ᠶᠠᠫᠣᠨ ᠤ ᠪᠠᠭ᠎ᠠ ᠰᠤᠷᠭᠠᠭᠤᠯᠢ ᠶᠢᠨ ᠲᠠᠯ᠎ᠠ ᠪᠠᠷ ᠲᠠᠨᠢᠯᠴᠠᠭᠤᠯᠵᠤ ᠥᠭᠭᠦᠨ᠎ᠡ ᠦᠦЯпоны бага сургуулийн талаар танилцуулж өгнө үү ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠫᠣᠨ ᠤ ᠪᠠᠭ᠎ᠠ ᠰᠤᠷᠭᠠᠭᠤᠯᠢ ᠶᠢᠨ ᠲᠠᠯ᠎ᠠ ᠪᠠᠷ ᠲᠠᠨᠢᠯᠴᠠᠭᠤᠯᠵᠤ ᠥᠭᠭᠦᠨ᠎ᠡ ᠦᠦЯпоны бага сургуулийн талаар танилцуулж өгнө үү

ᠶᠠᠫᠣᠨ ᠤ ᠪᠠᠭ᠎ᠠ ᠰᠤᠷᠭᠠᠭᠤᠯᠢ ᠶᠢᠨ ᠲᠠᠯ᠎ᠠ ᠪᠠᠷ ᠲᠠᠨᠢᠯᠴᠠᠭᠤᠯᠵᠤ ᠥᠭᠭᠦᠨ᠎ᠡ ᠦᠦЯпоны бага сургуулийн талаар танилцуулж өгнө үү

ᠶᠠᠫᠣᠨ ᠤ ᠪᠠᠭ᠎ᠠ ᠰᠤᠷᠭᠠᠭᠤᠯᠢ ᠶᠢᠨ ᠲᠠᠯ᠎ᠠ ᠪᠠᠷ ᠲᠠᠨᠢᠯᠴᠠᠭᠤᠯᠵᠤ ᠥᠭᠭᠦᠨ᠎ᠡ ᠦᠦ

ᠣᠳᠣ ᠲᠠ ᠪᠦᠬᠦᠨ ᠳᠦ ᠶᠠᠫᠤᠨ ᠤ ᠪᠠᠭ᠎ᠠ ᠰᠤᠷᠭᠠᠭᠤᠯᠢ ᠶᠢᠨ ᠲᠠᠯ᠎ᠠ ᠪᠠᠷ ᠲᠠᠨᠢᠯᠴᠠᠭᠤᠯᠤᠶ᠎ᠠ᠄
ᠲᠠᠨ ᠤ ᠤᠯᠤᠰ ᠠᠴᠠ ᠢᠯᠭᠠᠭ᠎ᠠ ᠲᠠᠢ ᠤᠯᠠᠨ ᠶᠣᠰᠣ ᠵᠠᠩᠰᠢᠯ ᠪᠤᠢ᠂ ᠮᠠᠨ ᠤ ᠠᠩᠭᠢ ᠶᠢᠨ ᠬᠢᠨᠢ ᠨᠠᠳᠠ ᠬᠢᠵᠦ ᠥᠭᠭᠦᠭᠰᠡᠨ ᠺᠠᠷᠲ ᠢ ᠠᠰᠢᠭ᠍ᠯᠠᠨ ᠨᠢᠭᠡ ᠨᠢᠭᠡ ᠪᠡᠷ ᠨᠢ ᠲᠠᠢᠯᠪᠤᠷᠢᠯᠠᠵᠤ ᠥᠭᠭᠦᠶ᠎ᠡ ᠃
     ᠡᠬᠢᠯᠡᠭᠡᠳ ᠪᠠᠭ᠎ᠠ ᠰᠤᠷᠭᠠᠭᠤᠯᠢ ᠶᠢᠨ ᠬᠡᠯᠡ ᠶᠢᠨ ᠭᠣᠣᠯ ᠠᠷᠭ᠎ᠠ ᠬᠡᠮᠵᠢᠶ᠎ᠡ ᠨᠦᠭᠦᠳ ᠢ ᠲᠠᠨᠢᠯᠴᠠᠭᠤᠯᠤᠶ᠎ᠠ᠄
ᠶᠠᠫᠤᠨ ᠤ ᠪᠠᠭ᠎ᠠ ᠰᠤᠷᠭᠠᠭᠤᠯᠢ
ᠶᠠᠫᠤᠨ ᠤ ᠪᠠᠭ᠎ᠠ ᠰᠤᠷᠭᠠᠭᠤᠯᠢ ᠵᠢᠷᠭᠤᠭᠠᠨ ᠵᠢᠯ ᠪᠠᠢᠳᠠᠭ᠂ ᠵᠢᠷᠭᠤᠭ᠎ᠠ ᠠᠴᠠ ᠠᠷᠪᠠᠨ ᠬᠣᠶᠠᠷ ᠨᠠᠰᠤᠨ ᠳᠠᠭᠠᠨ ᠰᠣᠷᠣᠯᠴᠠᠨ᠎ᠠ᠃ ᠡᠭᠦᠨ ᠦ ᠳᠠᠷᠠᠭ᠎ᠠ ᠲᠤᠮᠳᠠᠳᠤ ᠰᠤᠷᠭᠠᠭᠤᠯᠢ ᠳᠤ ᠭᠤᠷᠪᠠᠨ ᠵᠢᠯ ᠰᠤᠷᠴᠤ ᠶᠡᠷᠦᠩᠬᠡᠢ ᠰᠠᠭᠤᠷᠢ ᠪᠣᠯᠪᠠᠰᠤᠷᠠᠯ ᠳᠤ ᠡᠵᠡᠮᠰᠢᠨ᠎ᠡ᠃
ᠰᠤᠷᠭᠠᠭᠤᠯᠢ ᠶᠢᠨ ᠬᠢᠴᠢᠶᠡᠯ ᠦᠨ ᠵᠢᠯ
 ᠶᠠᠫᠤᠨ ᠳᠤ ᠵᠢᠯ ᠪᠦᠷᠢ ᠲᠦᠷᠪᠡᠨ ᠰᠠᠷ᠎ᠠ ᠳᠤ ᠬᠢᠴᠢᠶᠡᠯ ᠤᠨ ᠵᠢᠯ ᠡᠬᠢᠯᠡᠵᠦ ᠭᠤᠷᠪᠠᠳᠤᠭᠠᠷ ᠰᠠᠷ᠎ᠠ ᠳᠤ ᠳᠠᠭᠤᠰᠳᠠᠭ᠃  ᠶᠡᠬᠡᠩᠭᠢ ᠰᠤᠷᠭᠠᠭᠤᠯᠢ ᠬᠢᠴᠢᠶᠡᠯ ᠦᠨ ᠵᠢᠯ ᠢ ᠬᠣᠶᠠᠷ ᠭᠤᠷᠪᠠᠨ ᠤᠯᠠᠷᠢᠯ ᠳᠤ ᠬᠤᠪᠢᠶᠠᠳᠠᠭ᠃
ᠰᠤᠷᠭᠠᠭᠤᠯᠢ ᠶᠢᠨ ᠭᠣᠣᠯ ᠠᠷᠭ᠎ᠠ ᠬᠡᠮᠵᠢᠶ᠎ᠡ ᠶᠢ ᠤᠯᠠᠷᠢᠯ ᠪᠦᠷᠢ ᠪᠡᠷ ᠨᠢ ᠲᠠᠨᠢᠯᠴᠠᠭᠤᠯᠤᠶ᠎ᠠ᠄
