ᠠᠪᠤ ᠶᠢᠨ ᠮᠢᠨᠢ ᠠ ᠦᠰᠦᠭ – ᠵᠤᠬᠢᠶᠠᠭᠴᠢ᠂ ᠤᠶᠠᠩᠭᠠᠯᠠᠭᠴᠢ ᠄ ᠠᠯᠲᠠᠨᠰᠦ᠋ᠬᠡ Аавын минь а үсэг – Зохиогч ᠂ Уянгалагч : Алтансүх
ᠠᠪᠤ ᠶᠢᠨ ᠮᠢᠨᠢ ᠠ ᠦᠰᠦᠭ
ᠵᠣᠬᠢᠶᠠᠭᠴᠢ : ᠠᠯᠲᠠᠨᠰᠦ᠋ᠬᠡ
ᠣᠶᠠᠩᠭᠠᠯᠠᠭᠴᠢ᠄ ᠠᠯᠲᠠᠨᠰᠦ᠋ᠬᠡ
ᠠᠪᠤ ᠶᠢᠨ ᠮᠢᠨᠢ ᠠ ᠦᠰᠦᠭ
ᠠᠯᠳᠠ ᠪᠠᠷ ᠪᠦᠲᠦᠭᠡᠭᠰᠡᠨ ᠡᠷᠳᠡᠨᠢ ᠪᠠᠢᠵᠤ ᠪᠢᠯᠡ
ᠠᠶᠤᠮᠰᠢᠭ᠍ᠲᠤ ᠶᠡᠬᠡ ᠳᠠᠢᠨ ᠤ ᠦᠶ᠎ᠡ ᠳ᠋ᠤ᠌
ᠠᠲᠠᠭᠠᠲᠠᠨ ᠢ ᠴᠡᠴᠡᠷᠡᠭᠦᠯᠳᠡᠭ ᠵᠡᠪᠰᠡᠭ ᠪᠣᠯᠤᠭᠰᠠᠨ ᠪᠢᠯᠡ
ᠠᠯᠤᠰ ᠤᠨ ᠲᠡᠦᠬᠡ ᠡᠴᠡ ᠤᠷᠤᠰᠴᠤ ᠢᠷᠡᠭᠰᠡᠨ
ᠠᠷᠢᠭᠤᠨ ᠪᠤᠯᠠᠭ ᠤᠨ ᠷᠠᠰᠢᠶᠠᠨ ᠪᠠᠢᠵᠤ ᠪᠢᠯᠡ
ᠠᠪᠤᠷᠭᠤ ᠲᠡᠮᠦᠵᠢᠨ ᠡᠴᠡ ᠡᠭᠦᠳᠴᠦ ᠥᠭᠭᠦᠭᠰᠡᠨ
ᠠᠰᠢᠳᠠ ᠥᠪᠯᠡᠬᠦ ᠬᠥᠷᠥᠩᠭᠡ ᠪᠣᠯᠤᠭᠰᠠᠨ ᠪᠢᠯᠡ
ᠠᠷᠠᠳ ᠤᠨ ᠴᠡᠷᠢᠭ ᠲᠦ ᠶᠠᠪᠤᠭᠰᠠᠨ ᠠᠪᠤ ᠶᠢᠨ ᠮᠢᠨᠢ
ᠠᠬ᠍ᠰᠤᠵᠤ ᠮᠣᠷᠳᠠᠭᠰᠠᠨ ᠰᠦᠯᠳᠡ ᠨᠢ ᠪᠠᠢᠵᠤ ᠪᠢᠯᠡ
