ᠬᠡᠯᠡᠨ ᠦ ᠵᠦᠢ ᠶᠢᠨ ᠮᠡᠳᠡᠯᠭᠡ( ᠬᠡᠯᠡ ᠪᠢᠴᠢᠭ – ᠶᠢᠰᠦᠳᠦᠭᠡᠷ ᠳᠡᠪᠲᠡᠷ)Хэлний зүйн мэдлэг( Хэл бичиг – Есдүгээр дэвтэр)
ᠬᠡᠯᠡᠨ ᠦ ᠵᠦᠢ ᠶᠢᠨ ᠮᠡᠳᠡᠯᠭᠡ
ᠴᠢᠭ ᠲᠡᠮᠳᠡᠭ
ᠴᠤᠪᠤᠭ᠎ᠠ ᠴᠢᠭ (᠁)
ᠥᠭᠦᠯᠡᠪᠦᠷᠢ ᠪᠡᠨ ᠳᠠᠭᠤᠰᠬᠠᠭᠰᠠᠨ ᠦᠭᠡᠢ ᠳᠤᠲᠠᠭᠤ ᠣᠷᠬᠢᠭᠰᠠᠨ ᠪᠤᠶᠤ ᠬᠡᠯᠡᠬᠦ ᠭᠡᠰᠡᠨ ᠤᠴᠢᠷ ᠢ᠋ᠶ᠋ᠠᠨ ᠳᠤᠲᠠᠭᠤ ᠬᠡᠯᠡᠭᠡᠳ ᠣᠷᠬᠢᠭᠰᠠᠨ ᠦᠶ᠎ᠡ ᠳ᠋ᠦ᠍ ᠴᠤᠪᠤᠭ᠎ᠠ ᠴᠢᠭ ᠲᠠᠯᠪᠢᠨ᠎ᠠ᠃
ᠵᠢᠱ᠌ᠢᠶᠡᠯᠡᠪᠡᠯ᠄
1 ᠴᠢ ᠮᠠᠷᠭᠠᠰᠢ ᠮᠠᠨ ᠤ᠋ ᠳ᠋ᠤ᠌ ᠣᠴᠢᠭᠠᠷᠠᠢ᠂ ᠪᠢ ᠴᠢᠮ᠎ᠠ ᠳ᠋ᠤ᠌ ᠁
2 ᠨᠠᠮᠠᠶ᠋ᠢ ᠡᠨᠳᠡ ᠡᠴᠡ ᠵᠠᠢᠯᠠᠭᠤᠯᠵᠤ ᠭᠡᠷ ᠲᠡᠭᠡᠨ᠂ ᠲᠣᠰᠬᠣᠨ ᠳ᠋ᠠᠭᠠᠨ ᠠᠪᠠᠴᠢ᠃ ᠪᠢ ᠲᠡᠰᠪᠦᠷᠢᠯᠡᠬᠦᠶ᠎ᠡ ᠪᠡᠷᠬᠡ ᠪᠣᠯᠤᠯ᠎ᠠ! ᠁
ᠵᠡᠷᠭᠡᠴᠡᠭᠡ ᠴᠢᠭ (᠄ )
ᠠᠯᠢᠪᠠ ᠲᠣᠳᠣᠷᠬᠠᠢᠯᠠᠨ ᠬᠡᠯᠡᠬᠦ ᠭᠡᠵᠦ ᠪᠠᠢᠭ᠎ᠠ ᠶᠠᠭᠤᠮ᠎ᠠ ᠶ᠋ᠢᠨ ᠢ᠋ᠶ᠋ᠡᠷ ᠡᠮᠦᠨ᠎ᠡ ᠤᠭᠲᠤᠭᠤᠯᠤᠨ ᠬᠡᠯᠡᠭᠰᠡᠨ ᠦᠭᠡ ᠶ᠋ᠢᠨ ᠳᠠᠷᠠᠭᠠᠬᠢ《 ᠨᠢ᠂ ᠪᠣᠯ᠂ ᠭᠡᠪᠡᠯ》 ᠭᠡᠬᠦ ᠵᠡᠷᠭᠡ ᠦᠭᠡ ᠶ᠋ᠢᠨ ᠳᠣᠣᠷ᠎ᠠ ᠵᠡᠷᠭᠡᠴᠡᠭᠡ ᠴᠢᠭ ᠲᠠᠯᠪᠢᠨ᠎ᠠ᠃