ᠰᠤᠷᠭᠠᠭᠤᠯᠢ ᠳᠡᠭᠡᠷ᠎ᠡ ᠵᠣᠬᠢᠶᠠᠭᠳᠠᠬᠤ ᠠᠷᠭ᠎ᠠ ᠬᠡᠮᠵᠢᠶᠡᠨ ᠦ ᠨᠡᠷ᠎ᠡ᠂ ᠠᠭᠤᠯᠭ᠎ᠠ᠂ ᠵᠣᠬᠢᠶᠠᠭᠳᠠᠬᠤ ᠡᠳᠦᠷ ᠨᠢ ᠲᠠᠨ ᠤ ᠪᠠᠢᠭ᠎ᠠ ᠭᠠᠵᠠᠷ᠂ ᠰᠤᠷᠭᠠᠭᠤᠯᠢ ᠠᠴᠠ ᠬᠠᠮᠤᠭ ᠠᠴᠠ ᠴᠤ᠌ ᠦᠬᠡᠷ᠎ᠡ ᠪᠡᠢᠵᠤ ᠪᠣᠯᠣᠨ᠎ᠠ᠃
ᠨᠢᠬᠡᠳᠤᠬᠡᠷ ᠤᠯᠠᠷᠢᠯ
ᠭᠤᠷᠪᠠᠨ ᠤᠯᠠᠷᠢᠯ ᠲᠠᠢ ᠰᠤᠷᠭᠠᠭᠤᠯᠢ ᠨᠤᠭᠤᠳ ᠤᠨ ᠬᠤᠪᠢ ᠳᠤ ᠨᠢᠭᠡᠳᠤᠬᠡᠷ ᠤᠯᠠᠷᠢᠯ ᠨᠢ ᠲᠦᠷᠪᠡᠨ ᠰᠠᠷ᠎ᠠ ᠡᠴᠡ ᠲᠤᠯᠤᠭᠠᠨ ᠰᠠᠷ᠎ᠠ ᠬᠦᠷᠲᠡᠯ᠎ᠡ ᠦᠷᠬᠦᠯᠵᠢᠯᠡᠳᠡᠭ᠂ ᠲᠦᠷᠪᠡᠨ ᠰᠠᠷ᠎ᠠ ᠳᠤ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠪᠣᠯᠳᠠᠭ᠂  ᠲᠤᠯᠤᠭᠠᠨ ᠰᠠᠷ᠎ᠠ ᠶᠢᠨ ᠰᠡᠭᠦᠯ ᠢᠶᠡᠷ ᠵᠣᠨ ᠤ ᠠᠮᠠᠷᠠᠯᠲᠠ ᠡᠬᠢᠯᠡᠳᠡᠭ᠃
ᠬᠣᠶᠠᠳᠤᠭᠠᠷ ᠤᠯᠠᠷᠢᠯ
ᠬᠣᠶᠠᠳᠤᠭᠠᠷ ᠤᠯᠠᠷᠢᠯ᠂ ᠣᠷᠣᠨ ᠨᠤᠲᠤᠭ ᠠᠴᠠ ᠰᠢᠯᠲᠠᠭᠠᠯᠠᠨ ᠥᠭᠡᠷ᠎ᠡ ᠪᠠᠢᠳᠠᠭ ᠴᠤ᠌ ᠶᠡᠬᠡᠪᠴᠢᠯᠡᠨ ᠨᠠᠢ᠍ᠮᠠᠨ  ᠰᠠᠷ᠎ᠠ᠎᠎ ᠶᠢᠨ ᠰᠡᠭᠦᠯ ᠡᠴᠡ ᠡᠬᠢᠯᠡᠭᠡᠳ ᠠᠷᠪᠠᠨ ᠬᠣᠶᠠᠷ ᠰᠠᠷ᠎ᠠ ᠶᠢᠨ ᠰᠡᠭᠦᠯ ᠬᠦᠷᠲᠡᠯ᠎ᠡ ᠦᠷᠬᠦᠯᠵᠢᠯᠡᠳᠡᠭ᠂ ᠠᠷᠪᠠᠨ ᠰᠠᠷ᠎ᠠ ᠶᠢᠨ ᠦᠶ᠎ᠡ ᠳᠦ ᠰᠫᠤᠷᠲ ᠤᠨ ᠡᠳᠦᠷᠯᠢᠭ ᠪᠣᠯᠵᠤ ᠶᠡᠬᠡᠩᠭᠢ ᠰᠤᠷᠭᠠᠭᠤᠯᠢ ᠨᠤᠭᠤᠳ ᠲᠤ ᠭᠡᠷ  ᠪᠦᠯᠢ ᠶᠢᠨ ᠬᠡᠰᠢᠬᠦᠳ ᠦᠵᠡᠬᠦ ᠪᠡᠷ ᠢᠷᠡᠵᠤ᠂ ᠬᠡᠦᠬᠡᠳ ᠦᠳ ᠲᠡᠬᠡᠨ ᠬᠥᠭᠵᠢᠶᠡᠨ ᠳᠠᠮᠵᠢᠵᠤ ᠂ ᠬᠠᠮᠲᠤ ᠳᠠᠭᠠᠨ ᠡᠳᠦᠷ ᠦᠨ ᠬᠣᠭᠣᠯᠠ ᠢᠳᠡᠳᠡᠭ᠃
ᠭᠤᠷᠪᠠᠳᠤᠭᠠᠷ ᠤᠯᠠᠷᠢᠯ
ᠡᠪᠤᠯ ᠤᠨ ᠠᠮᠠᠷᠠᠯᠲᠠ ᠠᠷᠪᠠᠨ ᠰᠠᠷ᠎ᠠ ᠶᠢᠨ ᠰᠡᠭᠦᠯ ᠡᠴᠡ ᠨᠢᠬᠡ ᠰᠠᠷ᠎ᠠ ᠶᠢᠨ ᠡᠬᠢᠨ ᠬᠦᠷᠲᠡᠯ᠎ᠡ ᠦᠷᠬᠦᠯᠵᠢᠯᠡᠳᠡᠭ᠃ ᠭᠤᠷᠪᠠᠳᠤᠭᠠᠷ ᠤᠯᠠᠷᠢᠯ ᠨᠢᠬᠡ ᠰᠠᠷ᠎ᠠ ᠠᠴᠠ ᠭᠤᠷᠪᠠᠨ ᠰᠠᠷ᠎ᠠ ᠬᠦᠷᠲᠡᠯ᠎ᠡ ᠦᠷᠭᠦᠯᠵᠢᠯᠡᠨ᠎ᠡ᠃ ᠭᠤᠷᠪᠠᠨ ᠰᠠᠷ᠎ᠠ ᠶᠢᠨ ᠰᠡᠭᠦᠯ ᠢᠶᠡᠷ ᠬᠠᠪᠤᠷ ᠤᠨ ᠠᠮᠠᠷᠠᠯᠲᠠ ᠪᠣᠯᠵᠤ᠂ ᠲᠦᠷᠪᠡᠨ ᠰᠠᠷ᠎ᠠ ᠳᠤ ᠠᠩᠭᠢ ᠳᠠᠪᠰᠢᠳᠠᠭ᠃
ᠰᠤᠷᠭᠠᠭᠤᠯᠢ ᠨᠤᠭᠤᠳ ᠰᠫᠤᠷᠲ ᠤᠨ ᠡᠳᠦᠷᠯᠢᠭ ᠢᠶᠠᠨ ᠶᠡᠬᠡᠪᠴᠢᠯᠡᠨ ᠬᠠᠪᠤᠷ ᠶᠤᠮ ᠤᠤ ᠨᠠᠮᠤᠷ ᠤᠨ ᠤᠯᠠᠷᠢᠯ ᠳᠤ ᠬᠢᠳᠡᠭ᠃