ᠠᠰᠠᠵᠤ ᠨᠣᠴᠣᠬᠤ ᠳᠠᠢᠨ ᠤ ᠤᠳᠤᠭᠠᠨ ᠳ᠋ᠤ᠌
ᠠᠰᠢᠳᠠ ᠰᠢᠲᠠᠳᠠᠭ ᠦᠭᠡᠢ ᠠᠯᠮᠠᠰ ᠪᠣᠯᠤᠭᠰᠠᠨ ᠪᠢᠯᠡ
ᠠᠷᠤ ᠳ᠋ᠤ᠌ ᠨᠢ ᠬᠣᠴᠣᠷᠤᠭᠰᠠᠨ ᠬᠣᠨᠢᠴᠢᠨ ᠡᠵᠢ ᠵᠢᠨ ᠮᠢᠨᠢ
ᠠᠮᠠᠨ ᠳ᠋ᠠᠭᠠᠨ ᠤᠩᠰᠢᠳᠠᠭ ᠲᠠᠷᠨᠢ ᠨᠢ ᠪᠠᠢᠵᠤ ᠪᠢᠯᠡ
ᠠᠷᠭᠠᠯ ᠤᠨ ᠭᠠᠯ ᠲᠠᠢ ᠨᠢ ᠬᠠᠮᠲᠤ ᠳᠦᠷᠡᠯᠵᠡᠭᠰᠡᠨ
ᠠᠩᠭᠠᠷᠠᠭ ᠲᠤ ᠵᠠᠯᠭᠠᠳᠠᠭ ᠰᠢᠲᠦᠭᠡᠨ ᠪᠣᠯᠤᠭᠰᠠᠨ ᠪᠢᠯᠡ
ᠠᠩᠬ᠎ᠠ ᠬᠣᠷᠸ᠎ᠠ ᠳ᠋ᠤ᠌ ᠤᠨᠠᠬᠤ ᠭᠱᠠᠨ ᠳ᠋ᠤ᠌
ᠠᠮᠢᠨ ᠳ᠋ᠤ᠌ ᠮᠢᠨᠢ ᠰᠢᠩᠭᠡᠭᠰᠡᠨ ᠰᠦᠨᠡᠰᠦ ᠪᠠᠢ᠋ᠵᠤ ᠪᠢᠯᠡ
ᠠᠮᠢᠳᠤᠷᠠᠯ ᠤᠨ ᠵᠠᠮ ᠢᠶᠡᠷ ᠴᠢᠮᠪᠠᠢ ᠠᠯᠬᠤᠬᠤ ᠳ᠋ᠤ᠌
ᠠᠷᠤ ᠳ᠋ᠤ᠌ ᠮᠢᠨᠢ ᠲᠤᠯᠤᠭᠰᠠᠨ ᠲᠦᠰᠢᠭ ᠪᠣᠯᠤᠭᠰᠠᠨ ᠪᠢᠯᠡ
ᠠᠬ᠎ᠠ ᠶᠢᠨ ᠢᠶᠠᠨ ᠮᠥᠷ ᠳᠡᠭᠡᠷ᠎ᠡ ᠤᠯᠪᠠᠵᠤ ᠶᠠᠪᠤᠳᠠᠭ
ᠠᠶᠠᠨ ᠤ ᠤᠷᠲᠤᠬᠠᠨ ᠴᠤᠪᠤᠭ᠎ᠠ ᠪᠠᠢᠵᠤ ᠪᠢᠯᠡ
ᠠᠯᠢᠶ᠎ᠠ ᠳᠡᠭᠦᠦ ᠳ᠋ᠡᠭᠡᠨ ᠪᠠᠷᠢᠭᠤᠯᠵᠤ ᠥᠭᠭᠦᠭᠰᠡᠨ
ᠠᠶᠤᠯ ᠡᠴᠡ ᠵᠠᠢᠯᠠᠭᠤᠯᠬᠤ ᠰᠠᠬᠢᠭᠤᠰᠤ ᠪᠣᠯᠤᠭᠰᠠᠨ ᠪᠢᠯᠡ