ᠵᠢᠱ᠌ᠢᠶᠡᠯᠡᠪᠡᠯ᠄
1 ᠪᠡᠴᠢᠨ ᠪᠠᠭᠰᠢ ᠴᠡᠭᠡᠵᠢ ᠪᠡᠨ ᠳᠡᠯᠪᠡᠷᠡᠲᠡᠯ᠎ᠡ ᠠᠭᠤᠷᠯᠠᠵᠤ᠄《 ᠴᠢ ᠶᠠᠭᠠᠬᠢᠵᠤ ᠬᠤᠪᠢᠯᠤᠭᠰᠠᠨ ᠴᠤ᠌ ᠤᠭ ᠳᠦᠷᠰᠦ ᠴᠢᠨᠢ ᠲᠠᠨᠢᠭᠳᠠᠬᠤ ᠶᠤᠮ》 ᠭᠡᠵᠡᠢ᠃
2 ᠲᠠᠪᠤᠨ ᠬᠣᠰᠢᠭᠤ ᠮᠠᠯ ᠭᠡᠪᠡᠯ᠄ ᠲᠡᠮᠡᠭᠡ᠂ ᠢᠮᠠᠭ᠎ᠠ᠂ ᠦᠬᠡᠷ᠂ ᠬᠣᠨᠢ᠂ ᠠᠳᠤᠭᠤ ᠪᠣᠯᠤᠨ᠎ᠠ᠃
3 ᠳᠣᠷᠣᠨ᠎ᠠ᠄ ᠮᠠᠷᠭᠠᠰᠢ ᠶ᠋ᠢᠨ ᠬᠤᠷᠠᠯ ᠤ᠋ᠨ ᠪᠡᠯᠡᠳᠬᠡᠯ ᠠᠵᠢᠯ ᠶᠠᠭᠤ ᠪᠣᠯᠵᠤ ᠪᠠᠢᠬᠤ ᠪᠣᠢ?
ᠲᠥᠪ᠄ ᠣᠳᠣ ᠵᠥᠪᠬᠡᠨ ᠯᠣᠽᠦ᠋ᠩ ᠪᠢᠴᠢᠬᠦ ᠯᠡ ᠠᠵᠢᠯ ᠦᠯᠡᠳᠡᠵᠦ ᠪᠠᠢᠨ᠎ᠠ᠃
ᠬᠠᠭᠠᠯᠲᠠ ( )
ᠥᠭᠦᠯᠡᠪᠦᠷᠢ ᠶ᠋ᠢᠨ ᠳᠣᠲᠣᠷ᠎ᠠ ᠶᠠᠮᠠᠷ ᠨᠢᠭᠡᠨ ᠦᠭᠡᠨ ᠳ᠋ᠦ᠍ ᠲᠤᠰᠬᠠᠢᠯᠠᠨ ᠨᠡᠮᠡᠨ ᠣᠷᠣᠭᠤᠯᠬᠤ ᠲᠠᠢᠯᠪᠤᠷᠢ ᠶ᠋ᠢᠨ ᠬᠡᠰᠡᠭ ᠢ᠋ ᠬᠠᠭᠠᠯᠲᠠᠨ ᠳ᠋ᠤ᠌ ᠬᠠᠭᠠᠨ᠎ᠠ᠃
ᠵᠢᠱ᠌ᠢᠶᠡᠯᠡᠪᠡᠯ᠄
1 ᠮᠠᠨ ᠤ᠋ ᠰᠤᠷᠭᠠᠭᠤᠯᠢ ᠮᠠᠷᠭᠠᠰᠢ( ᠲᠠᠪᠤᠨ ᠰᠠᠷ᠎ᠠ ᠶ᠋ᠢᠨ ᠨᠢᠭᠡᠨ ᠳ᠋ᠦ᠍) ᠪᠦᠬᠦ ᠰᠤᠷᠭᠠᠭᠤᠯᠢ ᠪᠠᠷ ᠢ᠋ᠶ᠋ᠠᠨ ᠬᠥᠳᠡᠯᠮᠦᠷᠢᠯᠡᠨᠡ᠃
