ᠡᠬᠡ ᠬᠡᠯᠡᠨ ᠦ ᠡᠵᠡᠳЭх хэлний эзэдehehele
ᠡᠬᠡ ᠬᠡᠯᠡᠨ ᠦ ᠡᠵᠡᠳ
ᠴᠠᠭᠠᠰᠤᠨ ᠳᠡᠭᠡᠷ᠎ᠡ ᠪᠢ ᠮᠦᠷᠦᠭᠡᠳᠦᠯ ᠵᠢᠨᠨ ᠪᠠᠭᠤᠯᠭᠠᠭᠠᠳ
ᠴᠠᠪ ᠴᠠᠭᠠᠬᠠᠨ ᠬᠦᠰᠡᠯ ᠵᠢᠨᠨ ᠪᠢᠴᠢᠭᠡᠳ
ᠵᠠᠬ᠎ᠠ ᠦᠭᠡᠢ ᠤᠷᠴᠢᠯᠠᠩ ᠤᠨ ᠶᠡᠬᠡ ᠳᠠᠯᠠᠢ ᠤᠷᠤᠭᠤ
ᠵᠠᠬᠢᠳᠠᠯ ᠪᠤᠯᠭᠠᠨ ᠪᠢᠳᠡ ᠨᠢᠰᠭᠡᠵᠦ ᠪᠠᠢᠨ᠎ᠠ
ᠡᠬᠡ ᠬᠡᠯᠡᠨ ᠦ ᠡᠵᠡᠳ ᠪᠢᠳᠡ
ᠢᠷᠡᠭᠡᠳᠦᠢ ᠶᠢᠨ ᠬᠣᠢᠴᠢ ᠦᠶ᠎ᠡ ᠳᠦ ᠪᠠᠨ
ᠬᠡᠯᠡ ᠰᠤᠶᠤᠯ ᠢᠶᠠᠨ ᠲᠦᠭᠡᠭᠡᠬᠦ ᠶᠢᠨ
ᠡᠷᠬᠢᠮ ᠡᠵᠡᠳ ᠨᠢ ᠪᠢᠳᠡ
ᠤᠷᠭᠤᠬᠤ ᠨᠠᠷᠠᠨ ᠤ ᠢᠯᠴᠢᠲᠦ ᠭᠡᠷᠡᠯ ᠨᠢ
ᠤᠬᠠᠭᠠᠨ ᠪᠤᠳᠤᠯ ᠤᠷᠮ᠎ᠠ ᠶᠢ ᠲᠡᠳᠬᠦᠨ᠎ᠡ
ᠠᠮᠵᠢᠯᠲᠠ ᠪᠦᠲᠦᠭᠡᠯ ᠦᠨ ᠠᠶᠠᠯᠭᠤᠲᠤ ᠳᠠᠭᠤᠨ ᠳᠦ ᠪᠠᠨ
ᠠᠨᠳᠠ ᠨᠠᠢᠵᠠ ᠨᠣᠭᠣᠳ ᠢᠶᠠᠨ ᠤᠷᠢᠨ ᠳᠠᠭᠤᠯᠠᠨ᠎ᠠ
ᠡᠬᠡ ᠬᠡᠯᠡᠨ ᠦ ᠡᠵᠡᠳ ᠪᠢᠳᠡ
ᠢᠷᠡᠭᠡᠳᠦᠢ ᠶᠢᠨ ᠬᠣᠢᠴᠢ ᠦᠶ᠎ᠡ ᠳᠦ ᠪᠠᠨ
ᠬᠡᠯᠡ ᠰᠤᠶᠤᠯ ᠢᠶᠠᠨ ᠲᠦᠭᠡᠭᠡᠬᠦ ᠶᠢᠨ
ᠡᠷᠬᠢᠮ ᠡᠵᠡᠳ ᠨᠢ ᠪᠢᠳᠡ
ᠡᠪᠦᠭᠡ ᠡᠮᠡᠭᠡ ᠪᠠᠨ ᠬᠦᠨᠳᠦᠯᠡᠨ ᠳᠡᠭᠡᠳᠦᠯᠡᠭᠡᠳ
ᠥᠪ ᠰᠤᠶᠤᠯ ᠢᠶᠠᠨ ᠬᠣᠢᠴᠢ ᠦᠶ᠎ᠡ ᠳᠦ ᠪᠠᠨ ᠦᠯᠡᠳᠡᠭᠡᠵᠦ
ᠢᠷᠡᠭᠡᠳᠦᠢ ᠶᠢᠨ ᠰᠠᠢᠬᠠᠨ ᠢ ᠬᠠᠮᠲᠤ ᠳᠦ ᠪᠠᠨ ᠪᠦᠲᠦᠭᠡᠵᠦ
ᠡᠷᠳᠡᠮ ᠤᠶᠤᠨᠲᠤ ᠢᠷᠡᠭᠡᠳᠦᠢ ᠶᠢᠨ ᠡᠵᠡᠳ
ᠡᠬᠡ ᠬᠡᠯᠡᠨ ᠦ ᠡᠵᠡᠳ ᠪᠢᠳᠡ
ᠢᠷᠡᠭᠡᠳᠦᠢ ᠶᠢᠨ ᠬᠣᠢᠴᠢ ᠦᠶ᠎ᠡ ᠳᠦ ᠪᠠᠨ
ᠬᠡᠯᠡ ᠰᠣᠶᠣᠯ ᠢᠶᠠᠨ ᠲᠦᠭᠡᠭᠡᠬᠦ ᠶᠢᠨ
ᠡᠷᠬᠢᠮ ᠡᠵᠡᠳ ᠨᠢ ᠪᠢᠳᠡ
ᠡᠬᠡ ᠬᠡᠯᠡᠨ ᠦ ᠡᠵᠡᠳ ᠪᠢᠳᠡ
ᠢᠷᠡᠭᠡᠳᠦᠢ ᠶᠢᠨ ᠬᠣᠢᠴᠢ ᠦᠶ᠎ᠡ ᠳᠦ ᠪᠠᠨ
ᠬᠡᠯᠡ ᠰᠤᠶᠤᠯ ᠢᠶᠡᠨ ᠲᠦᠭᠡᠭᠡᠬᠦ ᠶᠢᠨ
ᠡᠷᠬᠢᠮ ᠡᠵᠡᠳ ᠨᠢ ᠪᠢᠳᠡ
ᠦᠰᠦᠭ ᠠᠮᠢᠯᠠᠭᠤᠯᠤᠭᠰᠠᠨ ᠨᠢ᠄ ᠰᠤᠷᠤᠭᠴᠢ· ᠨᠠᠬᠢᠶ᠎ᠠ
ᠦᠰᠦᠭ ᠬᠠᠲᠠᠭᠰᠠᠨ ᠨᠢ᠄ ᠰᠤᠷᠤᠭᠴᠢ·ᠨᠠᠬᠢᠶ᠎ᠠ
ᠬᠢᠨᠠᠭᠴᠢ᠄ ᠠᠵᠠᠵᠠᠶᠠᠭ᠎ᠠ· ᠣᠳᠣᠨ· ᠢᠷᠡᠭᠡᠳᠦᠢ· ᠤᠶᠠᠬᠠᠨ