ᠠᠪᠤ ᠶᠢᠨ ᠮᠢᠨᠢ ᠠ ᠦᠰᠦᠭ
ᠠᠢ᠋ᠯ ᠭᠡᠷ ᠤᠨ ᠮᠢᠨᠢ ᠲᠡᠦᠬᠡ ᠪᠠᠢᠵᠤ ᠪᠢᠯᠡ
ᠠᠪᠤ ᠡᠵᠢ ᠵᠢᠨ ᠵᠠᠶᠠᠭ᠎ᠠ ᠶᠢ ᠮᠥᠷᠳᠡᠵᠦ
ᠠᠯᠳᠠᠨ ᠤᠷᠤᠬ ᠤᠨ ᠮᠢᠨᠢ ᠬᠡᠯᠬᠢᠶ᠎ᠡ ᠪᠣᠯᠤᠭᠰᠠᠨ ᠪᠢᠯᠡ
ᠠᠪᠤ ᠶᠢᠨ ᠮᠢᠨᠢ ᠠ ᠦᠰᠦᠭ
ᠠᠷᠪᠠᠲᠤ ᠶᠢᠨ ᠳᠦᠷᠢᠮ ᠮᠡᠲᠦ ᠪᠠᠲᠤ ᠶᠣᠰᠣᠨ ᠪᠢᠯᠡ
ᠠᠷᠪᠠᠨ ᠵᠠᠭᠤᠨ ᠤ ᠲᠡᠷᠲᠡᠭᠡ ᠡᠴᠡ ᠰᠣᠨᠣᠰᠳᠠᠬᠤ
ᠠᠶᠤᠩᠭ᠎ᠠ ᠶᠢᠨ ᠲᠠᠭᠤᠨ ᠮᠡᠲᠦ ᠴᠢᠩᠭ᠎ᠠ ᠵᠠᠷᠯᠢᠭ᠋ ᠪᠢᠯᠡ
ᠠᠳᠤᠭᠤᠴᠢᠨ ᠠᠪᠤ ᠡᠴᠡ ᠪᠡᠨ ᠰᠡᠯᠭᠦᠵᠦ ᠠᠪᠤᠭᠰᠠᠨ
ᠠᠯᠤᠰ ᠤᠨ ᠣᠳᠣᠳ ᠤᠨ ᠪᠤᠶᠠᠨ ᠪᠠᠢᠵᠤ ᠪᠢᠯᠡ
ᠠᠭᠲᠠ ᠬᠦᠯᠦᠭ ᠮᠣᠷᠢᠳ ᠤᠨ ᠮᠢᠨᠢ ᠲᠠᠪᠬᠢᠶᠠᠨ ᠳ᠋ᠤ᠌
ᠠᠮᠠᠭᠠᠢ ᠶᠢ ᠨᠢ ᠵᠠᠯᠠᠳᠠᠭ ᠵᠢᠯᠣᠭᠣ᠌ ᠪᠣᠯᠤᠭᠰᠠᠨ ᠪᠢᠯᠡ
ᠠᠴᠢᠲᠤ ᠡᠵᠢ ᠵᠢᠨ ᠭᠠᠷ ᠡᠴᠡ ᠵᠠᠯᠭᠠᠭᠰᠠᠨ
ᠠᠶᠠᠨ ᠵᠢᠩ ᠤᠨ ᠴᠦᠷᠬᠦᠯᠡᠭᠡ ᠪᠠᠢᠵᠤ ᠪᠢᠯᠡ
ᠠᠷᠠᠯ ᠤᠨ ᠱᠠᠷ ᠤᠨ ᠬᠢᠨᠢ ᠤᠷᠤᠭ᠍ᠰᠢ ᠵᠢᠳᠬᠦᠬᠦ
ᠠᠰᠢᠳᠠ ᠳᠠᠭᠤᠰᠤᠰᠢ ᠦᠭᠡᠢ ᠬᠦᠴᠦᠨ ᠪᠣᠯᠤᠭᠰᠠᠨ ᠪᠢᠯᠡ