ᠰᠤᠷᠭᠠᠭᠤᠯᠢ ᠳᠤ ᠵᠣᠬᠢᠶᠠᠭᠳᠠᠬᠤ ᠠᠷᠭ᠎ᠠ ᠬᠡᠮᠵᠢᠶ᠎ᠡ
 ᠰᠤᠷᠭᠠᠭᠤᠯᠢ ᠠᠴᠠ ᠭᠠᠳᠠᠭᠤᠷ ᠶᠠᠪᠤᠭᠳᠠᠳᠠᠭ ᠠᠶᠠᠯᠠᠯ᠂ ᠳᠠᠳᠤᠯᠭ᠎ᠠ ᠠᠵᠢᠯ᠂ ᠲᠤᠭᠤᠢᠯᠠᠩ᠂ᠡᠷᠡᠭᠦᠯ  ᠮᠠᠨᠳᠤ ᠶᠢᠨ ᠦᠵᠡᠯᠭᠡ᠂ ᠨᠡᠭᠡᠭᠡᠯᠲᠡ ᠲᠠᠢ ᠬᠢᠴᠢᠶᠡᠯ ᠭᠡᠬᠦ ᠮᠡᠲᠦ ᠤᠯᠠᠨ ᠠᠷᠭ᠎ᠠ ᠬᠡᠮᠵᠢᠶ᠎ᠡ ᠨᠦᠭᠦᠳ ᠲᠤᠬᠢᠶᠠᠭᠳᠠᠳᠠᠭ᠃
ᠣᠳᠣ ᠪᠢ ᠰᠤᠷᠭᠠᠭᠤᠯᠢ ᠶᠢᠨ ᠵᠠᠷᠢᠮ ᠲᠦᠷᠢᠮ ᠵᠢᠷᠤᠮ ᠠᠴᠠ ᠲᠠᠨᠢᠯᠴᠠᠭᠤᠯᠤᠶ᠎ᠠ᠄
ᠲᠠ ᠨᠠᠷ ᠤᠨ ᠲᠥᠷᠥᠭᠰᠡᠨ ᠭᠠᠵᠠᠷ ᠎ᠡᠴᠡ ᠢᠯᠭᠠᠭ᠎ᠠ ᠲᠠᠢ ᠪᠠᠢᠵᠤ ᠮᠠᠭᠠᠳ ᠦᠬᠡᠢ ᠦᠴᠷ ᠡᠴᠡ ᠨᠢᠬᠡ ᠨᠢᠬᠡ ᠪᠡᠷ ᠨᠢ ᠲᠠᠨᠢᠯᠴᠠᠭᠤᠯᠤᠶ᠎ᠠ᠄
ᠰᠤᠷᠭᠠᠭᠤᠯᠢ ᠳᠠᠭᠠᠨ ᠢᠷᠡᠬᠦ
ᠪᠠᠭ᠎ᠠ ᠰᠤᠷᠭᠠᠭᠤᠯᠢ ᠶᠢᠨ ᠰᠣᠷᠣᠭ᠍ᠴᠢᠳ ᠥᠪᠡᠷᠰᠡᠳ ᠢᠶᠡᠨ ᠰᠤᠷᠭᠠᠭᠤᠯᠢ ᠳᠠᠭᠠᠨ ᠠᠯᠬᠤᠵᠤ ᠢᠷᠡᠳᠡᠭ᠃ ᠵᠠᠷᠢᠮ ᠤᠷᠤᠨ ᠨᠤᠲᠤᠭ ᠲᠤ  ᠪᠡᠶ᠎ᠡ ᠪᠡᠶ᠎ᠡ ᠲᠡᠢ ᠪᠡᠨ ᠤᠢᠷᠠᠬᠠᠨ ᠠᠮᠢᠳᠤᠷᠠᠳᠠᠭ ᠰᠤᠷᠤᠭᠴᠢᠳ ᠴᠤᠭᠯᠠᠷᠠᠵᠤ᠂ ᠰᠤᠷᠭᠠᠭᠤᠯᠢ ᠤᠷᠤᠭᠣ ᠪᠠᠨ ᠬᠠᠮᠲᠤ ᠶᠠᠪᠤᠳᠠᠭ᠃ ᠳᠤᠭᠲᠠᠭᠰᠠᠨ ᠴᠠᠭ ᠳᠠᠭᠠᠨ ᠰᠤᠷᠭᠠᠭᠤᠯᠢ ᠳᠤ ᠪᠠᠨ ᠬᠣᠴᠣᠷᠬᠤ ᠦᠬᠡᠢ ᠢᠷᠡᠭᠡᠷᠡᠢ᠃ ᠶᠠᠫᠣᠨ ᠤ ᠪᠠᠭ᠎ᠠ ᠰᠤᠷᠭᠠᠭᠤᠯᠢ ᠳᠤ ᠶᠠᠪᠤᠬᠤ ᠳᠤ ᠠᠪᠤ ᠡᠵᠢ ᠪᠡ ᠨᠠᠳᠠᠳᠤ ᠰᠢᠨ᠎ᠡ ᠴᠦᠩᠭᠦ᠂ ᠰᠤᠷᠭᠠᠭᠤᠯᠢ ᠳᠠᠭᠠᠨ ᠡᠮᠤᠰᠬᠦ ᠴᠢᠰᠢᠶᠡᠷ ᠠᠪᠴᠤ ᠦᠭᠭᠦᠭᠰᠡᠨ᠃
ᠦᠷᠯᠤᠭᠡᠨ ᠤ ᠮᠡᠨᠳᠤᠴᠢᠯᠡᠭᠡ
    ᠦᠷᠯᠤᠬᠡ ᠶᠠᠫᠣᠨ ᠪᠠᠷ ᠶᠠᠭᠤ ᠬᠡᠵᠤ ᠮᠡᠨᠳᠦᠯᠡᠳᠡᠭ ᠢ ᠮᠡᠳᠡᠬᠦ ᠤᠤ?《ᠤᠬᠠᠶᠤᠤ》᠂ 《ᠤᠬᠠᠶᠤᠤ》᠃ ᠪᠠᠭᠰᠢᠨᠠᠷ ᠪᠤᠯᠤᠨ ᠲᠤᠮᠤ ᠬᠦᠮᠤᠨ ᠲᠠᠢ ᠮᠡᠨᠳᠤᠯᠡᠬᠦ ᠳᠡᠬᠡᠨ᠄《ᠤᠬᠠᠶᠤᠤ ᠭᠤᠼᠡᠢᠮᠠᠰ》ᠦᠷᠯᠤᠬᠡ ᠬᠦᠮᠤᠰ ᠲᠠᠢ ᠢᠩᠬᠢᠵᠤ ᠮᠡᠨᠳᠦᠯᠡᠳᠡᠭ ᠰᠢᠤ᠃
ᠬᠢᠴᠢᠶᠡᠯ ᠡᠴᠡ ᠪᠡᠨ ᠴᠢᠯᠤᠬᠡ ᠠᠪᠬᠤ ᠦᠶ᠎ᠡ ᠳᠤ
    ᠬᠡᠷᠪᠡ ᠡᠪᠡᠳᠦᠭᠰᠡᠨ ᠪᠤᠯ᠂ ᠡᠰᠡᠭᠦᠯ᠎ᠡ ᠴᠢᠬᠤᠯᠠ ᠠᠰᠠᠭᠤᠳᠠᠯ ᠭᠠᠷᠴᠤ ᠰᠤᠷᠭᠠᠭᠤᠯᠢ ᠠᠴᠠ ᠪᠠᠨ ᠴᠢᠯᠤᠬᠡ ᠠᠪᠬᠤ ᠬᠡᠷᠡᠭ ᠭᠠᠷᠪᠠᠯ ᠠᠪᠤ ᠡᠵᠢ ᠪᠡᠷ  ᠶ᠋ᠢᠡᠨ ᠰᠤᠷᠭᠠᠭᠤᠯᠢ ᠤᠷᠤᠭᠣ ᠵᠠᠯᠭᠠᠭᠤᠯᠤᠭᠠᠷᠠᠢ᠃
    ᠰᠤᠷᠭᠠᠭᠤᠯᠢ ᠤᠷᠤᠭᠤ ᠣᠷᠣᠬᠤ ᠳ᠋ᠠᠭᠠᠨ ᠶᠠᠭᠠᠬᠢᠬᠤ ᠬᠡᠷᠡᠭᠲᠡᠢ ᠶ᠋ᠢ ᠮᠡᠳᠡᠬᠦ ᠦᠦ? 
