠡ ᠯᠠᠭᠱᠠᠨ
ᠲᠠᠶ᠋ᠢᠪᠤᠩ ᠠᠮᠤᠷ ᠪᠠᠶ᠋ᠢᠨ᠎ᠠ ᠤᠤ?
ᠡᠩ ᠦ᠋ᠨ ᠳᠠᠯᠠᠢ ᠡᠴᠡ ᠪᠢ
ᠡᠨᠳᠡ ᠬᠦᠷᠴᠦ ᠢᠷᠡᠯ᠎ᠡ ᠭᠡᠪᠡ᠃
ᠮᠡᠯᠡᠬᠡᠢ ᠱᠠᠯ ᠱᠠᠯ ᠴᠡᠴᠡᠷᠡᠵᠦ
ᠮᠡᠭᠲᠡᠵᠦ ᠫᠠᠯ ᠫᠠᠯ ᠳᠤᠤᠭᠠᠷᠴᠤ
ᠡᠩ ᠦ᠋ᠨ ᠲᠡᠷᠡ ᠳᠠᠯᠠᠢ ᠴᠢᠨᠢ
ᠡᠨᠡ ᠮᠢᠨᠦ ᠬᠤᠤᠠᠲᠤᠭ ᠦ᠋ᠨ
ᠳᠥᠷᠪᠡᠨ ᠪ ᠨᠢᠭᠡ ᠬᠤᠪᠢ ᠳ᠋ᠤ᠌
ᠳᠥᠩᠭᠡᠭᠡᠳ ᠬᠦᠷᠴᠦ ᠴᠢᠲᠠᠬᠤ ᠦᠦ
ᠲᠠ ᠲᠡᠨᠡᠭ ᠪᠠᠶ᠋ᠢᠨ᠎ᠠ ᠭᠡᠵᠦ
ᠲᠠᠭᠲᠠᠬ᠋᠎ᠠ ᠰᠢᠪᠠᠭᠤ ᠬᠡᠯᠡᠪᠡ᠃
ᠬᠣᠶᠠᠷ ᠦ᠋ᠨ ᠨᠢᠭᠡ ᠳ᠋ᠤ᠌ ᠬᠥᠷᠬᠥ ᠤᠤ ᠭᠡᠵᠦ
ᠬᠣᠪᠲᠣᠭ ᠮᠡᠯᠡᠬᠡᠢ ᠠᠰᠠᠭᠤᠪᠠ᠃
ᠬᠡᠬᠦᠷᠵᠡᠬᠡᠨᠠ ᠰᠢᠪᠠᠭᠤ ᠮᠥᠰᠢᠶᠡᠵᠦ
ᠬᠦᠷᠦᠨ᠎ᠡ ᠭᠡᠵᠦ ᠬᠡᠯᠡᠪᠡ᠃
ᠪᠠᠷᠲᠠᠮ ᠮᠡᠯᠡᠬᠡᠢ ᠭᠠᠶ᠋ᠢᠬᠠᠵᠤ
ᠪᠠᠰᠠ ᠲᠠᠬᠢᠨ ᠠᠰᠠᠭᠤᠭᠰᠠᠨ ᠨᠢ᠄
ᠳᠥᠷᠪᠡᠨ ᠤ ᠨᠢᠭᠡ ᠬᠤᠪᠢ ᠳ᠋ᠤ᠌
ᠳᠥᠩᠭᠡᠭᠡᠳ ᠬᠦᠷᠴᠦ ᠴᠢᠲᠠᠬᠤ ᠦᠦ
ᠡᠭᠦᠨ ᠡᠴᠡ ᠴᠢᠨᠢ ᠪᠦᠷ ᠶᠡᠬᠡ
ᠦᠨᠡᠨᠴᠢ ᠲᠠᠭᠲᠠᠬ᠋᠎ᠠ ᠬᠡᠯᠡᠪᠡ᠃
ᠲᠡᠨᠡᠭ ᠮᠡᠯᠡᠬᠡᠢ ᠬᠣᠷᠣᠰᠴᠤ
ᠲᠡᠰᠭᠡᠯ ᠦᠭᠡᠢ ᠶᠡᠬᠡ ᠠᠭᠤᠷᠯᠠᠵᠤ
ᠲᠡᠭᠡᠪᠡᠯ ᠪᠦᠬᠦ ᠬᠤᠤᠠᠲᠤᠭ ᠲᠠᠢ ᠮᠢᠨᠢ
ᠲᠡᠷᠡ ᠳᠠᠯᠠᠢ ᠲᠡᠩᠴᠡᠬᠦ ᠦᠦ ᠭᠡᠪᠡ᠃