ᠠᠮᠠᠷᠠᠭ ᠬᠣᠩᠭᠣᠷ ᠲᠠᠢ ᠪᠠᠨ ᠠᠩᠬ᠎ᠠ ᠲᠠᠨᠢᠯᠴᠠᠬᠤ ᠳ᠋ᠤ᠌
ᠠᠷᠢᠭᠤᠨ ᠬᠠᠢᠷ᠎ᠠ ᠶᠢᠨ ᠮᠢᠨᠢ ᠡᠯᠴᠢ ᠨᠢ ᠪᠠᠢᠵᠤ ᠪᠢᠯᠡ
ᠠᠮᠢ ᠬᠣᠯᠪᠣᠨ ᠵᠠᠶᠠᠭ᠎ᠠ ᠬᠠᠮᠲᠤᠳᠬᠠᠬᠤ ᠳ᠋ᠤ᠌
ᠠᠢ᠋ᠯ ᠭᠡᠷ ᠤᠨ ᠮᠢᠨᠢ ᠲᠡᠭᠷᠢ ᠪᠣᠯᠤᠭᠰᠠᠨ ᠪᠢᠯᠡ
ᠠᠮᠢᠨ ᠬᠠᠢᠷᠠᠲᠠᠢ ᠦᠷ᠎ᠡ ᠪᠡᠨ ᠵᠠᠶᠠᠭᠠᠬᠤ ᠳ᠋ᠤ᠌
ᠠᠶᠤᠤᠯᠢᠬᠠᠢ ᠠᠴᠠ ᠬᠣᠯᠪᠣᠭᠰᠠᠨ ᠬᠦᠢᠰᠦ ᠨᠢ ᠪᠠᠢᠵᠤ ᠪᠢᠯᠡ
ᠠᠵᠠ ᠶᠢᠨ ᠬᠣᠷᠸ᠎ᠠ ᠳ᠋ᠤ᠌ ᠮᠡᠨᠳᠦᠯᠡᠬᠦ ᠭᠱᠠᠨ ᠳ᠋ᠤ᠌ ᠨᠢ
ᠠᠯᠠᠭ ᠨᠢᠳᠦᠨ ᠦ ᠬᠢᠨᠢ ᠴᠡᠴᠡᠭᠡᠢ ᠨᠢ ᠪᠣᠯᠤᠭᠰᠠᠨ ᠪᠢᠯᠡ
ᠠᠪᠤ ᠶᠢᠨ ᠮᠢᠨᠢ ᠠ ᠦᠰᠦᠭ
ᠠᠷᠪᠠᠲᠤ ᠶᠢᠨ ᠳᠦᠷᠢᠮ ᠮᠡᠲᠦ ᠪᠠᠲᠤ ᠶᠣᠰᠣᠨ ᠪᠢᠯᠡ
ᠠᠷᠪᠠᠨ ᠵᠠᠭᠤᠨ ᠦ ᠲᠡᠷᠲᠡᠭᠡ ᠡᠴᠡ ᠰᠣᠨᠣᠰᠳᠠᠬᠤ
ᠠᠶᠤᠩᠭ᠎ᠠ ᠶᠢᠨ ᠲᠠᠭᠤᠨ ᠮᠡᠲᠦ ᠴᠢᠩᠭ᠎ᠠ ᠵᠠᠷᠯᠢᠭ᠋ ᠪᠢᠯᠡ
ᠠ ᠦᠰᠦᠭ ᠡᠴᠡ ᠡᠬᠢᠯᠡᠵᠦ ᠰᠤᠷᠭᠠᠳᠠᠭ
ᠠᠪᠤ ᠶᠢᠨ ᠰᠤᠷᠭᠠᠯ ᠠᠯᠳᠠ ᠪᠠᠢᠵᠤ ᠪᠢᠯᠡ