ᠰᠤᠷᠭᠠᠭᠤᠯᠢ ᠤᠷᠤᠭᠣ ᠤᠷᠤᠬᠤ ᠳᠠᠭᠠᠨ
    ᠡᠮᠤᠰᠴᠤ ᠢᠷᠡᠭᠰᠡᠨ ᠭᠤᠳᠤᠯ ᠶ᠋ᠢᠠᠨ ᠰᠤᠷᠭᠠᠭᠤᠯᠢ ᠶᠢᠨ ᠡᠭᠦᠳᠡᠨ ᠳᠤ ᠢᠩᠭᠢᠵᠤ ᠲᠠᠢᠯᠤᠭᠠᠳ ᠴᠢᠰᠺᠡ ᠪᠡᠨ ᠰᠤᠯᠢᠵᠤ ᠡᠮᠤᠰᠬᠦ ᠬᠡᠷᠡᠭᠲᠡᠢ᠃ ᠡᠭᠦᠳᠡᠨ ᠳᠦ ᠭᠢᠲ᠋ᠪᠠᠺᠦ ᠬᠡᠳᠡᠭ ᠭᠤᠳᠤᠯ ᠤᠨᠲᠠᠯᠪᠢᠭᠤᠷ ᠪᠠᠢᠭ᠎ᠠ᠂ ᠲᠠᠢᠯᠤᠭᠰᠠᠨ ᠭᠤᠳᠤᠯ ᠶ᠋ᠢᠠᠨ ᠡᠨᠡ ᠭᠤᠲᠤᠯ  ᠤᠨ ᠲᠠᠯᠪᠢᠭᠤᠷ ᠲᠤ ᠬᠢᠨ᠎ᠡ᠃
ᠠᠩᠬᠢ ᠲᠠᠩᠭᠢᠮ
    ᠡᠨᠡ ᠪᠤᠯ ᠬᠢᠴᠢᠶᠡᠯ ᠤᠨ ᠲᠠᠩᠭᠢᠮ ᠂ ᠠᠩᠬᠢ ᠲᠤᠰᠪᠤᠷᠢ ᠬᠢᠴᠢᠶᠡᠯ ᠤᠨ ᠲᠠᠩᠭᠢᠮ ᠪᠤᠯᠤᠨ ᠠᠩᠬᠢ ᠳᠠᠭᠠᠭᠠᠭᠰᠠᠨ ᠪᠠᠬᠰᠢ ᠲᠠᠢ᠃
ᠠᠩᠬᠢ ᠶ᠋ᠢᠨ ᠪᠠᠬᠰᠢ
     ᠠᠩᠬᠢ ᠳᠠᠭᠠᠭᠠᠬᠰᠠᠨ ᠪᠠᠭᠰᠢ ᠪᠠᠷᠤᠭ ᠪᠦᠭᠦ ᠬᠢᠴᠢᠶᠡᠯ ᠢ ᠵᠢᠭᠠᠳᠠᠭ᠃ ᠬᠡᠬᠦ ᠳᠡᠬᠡᠨ ᠵᠠᠷᠢᠮ ᠰᠤᠷᠭᠠᠭᠤᠯᠢ ᠳᠤ ᠬᠦᠭᠵᠢᠮ᠂ ᠲᠦᠷᠰᠦᠯᠢᠭ ᠤᠷᠠᠯᠢᠭ ᠭᠡᠬᠦ ᠮᠡᠲᠤ ᠬᠢᠴᠢᠶᠡᠯ ᠢ ᠮᠡᠷᠬᠡᠵᠢᠯ ᠤᠨ ᠪᠠᠬᠰᠢ ᠵᠢᠭᠠᠳᠠᠭ᠃ ᠲᠤᠮᠳᠠᠳᠤ ᠰᠤᠷᠭᠠᠭᠤᠯᠢ ᠳᠤ ᠤᠷᠤᠬᠤ ᠪᠠᠷ ᠬᠢᠴᠢᠶᠡᠯ ᠪᠦᠷᠢ ᠶᠢ ᠮᠡᠷᠬᠡᠵᠢᠯ ᠤᠨ ᠪᠠᠬᠰᠢ ᠨᠠᠷ ᠵᠢᠭᠠᠨ᠎ᠠ᠃
ᠰᠤᠷᠭᠠᠭᠤᠯᠢ ᠶᠢᠨ ᠴᠤᠬᠯᠠᠭᠠᠨ
    ᠵᠠᠷᠢᠮ ᠡᠳᠤᠷ ᠰᠤᠷᠭᠠᠭᠤᠯᠢ ᠶᠢᠨ ᠵᠠᠬᠢᠷᠤᠯ ᠤᠨ ᠦᠭᠡ ᠶᠢ ᠰᠤᠨᠤᠰᠬᠤ᠂ ᠡᠰᠡᠪᠡᠯ ᠲᠤᠰᠬᠠᠢ ᠮᠡᠳᠡᠭᠡᠯᠡᠯᠲᠡ ᠦᠭᠭᠦ ᠵᠤᠷᠢᠯᠭ᠎ᠠ ᠪᠠᠷ ᠰᠤᠷᠭᠠᠭᠤᠯᠢ ᠶᠢᠨ ᠴᠤᠭᠯᠠᠭᠠᠨ ᠪᠤᠯᠳᠠᠭ᠃
ᠳᠠᠸᠠ ᠭᠠᠷᠠᠭ ᠲᠤ ᠶᠠᠭᠤ ᠠᠪᠴᠢᠷᠠᠬᠤ ᠪᠤᠢ
    ᠳᠠᠸᠠ ᠭᠠᠷᠠᠭ ᠲᠤ ᠶᠠᠭᠤ ᠠᠪᠴᠢᠷᠠᠬᠤ ᠶᠤᠰᠤᠲᠠᠢ ᠪᠠᠨ ᠰᠢᠯᠭᠠᠵᠤ ᠦᠵᠡᠶ᠎ᠡ᠃ ᠳᠤᠯᠤᠭ᠎ᠠ ᠬᠤᠨᠤᠭ ᠤᠨ ᠰᠡᠭᠦᠯᠡᠷ ᠭᠡᠷ ᠲᠤ ᠪᠡᠨ ᠠᠪᠴᠤ ᠬᠠᠷᠢᠬᠰᠠᠨ ᠴᠢᠰᠺᠡ᠂ ᠪᠡᠶ᠎ᠡ ᠲᠠᠮᠢᠷ ᠤᠨ ᠬᠤᠪᠴᠠᠰᠤ᠂ ᠡᠳᠤᠷ ᠤᠨ ᠬᠤᠭᠤᠯᠠᠨ ᠤ ᠵᠢᠵᠢᠭᠦᠷ ᠪᠤᠯᠤᠬᠰᠠᠨ ᠪᠤᠯ ᠴᠠᠭᠠᠨ  ᠬᠤᠷᠮᠤᠢᠪᠴᠢ ᠪᠠᠨ ᠤᠬᠢᠶᠠᠭᠠᠳ ᠪᠤᠴᠠᠭᠠᠵᠤ ᠠᠪᠴᠢᠷᠠᠬᠤ ᠬᠡᠷᠡᠭᠲᠡᠢ᠃
ᠡᠳᠤᠷ ᠪᠦᠷᠢ ᠶᠠᠭᠤ ᠠᠪᠴᠢᠷᠠᠬᠤ ᠪᠤᠢ
ᠡᠳᠤᠷ ᠪᠦᠷᠢ ᠠᠪᠴᠤ ᠢᠷᠡᠬᠦ ᠶᠤᠰᠤᠲᠠᠢ ᠵᠦᠢᠯᠡᠰ ᠢᠶᠡᠨ ᠰᠢᠯᠭᠠᠴᠠᠭᠠᠶ᠎ᠠ᠃ ᠡᠨᠡ ᠪᠤᠯ ᠦᠵᠦᠭ ᠤᠨ ᠰᠠᠪᠠ᠂ ᠬᠠᠷᠢᠯᠴᠠᠬᠤ ᠲᠡᠪᠲᠡᠷ᠂ ᠰᠤᠷᠭᠠᠭᠤᠯᠢ ᠶᠢᠨ ᠡᠳᠤᠷ ᠤᠨ ᠬᠤᠭᠤᠯᠠᠨ ᠳᠤ ᠭᠡᠷᠡᠭᠯᠡᠬᠦ ᠳᠠᠪᠤᠤ ᠠᠯᠴᠢᠭᠤᠷ᠂ ᠪᠠᠰᠠ ᠰᠤᠷᠬᠤ ᠪᠢᠴᠢᠭ ᠵᠡᠷᠬᠡ ᠵᠦᠢᠯᠡᠰ ᠶ᠋ᠢᠡᠨ ᠠᠪᠴᠢᠷᠠᠨ᠎ᠠ᠃ 
ᠰᠤᠷᠭᠠᠭᠤᠯᠢ ᠳᠠᠭᠠᠨ ᠶᠠᠭᠤ ᠡᠮᠤᠰᠬᠦ ᠪᠤᠢ?