2 ᠰᠠᠷ᠎ᠠ ᠶ᠋ᠢᠨ ᠬᠦᠴᠦ( ᠥᠪᠡᠷ ᠢ᠋ᠶ᠋ᠡᠷ ᠲᠠᠷᠢᠶ᠎ᠠ ᠲᠠᠷᠢᠵᠤ᠂ ᠭᠠᠭᠴᠠ ᠬᠦ᠌ ᠴᠠᠭᠠᠨ ᠰᠠᠷ᠎ᠠ᠂ ᠪᠠᠶᠠᠷ ᠨᠠᠢᠷ ᠤ᠋ᠨ ᠡᠳᠦᠷ ᠪᠤᠶᠤ ᠲᠦᠷᠢᠶᠡᠰᠦ ᠬᠤᠷᠢᠶᠠᠬᠤ ᠦᠶ᠎ᠡ ᠳ᠋ᠦ᠍ ᠲᠣᠭᠲᠠᠮᠠᠯ ᠬᠥᠮᠦᠨ ᠳ᠋ᠦ᠍ ᠠᠵᠢᠯ ᠬᠢᠵᠦ ᠥᠭᠳᠡᠭ ᠬᠥᠳᠡᠯᠮᠦᠷᠢ ᠬᠦᠴᠦ ᠶ᠋ᠢ ᠰᠠᠷ᠎ᠠ ᠶ᠋ᠢᠨ ᠬᠦᠴᠦ ᠭᠡᠳᠡᠭ) ᠁
ᠬᠠᠰᠢᠯᠲᠠ《 》
ᠡᠰᠢ ᠲᠠᠲᠠᠭᠰᠠᠨ ᠦᠭᠡ᠂ ᠨᠣᠮ ᠪᠢᠴᠢᠭ ᠰᠣᠨᠢᠨ ᠰᠡᠳᠬᠦᠯ ᠦ᠋ᠨ ᠨᠡᠷ᠎ᠡ᠂ ᠦᠭᠡ ᠶ᠋ᠢᠨ ᠤᠳᠬ᠎ᠠ ᠶ᠋ᠢ ᠲᠣᠩᠭᠣᠷᠠᠭᠤᠯᠤᠨ ᠬᠡᠷᠡᠭᠯᠡᠬᠦ ᠪᠤᠶᠤ ᠥᠭᠡᠷ᠎ᠡ ᠶᠠᠭᠤᠮ᠎ᠠ ᠶ᠋ᠢᠨ ᠨᠡᠷ᠎ᠡ ᠪᠣᠯᠭᠠᠨ ᠬᠡᠷᠡᠭᠯᠡᠬᠦ ᠳ᠋ᠦ᠍ ᠪᠦᠷ ᠬᠠᠰᠢᠯᠲᠠ ᠬᠡᠷᠡᠭᠯᠡᠨ᠎ᠡ᠃ ᠬᠠᠰᠢᠯᠲᠠ ᠳ᠋ᠤ᠌ ᠳᠠᠩ ᠬᠠᠰᠢᠯᠲᠠ᠂ ᠳᠠᠪᠬᠤᠷ ᠬᠠᠰᠢᠯᠲᠠ ᠭᠡᠵᠦ ᠪᠠᠢᠳᠠᠭ᠃ ᠬᠠᠰᠢᠯᠲᠠ ᠶ᠋ᠢᠨ ᠳᠣᠲᠣᠷ᠎ᠠ ᠬᠠᠰᠢᠯᠲᠠ ᠬᠡᠷᠡᠭᠯᠡᠬᠦ ᠦᠶ᠎ᠡ ᠳ᠋ᠦ᠍ ᠳᠠᠩ ᠬᠠᠰᠢᠯᠲᠠ〈 〉 ᠶ᠋ᠢ ᠬᠡᠷᠡᠭᠯᠡᠨ᠎ᠡ᠃
ᠵᠢᠱ᠌ᠢᠶᠡᠯᠡᠪᠡᠯ᠄
1 ᠰᠲ᠋ᠠᠯᠢᠨ᠄《 ᠬᠡᠯᠡ ᠪᠣᠯ ᠬᠥᠮᠦᠰ ᠦ᠋ᠨ ᠰᠠᠨᠠᠯ ᠢ᠋ᠶ᠋ᠠᠨ ᠰᠣᠯᠢᠯᠴᠠᠵᠤ ᠤᠴᠢᠷ ᠢ᠋ᠶ᠋ᠠᠨ ᠮᠡᠳᠡᠯᠴᠡᠬᠦ ᠶ᠋ᠢᠨ ᠵᠡᠪᠰᠡᠭ ᠬᠡᠷᠡᠭᠯᠡᠭᠦᠷ ᠮᠥᠨ》ᠭᠡᠵᠡᠢ᠃