ᠠᠮᠠᠷᠠᠭ ᠡᠵᠢ ᠵᠢᠨ ᠮᠢᠨᠢ ᠪᠦᠤᠪᠠᠢ ᠶᠢᠨ ᠳᠠᠭᠤᠤ ᠲᠠᠢ
ᠠᠰ ᠤᠨ ᠪᠡᠶ᠎ᠡ ᠳ᠋ᠤ᠌ ᠮᠢᠨᠢ ᠰᠢᠩᠭᠡᠭᠰᠡᠨ ᠪᠠᠢᠵᠤ ᠪᠢᠯᠡ
ᠠ ᠦᠰᠦᠭ ᠦᠨ ᠴᠠᠭᠠᠨ ᠲᠣᠯᠣᠭᠠᠢ
ᠠᠯᠳᠠᠨ ᠨᠠᠷᠠᠨ ᠪᠣᠯᠵᠤ ᠲᠠᠷᠢᠬᠢᠨ ᠳ᠋ᠤ᠌ ᠰᠠᠭᠤᠭᠳᠠᠨᠠ
ᠠᠯᠠᠭ ᠬᠣᠷᠸ᠎ᠠ ᠶᠢᠨ ᠣᠨᠢᠰᠤ ᠶᠢ ᠨᠡᠭᠡᠭᠡᠬᠦ
ᠠᠯᠳᠠᠨ ᠲᠦᠯᠬᠢᠭᠦᠷ ᠪᠣᠯᠵᠤ ᠭᠠᠷ ᠲᠤ ᠪᠠᠷᠢᠭ᠍ᠳᠠᠨᠠ
ᠠᠪᠤ ᠡᠵᠢ ᠵᠢᠨ ᠮᠢᠨᠢ ᠦᠯᠡᠳᠡᠭᠡᠵᠦ ᠥᠭᠭᠦᠭᠰᠡᠨ
ᠠᠶᠠᠯᠭᠤ ᠳᠠᠭᠤᠤ ᠶᠢᠨ ᠬᠢᠨᠢ ᠳᠡᠭᠡᠵᠢ ᠪᠣᠯᠵᠤ ᠳᠠᠭᠤᠷᠢᠰᠤᠨ᠎ᠠ
ᠠᠴᠢᠲᠤ ᠪᠠᠭᠰᠢ ᠶᠢᠨ ᠮᠢᠨᠢ ᠰᠤᠷᠭᠠᠵᠤ ᠥᠭᠭᠦᠭᠰᠡᠨ
ᠠᠷᠪᠢᠨ ᠡᠷᠳᠡᠮ ᠤᠨ ᠬᠢᠨᠢ ᠰᠢᠮ᠎ᠡ ᠪᠣᠯᠵᠤ ᠮᠥᠩᠬᠡᠷᠡᠨ᠎ᠡ
ᠠ ᠦᠰᠦᠭ ᠦᠨ ᠦᠭᠡᠰ ᠤᠨ ᠰᠠᠩ
ᠠᠤᠭ᠎ᠠ ᠳᠡᠯᠡᠬᠡᠢ ᠶᠢᠨ ᠬᠥᠷᠥᠩᠭᠡ ᠪᠣᠯᠵᠤ ᠪᠢᠯᠬᠠᠷᠠᠨ᠎ᠠ
ᠠᠭᠤᠳᠠᠮ ᠬᠣᠷᠸ᠎ᠠ ᠶᠢᠨ ᠪᠠᠶᠠᠨ ᠬᠥᠮᠥᠷᠭᠡ ᠳ᠋ᠤ᠌
ᠠᠭᠤᠳᠠᠯᠠᠭᠠᠳ ᠳᠠᠭᠤᠰᠤᠰᠢ ᠦᠭᠡᠢ ᠡᠷᠳᠡᠨᠢ ᠪᠣᠯᠵᠤ ᠭᠢᠯᠠᠯᠵᠠᠨ᠎ᠠ
ᠠᠬ᠎ᠠ ᠳᠡᠭᠦᠦ ᠤᠯᠡᠨ ᠬᠡᠯᠡ ᠲᠠᠢ ᠮᠥᠴᠡᠭᠡᠷᠬᠡᠬᠦ
ᠠᠳᠠᠯᠢᠳᠬᠠᠰᠢ ᠦᠭᠡᠢ ᠴᠢᠳᠠᠯ ᠢ ᠪᠡᠶ᠎ᠡ ᠳ᠋ᠤ᠌ ᠪᠡᠨ ᠠᠭᠤᠯᠤᠨ᠎ᠠ
ᠷᠠᠰᠢᠶᠠᠨ ᠪᠤᠯᠠᠭ ᠤᠨ ᠤᠰᠤ ᠮᠡᠲᠦ ᠣᠷᠬᠢᠯᠠᠬᠤ
ᠠᠮᠢᠵᠠᠷᠠᠯ ᠤᠨ ᠬᠦᠴᠦᠨ ᠢᠶᠠᠷ ᠢᠷᠡᠭᠡᠳᠦᠢ ᠶᠢ ᠵᠣᠷᠢᠨ᠎ᠠ
ᠠ ᠦᠰᠦᠭ ᠦᠨ ᠬᠡᠯᠡᠨ ᠵᠦᠢ
ᠠᠰᠤᠷᠤ ᠤᠬᠠᠭᠠᠨ ᠤ ᠲᠣᠯᠢ ᠪᠣᠯᠵᠤ ᠤᠯᠠᠮᠵᠢᠯᠠᠭᠳᠠᠨ᠎ᠠ
ᠠᠳᠠᠪᠠᠰᠢ ᠭᠦᠨ ᠶᠣᠰᠣᠨ ᠤ ᠬᠡᠯᠬᠢᠶ᠎ᠡ ᠪᠣᠯᠵᠤ
ᠠᠷᠢᠭ᠋ ᠤᠰᠤᠨ ᠤ ᠲᠡᠦᠬᠡ ᠶᠢ ᠬᠦᠦᠷᠨᠢᠨ᠎ᠡ
ᠠᠯᠳᠠᠨ ᠤᠷᠤᠬ ᠤᠨ ᠨᠢᠭᠤᠴᠠ ᠶᠢ ᠬᠠᠳᠠᠭᠠᠯᠠᠭᠰᠠᠨ
ᠠᠯᠳᠠᠷᠲᠤ ᠲᠠᠲᠠᠲᠤᠩᠭ᠎ᠠ ᠶᠢᠨ ᠪᠢᠴᠢᠭᠡᠰᠦ ᠪᠠᠢᠵᠤ ᠪᠢᠯᠡ
ᠠᠷᠪᠠᠨ ᠵᠠᠭᠤᠨ ᠢᠶᠠᠷ ᠠᠭᠤᠯᠠᠰ ᠲᠤ ᠪᠠᠨ ᠰᠢᠩᠭᠡᠭᠰᠡᠨ
ᠠᠨᠢᠰᠤ ᠮᠡᠲᠦ ᠣᠨᠢᠰᠤᠭ᠎ᠠ ᠶᠢᠨ ᠨᠢᠭᠡᠨ ᠪᠣᠯᠤᠭᠰᠠᠨ ᠪᠢᠯᠡ
ᠠᠭᠤᠤ ᠲᠦᠷᠦ ᠶᠢᠨ ᠴᠡᠴᠡᠭ ᠦᠨ ᠬᠦᠷᠢᠶᠡᠯᠡᠩ ᠤᠨ
ᠠᠨᠠᠷ ᠤᠯᠠᠭᠠᠨ ᠤ ᠬᠢᠨᠢ ᠨᠢᠭᠡᠨ ᠦᠷ᠎ᠡ ᠪᠢᠯᠡ
ᠠᠤᠭ᠎ᠠ ᠬᠦᠰᠡᠯ ᠢᠶᠠᠨ ᠪᠡᠶᠡᠯᠡᠭᠦᠯᠬᠦ ᠠᠶᠠᠨ ᠤ