ᠰᠤᠷᠭᠠᠭᠤᠯᠢ ᠳᠦ  ᠡᠮᠦᠰᠳᠡᠭ ᠬᠤᠪᠴᠠᠰᠤ ᠴᠢᠨᠢ ᠬᠦᠳᠡᠯᠬᠦ ᠳᠦ ᠠᠮᠠᠷᠬᠠᠨ ᠡᠩ ᠦᠨ ᠪᠠᠢᠬᠤ  ᠶᠤᠰᠤᠲᠠᠢ᠃ ᠳᠤᠭᠲᠠᠭᠰᠠᠨ ᠵᠢᠷᠤᠮ ᠪᠡᠢᠳᠠᠭ ᠦᠬᠡᠢ ᠴᠤ᠌ ᠰᠤᠷᠭᠠᠭᠤᠯᠢ ᠳᠠᠭᠠᠨ ᠴᠢᠮᠡᠭᠲᠦ ᠵᠦᠢᠯ ᠵᠡᠬᠦᠵᠤ᠂ ᠬᠢᠮᠤᠰᠤᠨ ᠤ ᠪᠤᠳᠤᠭ ᠲᠠᠢ ᠢᠷᠡᠵᠤ ᠪᠤᠯᠬᠤ ᠦᠬᠡᠢ᠃
ᠲᠦᠷᠢᠮᠲᠤ ᠬᠤᠪᠴᠠᠰᠤ
ᠵᠠᠷᠢᠮ ᠪᠠᠭ᠎ᠠ ᠰᠤᠷᠭᠠᠭᠤᠯᠢ ᠳᠦᠷᠢᠮᠲᠦ ᠬᠤᠪᠴᠠᠰᠤ ᠡᠮᠦᠰᠳᠡᠭ ᠴᠤ᠌ ᠂ ᠶᠡᠬᠡᠩᠬᠢ ᠰᠤᠷᠭᠠᠭᠤᠯᠢ ᠡᠩ ᠤᠨ ᠬᠤᠪᠴᠠᠰᠤ ᠡᠮᠦᠰᠳᠡᠭ᠃ ᠳᠤᠮᠳᠠᠳᠤ ᠰᠤᠷᠭᠠᠭᠤᠯᠢ ᠡᠴᠡ ᠡᠬᠢᠯᠡᠭᠡᠳ ᠳᠦᠷᠢᠮᠲᠦ ᠬᠤᠪᠴᠠᠰᠤ ᠡᠮᠦᠰᠦᠨ᠎ᠡ᠃
ᠴᠠᠭ ᠤᠨ ᠬᠤᠪᠢᠶᠠᠷᠢ
ᠮᠠᠷᠭᠠᠰᠢ ᠶᠢᠨ ᠬᠢᠴᠢᠶᠡᠯ ᠤᠨ ᠬᠤᠪᠢᠶᠠᠷᠢ ᠪᠡᠨ ᠰᠠᠢᠨ ᠰᠢᠯᠭᠠᠵᠤ ᠪᠠᠢᠭᠠᠷᠠᠢ᠃
ᠪᠦᠬᠦ ᠬᠡᠷᠡᠭᠰᠡᠯ᠎ ᠳᠡᠭᠡᠷ᠎ᠡ ᠨᠡᠷ᠎ᠡ ᠪᠡᠨ ᠪᠢᠴᠢᠭᠡᠷᠡᠢ
ᠰᠤᠷᠭᠠᠭᠤᠯᠢ ᠳᠤ ᠠᠪᠴᠢᠷᠠᠬᠤ ᠬᠡᠷᠡᠭᠰᠡᠯ ᠳᠡᠭᠡᠷ᠎ᠡ ᠪᠡᠨ ᠥᠪᠡᠷ ᠤᠨ ᠶ᠋ᠢᠡᠨ ᠨᠡᠷ᠎ᠡ᠎ ᠶ᠋ᠢ ᠵᠠᠪᠠᠯ ᠪᠢᠴᠢᠭᠡᠷᠡᠢ᠃
ᠰᠤᠷᠬᠤ ᠪᠢᠴᠢᠭ  ᠤᠳ
ᠪᠦᠬᠦ ᠬᠢᠴᠢᠶᠡᠯ ᠦᠳ ᠦᠨ ᠨᠠᠷᠡᠰ ᠢ ᠴᠡᠭᠡᠵᠢᠯᠡᠭᠡᠷᠡᠢ᠃ ᠶᠠᠫᠤᠨ ᠬᠡᠯᠡ᠂ ᠮᠠᠴᠢᠮᠠᠲ᠂ ᠰᠢᠨᠵᠢᠯᠡᠬᠦ ᠤᠬᠠᠭᠠᠨ᠂ ᠨᠡᠢᠬᠡᠮ ᠰᠤᠳᠤᠯᠤᠯ᠂ ᠪᠡᠶ᠎ᠡ ᠶᠢᠨ ᠲᠠᠮᠢᠷ᠂ ᠳᠠᠭᠤᠤ ᠬᠥᠭᠵᠢᠮ᠂ ᠳᠦᠷᠰᠦᠯᠢᠭ ᠤᠷᠠᠯᠢᠭ ᠬᠡᠬᠦ ᠮᠡᠲᠤ᠃
ᠭᠡᠷ ᠤᠨ ᠳᠠᠭᠠᠭᠠᠯᠭᠠᠪᠤᠷᠢ
ᠭᠡᠷ ᠲᠤ ᠨᠢ ᠳᠠᠭᠠᠭᠠᠯᠭᠠᠪᠤᠷᠢ ᠬᠢᠯᠭᠡᠬᠦ ᠵᠣᠷᠢᠯᠭ᠎ᠠ ᠪᠡᠷ ᠬᠡᠪᠯᠡᠵᠤ ᠪᠡᠯᠡᠳᠬᠡᠭᠰᠡᠨ ᠭᠡᠷ ᠤᠨ ᠳᠠᠭᠠᠭᠠᠯᠭᠠᠪᠤᠷᠢ ᠥᠭᠳᠡᠭ᠃ 
ᠬᠢᠴᠢᠶᠡᠯ ᠤᠨ ᠴᠠᠭ
ᠨᠢᠭᠡ ᠬᠢᠴᠢᠶᠡᠯ ᠤᠨ ᠴᠠᠭ ᠳᠥᠴᠢᠨ ᠲᠠᠪᠤᠨ ᠮᠢᠨᠦ᠋ᠲ ᠦᠷᠭᠦᠯᠵᠢᠯᠡᠳᠡᠭ᠃ ᠳᠤᠮᠳᠠᠳᠤ ᠰᠤᠷᠭᠠᠭᠤᠯᠢ ᠳᠤ ᠣᠷᠣᠬᠤ  ᠪᠡᠷ ᠳᠡᠪᠢᠨ ᠮᠢᠨᠦ᠋ᠲ ᠬᠢᠴᠢᠶᠡᠯᠯᠡᠳᠡᠭ᠃
ᠶᠠᠩᠵᠤ ᠪᠦᠷᠢ ᠶᠢᠨ ᠠᠩᠬᠢ ᠲᠠᠩᠭᠢᠮ ᠤᠳ
ᠪᠠᠭ᠎ᠠ ᠰᠤᠷᠭᠠᠭᠤᠯᠢ ᠳᠤ ᠶᠡᠷᠣᠳᠡ ᠶᠢᠨ ᠬᠢᠴᠢᠶᠡᠯ ᠤᠨ ᠠᠩᠬᠢ ᠲᠠᠩᠭᠢᠮ ᠡᠴᠡ ᠭᠠᠳᠠᠨ᠎ᠠ ᠲᠤᠰᠬᠠᠢ ᠠᠩᠬᠢ ᠪᠠᠢᠳᠠᠭ᠃ ᠠᠩᠬᠢ ᠠᠬᠢᠬᠤ ᠲᠤᠰᠤᠮ ᠬᠢᠴᠢᠶᠡᠯ ᠤᠨ ᠦᠷᠤᠬᠡ ᠪᠡᠨ ᠰᠣᠯᠢᠵᠤ ᠬᠢᠴᠢᠶᠡᠯᠯᠡᠳᠡᠭ᠃
 ᠵᠠ᠂ ᠡᠨᠡ ᠵᠢᠷᠤᠭ ᠳᠣᠲᠣᠷ᠎ᠠ ᠡᠴᠡ ᠳᠠᠭᠤᠤ ᠬᠥᠭᠵᠢᠮ ᠤᠨ ᠦᠷᠤᠬᠡ ᠬᠠᠮᠢᠭ᠎ᠠ ᠪᠠᠢᠭ᠎ᠠ ᠶᠢ ᠣᠯᠣᠭᠠᠷᠠᠢ᠃