2《 ᠰᠠᠯᠵᠤ ᠶᠠᠳᠠᠭᠰᠠᠨ ᠰᠡᠳᠬᠢᠯᠭᠡ》 ᠭᠡᠰᠡᠨ ᠰᠢᠯᠦᠭ《 ᠥᠨᠢᠷ ᠴᠡᠴᠡᠭ》ᠰᠡᠳᠬᠦᠯ ᠪᠠ《 ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠳᠡᠭᠡᠷ᠎ᠡ ᠪᠦᠷ ᠭᠠᠷᠴᠤ ᠥᠩᠭᠡᠷᠡᠵᠡᠢ᠃
3 ᠠᠮᠧᠷᠢᠺᠠ ᠡᠵᠡᠷᠬᠡᠭ ᠲᠦᠷᠢᠮᠡᠬᠡᠢᠲᠡᠨ ᠦ᠌《 ᠡᠩᠬᠡ ᠲᠠᠢᠪᠤᠩ》 ᠭᠡᠳᠡᠭ ᠨᠢ ᠲᠡᠢᠨ ᠦ᠌ ᠪᠡᠯᠡᠳᠬᠡᠯ ᠶᠦ᠍ᠮ᠃
ᠡᠷᠬᠢᠯᠡᠭᠰᠡᠨ ᠨᠠᠢᠷᠠᠭᠤᠯᠤᠭᠴᠢ ᠰᠢᠷᠦᠩᠬᠤᠸᠠᠷ
ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠶᠢᠰᠦᠳᠦᠭᠡᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ
1981 ᠣᠨ ᠤ᠋ 5 ᠰᠠᠷ᠎ᠠ ᠳ᠋ᠤ᠌ ᠬᠣᠶᠠᠳᠤᠭᠠᠷ ᠬᠡᠪ ᠢ᠋ ᠬᠢᠪᠡ
1984 ᠣᠨ ᠤ᠋ 4 ᠰᠠᠷ᠎ᠠ ᠳ᠋ᠤ᠌ ᠳᠥᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ᠄ ᠲᠣ · ᠨᠠᠨᠳᠢᠨ
ᠬᠢᠨᠠᠭᠴᠢ᠄ ᠣᠳᠬᠠᠨᠰᠣ᠎ᠠ
2023᠂6᠂19