ᠠᠷᠤ ᠳ᠋ᠤ᠌ ᠨᠢ ᠬᠤᠴᠤᠷᠠᠬᠤ ᠦᠭᠡᠢ ᠨᠢᠭᠡᠨ ᠰᠠᠯᠠᠭ᠎ᠠ ᠪᠢᠯᠡ
ᠠᠪᠤ ᠶᠢᠨ ᠮᠢᠨᠢ ᠠ ᠦᠰᠦᠭ
ᠠᠯᠳᠠ ᠪᠠᠷ ᠪᠦᠲᠦᠭᠡᠭᠰᠡᠨ ᠡᠷᠳᠡᠨᠢ ᠪᠠᠢᠵᠤ ᠪᠢᠯᠡ
ᠠᠶᠤᠮᠰᠢᠭ᠍ᠲᠤ ᠶᠡᠬᠡ ᠲᠠᠢᠨ ᠤ ᠦᠶ᠎ᠡ ᠳ᠋ᠤ᠌
ᠠᠲᠠᠭᠠᠲᠠᠨ ᠢ ᠴᠡᠴᠡᠷᠡᠭᠦᠯᠳᠡᠭ ᠵᠡᠪᠰᠡᠭ ᠪᠣᠯᠤᠭᠰᠠᠨ ᠪᠢᠯᠡ
ᠠᠪᠤ ᠶᠢᠨ ᠮᠢᠨᠢ ᠠ ᠦᠰᠦᠭ
ᠠᠢ᠋ᠯ ᠭᠡᠷ ᠤᠨ ᠮᠢᠨᠢ ᠲᠡᠦᠬᠡ ᠪᠠᠢᠵᠤ ᠪᠢᠯᠡ
ᠠᠪᠤ ᠡᠵᠢ ᠵᠢᠨ ᠮᠢᠨᠢ ᠵᠠᠶᠠᠭ᠎ᠠ ᠶᠢ ᠮᠥᠷᠳᠡᠵᠦ
ᠠᠯᠳᠠᠨ ᠤᠷᠤᠬ ᠤᠨ ᠬᠡᠯᠬᠢᠶ᠎ᠡ ᠪᠣᠯᠤᠭᠰᠠᠨ ᠪᠢᠯᠡ
ᠠᠪᠤ ᠶᠢᠨ ᠮᠢᠨᠢ ᠠ ᠦᠰᠦᠭ
ᠠᠷᠪᠠᠲᠤ ᠶᠢᠨ ᠳᠦᠷᠢᠮ ᠮᠡᠲᠦ ᠪᠠᠲᠤ ᠶᠣᠰᠣᠨ ᠪᠢᠯᠡ
ᠠᠷᠪᠠᠨ ᠵᠠᠭᠤᠨ ᠤ ᠲᠡᠷᠲᠡᠭᠡ ᠡᠴᠡ ᠰᠣᠨᠣᠰᠳᠠᠬᠤ
ᠠᠶᠤᠩᠭ᠎ᠠ ᠶᠢᠨ ᠲᠠᠭᠤᠨ ᠮᠡᠲᠦ ᠴᠢᠩᠭ᠎ᠠ ᠵᠠᠷᠯᠢᠭ᠋ ᠪᠢᠯᠡ
ᠦᠰᠦᠭ ᠠᠮᠢᠯᠠᠭᠤᠯᠤᠭ᠍ᠴᠢ : ᠤᠷᠢᠶᠠᠩᠬᠠᠢ ᠨᠠᠷᠠᠨᠮᠠᠨᠳᠠ
ᠬᠢᠨᠠᠭ᠍ᠴᠢ : ᠨᠠᠷᠠᠨᠵᠦᠭ ᠂ ᠴᠢᠯᠢᠨ ᠂ ᠣᠶᠤᠨᠴᠡᠴᠡᠭ