ᠳᠠᠭᠤᠤ ᠬᠥᠭᠵᠢᠮ ᠤᠨ ᠦᠷᠤᠬᠡ
      ᠡᠨᠡ ᠪᠣᠯ ᠲᠠᠭᠤᠤ ᠬᠥᠭᠵᠢᠮ ᠦᠨ ᠦᠷᠤᠭᠡ᠂ ᠪᠢᠳᠠ ᠡᠨᠳᠡ ᠬᠠᠮᠲᠤ ᠳᠠᠭᠠᠨ ᠳᠠᠭᠤᠯᠠᠵᠤ᠂ ᠬᠥᠭᠵᠢᠮ ᠲᠣᠭᠯᠠᠳᠠᠭ᠃
ᠰᠢᠨᠵᠢᠯᠡᠬᠦ ᠤᠬᠠᠭᠠᠨ ᠤ ᠠᠩᠬᠢ
ᠡᠨᠡ ᠪᠣᠯ ᠰᠢᠨᠵᠢᠯᠡᠬᠦ ᠤᠬᠠᠭᠠᠨ ᠤ ᠠᠩᠬᠢ᠂ ᠡᠨᠡ ᠠᠩᠬᠢ ᠶᠢ ᠬᠢᠮᠢ ᠶᠢᠨ ᠲᠤᠷᠰᠢᠯᠲᠠ ᠬᠢᠬᠦ ᠦᠶ᠎ᠡ ᠳᠦ ᠠᠰᠢᠭᠯᠠᠳᠠᠭ᠃ 
ᠳᠦᠷᠰᠦᠯᠢᠭ ᠤᠷᠠᠯᠢᠭ ᠦᠨ ᠠᠩᠬᠢ
ᠡᠨᠡ ᠪᠣᠯ ᠳᠦᠷᠰᠦᠯᠢᠭ ᠤᠷᠠᠯᠢᠭ ᠤᠨ ᠠᠩᠬᠢ᠂ ᠪᠢᠳᠠ ᠡᠨᠳᠡ ᠵᠢᠷᠤᠭ ᠵᠢᠷᠤᠵᠤ ᠤᠷᠠᠯᠠᠨ ᠬᠢᠳᠡᠭ᠃ 
ᠬᠦᠳᠡᠯᠮᠤᠷᠢ ᠶᠢᠨ ᠬᠢᠴᠢᠶᠡᠯ ᠤᠨ ᠠᠩᠬᠢ
ᠬᠠᠮᠤᠭ ᠤᠨ ᠰᠡᠬᠦᠯ ᠳ᠋ᠤᠨᠢ ᠡᠨᠡ ᠪᠣᠯ ᠬᠦᠳᠡᠯᠮᠤᠷᠢ ᠶᠢᠨ ᠬᠢᠴᠢᠶᠡᠯ ᠤᠨ ᠠᠩᠬᠢ᠃ ᠠᠬᠠᠯᠠᠬᠤ ᠠᠩᠬᠢ ᠳᠤ ᠣᠷᠣᠬᠤ ᠪᠡᠷ ᠪᠢᠳᠠ ᠡᠨᠳᠡ ᠶᠠᠭᠤᠮ᠎ᠠ ᠣᠶᠣᠵᠤ᠂ ᠬᠣᠭᠣᠯᠠ ᠬᠢᠳᠡᠭ᠃
ᠺᠣᠮᠫᠢᠦ᠋ᠲ᠋ᠧᠷ ᠤᠨ ᠦᠷᠤᠭᠡ
 ᠵᠠᠷᠢᠮ ᠬᠢᠴᠢᠶᠡᠯ ᠤᠨ ᠦᠶ᠎ᠡ ᠪᠡᠷ ᠺᠣᠮᠫᠢᠦ᠋ᠲ᠋ᠧᠷ ᠠᠰᠢᠭᠯᠠᠳᠠᠭ᠃
ᠭᠠᠳᠠᠭᠠᠳᠤ ᠬᠡᠯᠡᠨ ᠤ  ᠠᠩᠬᠢ
ᠭᠠᠳᠠᠭᠠᠳᠤ ᠬᠡᠯᠡᠨ ᠤ ᠬᠢᠴᠢᠶᠡᠯ ᠣᠷᠣᠬᠤ ᠡᠴᠡ ᠭᠠᠳᠠᠨ᠎ᠠ᠂ ᠭᠠᠳᠠᠭᠠᠳᠤ ᠬᠡᠯᠡ ᠲᠠᠢ ᠪᠠᠭᠰᠢ ᠨᠠᠷ ᠲᠠᠢ ᠪᠡᠨ ᠬᠠᠮᠲᠤ ᠰᠤᠷᠤᠯᠴᠠᠬᠤ ᠪᠣᠯᠣᠮᠵᠢ ᠲᠠᠢ᠃
ᠪᠡᠶ᠎ᠡ ᠶᠢᠨ ᠲᠠᠮᠢᠷ ᠤᠨ ᠬᠢᠴᠢᠶᠡᠯ
 ᠪᠡᠶ᠎ᠡ ᠶᠢᠨ ᠲᠠᠮᠢᠷ ᠤᠨ ᠬᠢᠴᠢᠶᠡᠯ ᠳᠡᠭᠡᠷ᠎ᠡ ᠭᠠᠳᠠᠨᠠᠬᠢ ᠲᠠᠯᠠᠪᠡᠢ᠂ ᠪᠡᠶ᠎ᠡ ᠶᠢᠨ ᠲᠠᠮᠢᠷ ᠤᠨ ᠵᠠᠭᠠᠯᠠᠨ ᠳᠤ ᠰᠫᠤᠷᠲ ᠪᠡᠷ ᠬᠢᠴᠢᠶᠡᠯᠯᠡᠳᠡᠭ᠃ ᠪᠦᠮᠪᠤᠬᠡ ᠠᠰᠢᠭᠯᠠᠭᠰᠠᠨ ᠲᠣᠭᠯᠠᠭᠠᠮ ᠪᠥᠬᠠᠢ ᠬᠦᠶᠤᠯᠲᠡ᠂ ᠤᠷᠳᠤ ᠶᠢᠨ ᠬᠠᠷᠠᠢᠯᠲᠠ᠂ ᠮᠣᠳᠣᠨ ᠮᠣᠷᠢ᠂ ᠮᠠᠲ᠋ᠷᠠᠰᠲᠢ ᠳᠠᠰᠬᠠᠯᠲᠠ ᠬᠡᠬᠦ ᠮᠡᠲᠤ ᠪᠡᠯᠡᠳᠬᠡᠯ ᠬᠢᠳᠡᠭ᠃
       ᠤᠰᠤᠨ  ᠪᠠᠰᠠᠨ
 ᠵᠤᠨ ᠤ ᠤᠯᠠᠷᠢᠯ ᠳᠤ ᠪᠢᠳᠠ ᠪᠡᠶ᠎ᠡ ᠶᠢᠨ ᠲᠠᠮᠢᠷ ᠤᠨ ᠬᠢᠴᠢᠶᠡᠯ ᠳᠡᠭᠡᠷ᠎ᠡ ᠤᠰᠤᠨ ᠰᠡᠯᠢᠯᠲᠡ ᠶᠢᠨ ᠬᠢᠴᠢᠶᠡᠯ ᠣᠷᠣᠳᠠᠭ᠃ ᠰᠤᠷᠭᠠᠭᠤᠯᠢ ᠶᠢᠨ ᠤᠰᠤᠨ ᠪᠠᠰᠠᠨ ᠳᠦ ᠰᠡᠯᠢᠵᠤ ᠰᠣᠷᠣᠳᠠᠭ᠃ ᠤᠰᠤᠨ ᠰᠡᠯᠢᠯᠲᠡ ᠶᠢᠨ ᠬᠢᠴᠢᠶᠡᠯ ᠲᠠᠢ ᠡᠳᠤᠷ ᠂ ᠤᠰᠤᠨ ᠦ ᠬᠤᠪᠴᠠᠰᠤ᠂ ᠠᠯᠴᠢᠭᠤᠷ᠂ ᠤᠰᠤᠨ ᠤ ᠮᠠᠯᠠᠭᠠᠢ ᠪᠡᠨ ᠠᠪᠴᠢᠷᠠᠳᠠᠭ᠃ ᠪᠡᠶ᠎ᠡ ᠨᠢ ᠲᠠᠭ᠎ᠠ ᠦᠭᠡᠢ ᠪᠣᠯ ᠣᠰᠣᠨ ᠤ ᠪᠠᠰᠠᠨ ᠳᠤ ᠣᠷᠣᠵᠤ ᠪᠤᠯᠬᠤ ᠦᠭᠡᠢ᠃ ᠡᠨᠡ ᠡᠳᠣᠷ ᠠᠪᠤ ᠡᠵᠢ ᠪᠡᠷ ᠶ᠋ᠢᠡᠨ ᠪᠠᠶ᠎ᠡ ᠶᠢᠨ ᠪᠡᠢᠳᠠᠯ ᠶᠠᠮᠠᠷ ᠪᠠᠢᠭ᠎ᠠ ᠶᠢ ᠪᠢᠴᠢᠭᠦᠯᠦᠭᠰᠡᠨ ᠺᠡᠷᠲ ᠪᠡᠨ ᠪᠠᠭᠰᠢ ᠳᠠᠭᠠᠨ ᠥᠭᠴᠦ ᠡᠷᠡᠭᠦᠯ ᠮᠡᠨᠳᠦ ᠪᠡᠨ ᠳᠠᠪᠬᠤᠷ ᠬᠢᠨᠠᠭᠤᠯᠳᠠᠭ᠃
ᠡᠮᠴᠢ ᠶᠢᠨ ᠦᠷᠤᠬᠡ
 ᠬᠡᠷᠪᠡ ᠪᠡᠷᠲᠡᠵᠤ ᠬᠡᠮᠲᠡᠬᠦ ᠶᠤᠮ ᠤᠤ ᠪᠡᠶ᠎ᠡ ᠲᠠᠨᠢ ᠲᠠᠪᠠ ᠦᠭᠡᠢ ᠪᠡᠢᠪᠡᠯ᠂ ᠰᠤᠷᠭᠠᠭᠤᠯᠢ ᠶᠢᠨ ᠶ᠋ᠢᠠᠨ ᠡᠮᠴᠢ  ᠳᠦ ᠬᠠᠨᠳᠤᠬᠤ ᠬᠡᠷᠡᠭᠲᠡᠢ᠃ ᠬᠡᠷᠪᠡ ᠲᠠ ᠡᠪᠡᠳᠴᠦ ᠪᠠᠢᠭ᠎ᠠ ᠪᠣᠯ 《 ᠢ ᠲᠠ ᠢ 》ᠭᠡᠵᠤ ᠬᠡᠯᠡᠭᠡᠷᠡᠢ᠃ ᠡᠪᠡᠳᠴᠤ ᠪᠠᠢᠭ᠎ᠠ ᠬᠡᠰᠡᠭ ᠢ ᠶᠠᠭᠤ ᠭᠡᠵᠤ ᠨᠡᠷᠡᠯᠡᠬᠦ ᠶᠢ ᠮᠡᠳᠡᠬᠦ ᠦᠭᠡᠢ ᠪᠣᠯ ᠬᠤᠷᠤᠭᠤ ᠪᠡᠷ ᠶ᠋ᠢᠡᠨ ᠵᠢᠭᠠᠭᠰᠠᠨ ᠴᠤ᠌ ᠪᠣᠯᠣᠨ᠎ᠠ᠃
ᠨᠣᠮ ᠤᠨ ᠰᠠᠩ
 ᠡᠭᠦᠨ ᠡᠴᠡ ᠭᠠᠳᠠᠨ᠎ᠠ᠂ ᠤᠯᠠᠨ ᠨᠣᠮ ᠲᠠᠢ ᠨᠣᠮ ᠤᠨ ᠰᠠᠩ ᠪᠠᠢᠭ᠎ᠠ᠃ ᠨᠣᠮ ᠤᠨ ᠰᠠᠩ ᠳᠤ ᠬᠢᠴᠢᠶᠡᠯ ᠤᠨ ᠦᠶ᠎ᠡ ᠪᠡᠷ ᠰᠤᠳᠤᠯᠭ᠎ᠠ ᠬᠢᠬᠦ᠂ᠡᠰᠡᠪᠡᠯ ᠵᠠᠪᠰᠠᠷᠯᠠᠭᠠᠨ ᠤ ᠦᠶ᠎ᠡ ᠪᠡᠷ ᠪᠣᠯᠣᠨ ᠬᠢᠴᠢᠶᠡᠯ ᠲᠠᠷᠬᠠᠭᠰᠠᠨ ᠤ ᠳᠠᠷᠠᠭ᠎ᠠ ᠨᠣᠮ ᠵᠢᠬᠡᠯᠡᠵᠤ ᠤᠩᠰᠢᠵᠤ ᠪᠣᠯᠣᠨ᠎ᠠ᠃ 
ᠥᠷᠯᠥᠭᠡᠨ ᠪ‍ ᠲᠦᠷᠪᠡᠳᠤᠬᠡᠷ ᠴᠠᠭ ᠤᠨ ᠬᠢᠴᠢᠶᠡᠯ ᠲᠠᠭᠣᠰᠤᠭᠰᠠᠨ ᠤ ᠳᠠᠷᠠᠭ᠎ᠠ᠂ ᠡᠳᠤᠷ ᠤᠨ ᠬᠣᠭᠣᠯᠠᠨ ᠴᠠᠭ ᠪᠣᠯᠣᠨ᠎ᠠ᠃
ᠰᠤᠷᠭᠠᠭᠤᠯᠢ ᠶᠢᠨ ᠡᠳᠤᠷ ᠤᠨ ᠬᠣᠭᠣᠯᠠ
ᠪᠥᠬᠥᠳᠡ ᠡᠭᠡᠯᠵᠢᠯᠡᠨ ᠰᠤᠷᠭᠠᠭᠤᠯᠢ ᠶᠢᠨ ᠶ᠋ᠢᠠᠨ ᠡᠳᠤᠷ ᠤᠨ ᠬᠣᠭᠣᠯᠠᠨ ᠤ ᠵᠢᠵᠢᠭᠦᠷ ᠬᠢᠳᠡᠭ᠃ ᠬᠤᠷᠮᠤᠢᠪᠴᠢ ᠪᠡᠨ ᠵᠡᠬᠦᠵᠤ᠂ ᠡᠳᠤᠷ ᠤᠨ ᠬᠣᠭᠣᠯᠠ ᠪᠡᠨ ᠠᠶᠠᠭᠠᠯᠠᠵᠤ ᠲᠠᠷᠬᠠᠭᠠᠳᠠᠭ᠃
ᠢᠳᠡᠵᠤ ᠴᠢᠳᠠᠬᠤ ᠦᠭᠡᠢ ᠵᠦᠢᠯ ᠪᠠᠢᠬᠤ ᠦᠶ᠎ᠡ ᠳᠤ
ᠬᠡᠷᠪᠡ ᠰᠤᠷᠭᠠᠭᠤᠯᠢ ᠶᠢᠨ ᠡᠳᠤᠷ ᠤᠨ ᠬᠣᠭᠣᠯᠠᠨ  ᠳᠤ ᠬᠠᠷᠰᠢᠯᠠᠯ ᠤᠨ ᠪᠣᠯᠣᠨ ᠱᠠᠰᠢᠨ ᠰᠢᠲᠣᠯᠬᠡ ᠶᠢᠨ ᠰᠢᠯᠲᠠᠭᠠᠨ ᠪᠡᠷ ᠢᠳᠡᠵᠤ ᠴᠢᠳᠠᠬᠤ ᠦᠭᠡᠢ ᠵᠦᠢᠯ ᠪᠠᠢᠪᠠᠯ᠂ ᠪᠠᠭᠰᠢ ᠳᠠᠭᠠᠨ ᠬᠡᠯᠡᠭᠡᠷᠡᠢ᠃ ᠪᠠᠰᠠ ᠵᠠᠯᠪᠡᠷᠢᠯ ᠦᠢᠯᠡᠳᠬᠦ ᠴᠠᠭ ᠬᠡᠷᠡᠭᠲᠡᠢ ᠪᠣᠯ ᠰᠠᠨᠠᠭ᠎ᠠ ᠵᠣᠪᠠᠯᠲᠠ ᠦᠭᠡᠢ  ᠪᠢᠳᠠᠨ  ᠳᠦ ᠬᠡᠯᠡᠭᠡᠷᠡᠢ᠃ ᠪᠢᠳᠠ ᠴᠢᠳᠠᠬᠤ ᠪᠦᠬᠦᠨ ᠢ ᠬᠢᠬᠦ ᠪᠣᠯᠣᠨ᠎ᠠ᠃