ᠲᠠᠭᠲᠠᠬ᠋᠎ᠠ ᠰᠢᠪᠠᠭᠤ ᠢᠨᠢᠶᠡᠵᠦ
ᠲᠠᠶ᠋ᠢᠪᠤᠩ ᠶ᠋ᠢᠠᠷ ᠲᠡᠭᠦᠨ ᠳ᠋ᠤ᠌ ᠬᠡᠯᠡᠭᠰᠡᠨ ᠨᠢ
ᠡᠩᠬᠡ ᠶ᠋ᠢᠨ ᠥᠷᠭᠡᠨ ᠳᠠᠯᠠᠢ ᠶ᠋ᠢ
ᠡᠨᠡ ᠬᠤᠤᠠᠲᠤᠭ ᠲᠠᠢ ᠵᠦᠢᠷᠯᠡᠰᠢ ᠦᠭᠡᠢ
ᠲᠡᠷᠡ ᠳᠠᠯᠠᠢ ᠰᠢᠭ᠋ ᠶᠡᠬᠡ ᠶᠠᠭᠤᠮ᠎ᠠ
ᠲᠩᠷᠢ ᠶ᠋ᠢᠨ ᠳᠣᠣᠷ᠎ᠠ ᠪᠠᠶ᠋ᠢᠬᠤ ᠦᠭᠡᠢ
ᠰᠢᠯᠦᠬᠡᠢ ᠮᠡᠯᠡᠬᠡᠢ ᠬᠣᠷᠣᠰᠴᠤ
ᠰᠢᠳᠦ ᠦᠭᠡᠢ ᠠᠮᠠ ᠪᠠᠨ ᠠᠩᠭᠠᠶ᠋ᠢᠵᠤ
ᠱᠠᠯ ᠬᠤᠳᠠᠯ ᠱᠠᠯ ᠬᠤᠳᠠᠯ ᠭᠡᠵᠦ
ᠱᠠᠯ ᠱᠠᠯ ᠴᠡᠴᠡᠷᠡᠵᠦ ᠠᠭᠤᠷᠯᠠᠪᠠ᠃
ᠰᠢᠨ᠎ᠡ ᠳᠠᠶ᠋ᠢᠨ ᠪ ᠡᠰᠡᠷᠭᠦ
ᠡᠩᠬᠡ ᠲᠠᠶ᠋ᠢᠪᠤᠩ ᠦ᠋ᠨ ᠬᠦᠴᠦ ᠨᠢ
ᠰᠢᠷᠭᠢᠭᠰᠡᠨ ᠬᠤᠤᠠᠲᠤᠭ ᠦ᠋ᠨ ᠳᠡᠷᠭᠡᠳᠡ
ᠳᠠᠯᠠᠢ ᠶ᠋ᠢᠨ ᠤᠰᠤ ᠰᠢᠭ᠋ ᠶᠡᠬᠡ ᠶᠤᠮ
ᠠᠰᠤᠷᠤ ᠶᠡᠬᠡ ᠡᠨᠡ ᠬᠦᠴᠦ ᠶ᠋ᠢ
ᠠᠩᠵᠢᠶᠠᠷᠠᠳᠠᠭ ᠦᠭᠡᠢ ᠳᠠᠶ᠋ᠢᠨᠴᠢᠳ
ᠦᠮᠡᠬᠡᠢ ᠬᠤᠤᠠᠲᠤᠭ ᠦ᠋ᠨ ᠮᠡᠯᠡᠬᠡᠢ ᠡᠴᠡ
ᠥᠭᠡᠷ᠎ᠡ ᠴᠤ᠌ ᠶᠠᠭᠤ ᠪᠠᠶ᠋ᠢᠬᠤ ᠪᠤᠢ ᠳ᠋ᠠ?
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ
ᠬᠢᠨᠠᠭᠴᠢ ᠄ ᠴᠣᠯᠮᠣᠨᠲᠤᠶᠠᠭ᠎ᠠ
2023 ᠣᠨ ᠪ 7 ᠰᠠᠷ᠎ᠠ ᠶ᠋ᠢᠨ 5 ᠤ ᠡᠳᠦᠷ