ᠡᠳᠤᠷ ᠤᠨ ᠪᠡᠯᠡᠨ ᠬᠣᠭᠣᠯᠠ ᠪᠣᠯᠣᠨ ᠤᠰᠤᠨ ᠤ ᠰᠠᠪᠠ
ᠰᠤᠷᠭᠠᠭᠤᠯᠢ ᠶᠢᠨ ᠡᠳᠤᠷ ᠤᠨ ᠬᠣᠭᠣᠯᠠ ᠦᠭᠡᠢ ᠡᠳᠤᠷ ᠤᠳ ᠲᠤ ᠥᠪᠡᠷᠰᠡᠳ ᠶ᠋ᠢᠡᠨ ᠡᠳᠤᠷ ᠤᠨ ᠬᠣᠭᠣᠯᠠ ᠪᠡᠨ ᠠᠪᠴᠢᠷᠠᠬᠤ ᠬᠡᠷᠡᠭᠲᠡᠢ ᠪᠤᠯᠳᠠᠭ᠃ᠤᠰᠤᠨ ᠤ ᠰᠠᠪᠠᠨ ᠳᠠᠭᠠᠨ ᠤᠰᠤ ᠴᠠᠢ ᠠᠪᠴᠢᠷᠠᠵᠤ ᠪᠣᠯᠣᠨ᠎ᠠ᠃ ᠬᠡᠬᠦ ᠳᠡᠭᠡᠨ ᠤᠮᠳᠠᠭᠠᠨ ᠪᠣᠯᠣᠨ ᠶᠠᠮᠠᠷ ᠨᠢᠭᠡᠨ ᠠᠮᠲᠠᠲᠠᠨ ᠠᠪᠴᠢᠷᠠᠬᠤ ᠬᠡᠷᠡᠭ ᠦᠭᠡᠢ᠃
ᠴᠡᠪᠡᠷᠯᠡᠬᠡᠨ ᠤ ᠴᠠᠭ
ᠡᠳᠤᠷ ᠤᠨ ᠬᠣᠭᠣᠯᠠᠨ ᠤ ᠳᠠᠷᠠᠭ᠎ᠠ ᠶᠡᠬᠡᠩᠬᠢ ᠰᠤᠷᠭᠠᠭᠤᠯᠢ ᠨᠤᠭᠤᠳ ᠴᠡᠪᠡᠷᠯᠡᠭᠡ ᠬᠢᠬᠦ ᠴᠠᠭ ᠲᠠᠢ ᠪᠠᠢᠳᠠᠭ᠃ ᠪᠢᠳᠠ ᠪᠠᠭ ᠪᠣᠯᠣᠨ ᠬᠤᠪᠢᠶᠠᠭᠳᠠᠵᠤ᠂ ᠠᠩᠬᠢ᠂ ᠺᠤᠷᠳᠤᠷ᠂ ᠲᠤᠰᠬᠠᠢ ᠠᠩᠬᠢ ᠬᠡᠬᠦ ᠮᠡᠲᠤ ᠬᠤᠪᠢᠶᠠᠷᠯᠠᠭᠳᠠᠭᠰᠠᠨ ᠭᠠᠵᠠᠷ ᠶ᠋ᠢᠠᠨ ᠴᠡᠪᠡᠷᠯᠡᠳᠡᠭ᠃ ᠬᠠᠷᠢᠭᠤᠴᠠᠵᠤ ᠴᠡᠪᠡᠷᠯᠡᠬᠦ ᠭᠠᠵᠠᠷ ᠲᠤᠯᠤᠭ᠎ᠠ ᠬᠣᠨᠣᠭ ᠪᠦᠷᠢ ᠦᠭᠡᠷᠡᠴᠢᠯᠡᠭᠳᠡᠳᠡᠭ᠃ 
ᠰᠤᠷᠤᠭᠴᠢᠳ ᠦᠨ ᠵᠥᠪᠯᠡᠯ
 ᠰᠤᠷᠭᠠᠭᠤᠯᠢ ᠶᠢᠨ ᠦᠢᠯᠡ ᠠᠵᠢᠯᠯᠠᠭᠠᠨ ᠳᠦ ᠰᠤᠷᠤᠭᠴᠢᠳ ᠢ ᠣᠷᠣᠯᠴᠠᠭᠤᠯᠬᠤ ᠵᠣᠷᠢᠯᠭ᠎ᠠ ᠲᠠᠢ᠂ ᠰᠤᠷᠤᠭᠴᠢᠳ ᠤᠨ ᠵᠥᠪᠯᠡᠯ ᠤᠨ ᠦᠢᠯᠡ ᠠᠵᠢᠯᠯᠠᠭ᠎ᠠ ᠭᠡᠵᠤ ᠪᠠᠢᠳᠠᠭ᠃ ᠲᠤᠬᠠᠢ ᠶᠢᠨ ᠰᠤᠷᠭᠠᠭᠤᠯᠢ ᠡᠴᠡ ᠬᠠᠮᠢᠶᠠᠷᠴᠤ᠂ ᠰᠤᠷᠤᠭᠴᠢᠳ ᠤᠨ ᠵᠥᠪᠯᠡᠯ ᠤᠨ ᠠᠵᠢᠯ ᠥᠭᠡᠷ᠎ᠡ ᠪᠠᠢᠳᠠᠭ᠃ ᠵᠢᠱ᠌ᠢᠶ᠎ᠡ ᠨᠢ᠄ ᠨᠡᠪᠲᠡᠷᠡᠭᠦᠯᠭᠡ ᠶᠢᠨ ᠵᠥᠪᠯᠡᠯ ᠤᠨ ᠰᠤᠷᠤᠭᠴᠢᠳ ᠡᠳᠤᠷ ᠤᠨ ᠬᠣᠭᠣᠯᠠᠨ ᠤ ᠦᠶ᠎ᠡ ᠪᠡᠷ ᠳᠡᠭᠦᠵᠢᠯᠡ ᠪᠡᠷ ᠮᠡᠳᠡᠭᠡᠯᠡᠯ ᠬᠢᠳᠡᠭ᠃ ᠬᠠᠷᠢᠨ ᠠᠮᠢᠲᠠᠨ ᠠᠷᠠᠴᠢᠯᠠᠬᠤ ᠵᠥᠪᠯᠡᠯ ᠤᠨ ᠰᠤᠷᠤᠭᠴᠢᠳ ᠲᠡᠵᠢᠭᠡᠪᠦᠷᠢ ᠠᠮᠢᠲᠠᠳ ᠢ ᠠᠰᠠᠷᠠᠳᠠᠭ᠃
 ᠶᠠᠫᠤᠨ ᠤ ᠪᠠᠭ᠎ᠠ ᠰᠤᠷᠭᠠᠭᠤᠯᠢ ᠨᠤᠭᠤᠳ ᠶᠠᠩᠵᠤ ᠪᠦᠷᠢ ᠶᠢᠨ ᠦᠢᠯᠡ ᠠᠵᠢᠯᠯᠠᠭ᠎ᠠ ᠵᠣᠬᠢᠶᠠᠨ ᠶᠠᠪᠤᠭᠤᠯᠳᠠᠭ᠃ ᠬᠡᠤᠬᠡᠳ ᠪᠦᠷᠢ ᠶᠢ ᠡᠷᠡᠭᠦᠯ  ᠴᠢᠬᠢᠷᠠᠭ᠂ ᠡᠷᠳᠡᠮ ᠮᠡᠳᠡᠯᠭᠡ ᠲᠠᠢ᠂ ᠵᠥᠪ ᠬᠦᠮᠤᠨ ᠪᠣᠯᠭᠠᠵᠤ ᠬᠦᠮᠤᠵᠢᠬᠦᠯᠤᠨ᠎ᠠ᠃
   ᠬᠠ ᠬᠢ ᠬᠢ᠁

  ᠦᠰᠦᠭ ᠠᠮᠢᠯᠠᠭᠤᠯᠵᠤ᠂ ᠦᠰᠦᠭ ᠬᠠᠲᠠᠭᠰᠠᠨ ᠨᠢ᠄ ᠪᠠᠶᠠᠨᠲᠠᠨ᠎ᠠ
  ᠬᠢᠨᠠᠯᠲᠠ ᠬᠢᠭᠰᠡᠨ ᠨᠢ᠄ ᠲᠦᠮᠡᠳ· ᠤᠨᠳᠤᠷᠮ᠎ᠠ᠂ ᠤᠶᠠᠬᠠᠨ