ᠬᠥᠪᠴᠢ- ᠬᠣᠨᠢᠴᠢᠨ ᠰᠣᠨᠢᠨᠪᠢᠯᠢᠭ᠌Хөвч-хоньчин сонинбилиг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠪᠴᠢ- ᠬᠣᠨᠢᠴᠢᠨ ᠰᠣᠨᠢᠨᠪᠢᠯᠢᠭ᠌Хөвч-хоньчин сонинбилиг

ᠬᠥᠪᠴᠢ- ᠬᠣᠨᠢᠴᠢᠨ ᠰᠣᠨᠢᠨᠪᠢᠯᠢᠭ᠌Хөвч-хоньчин сонинбилиг

2023-07-08

248

ᠬᠥᠪᠴᠢ

      ᠬᠣᠨᠢᠴᠢᠨ ᠰᠣᠨᠢᠨᠪᠢᠯᠢᠭ᠌ 
ᠬᠥᠮᠥᠭᠡᠢᠯᠡᠵᠦ ᠪᠣᠰᠤᠭᠰᠠᠨ ᠮᠠᠩᠬ᠎ᠠ ᠨᠢ 
ᠨᠠᠭᠤᠷ ᠢ᠋ᠶ᠋ᠠᠨ ᠨᠥᠮᠥᠷᠳᠡᠭᠰᠡᠨ ᠭᠠᠢᠬᠠᠮᠰᠢᠭ 
ᠨᠠᠭᠤᠷ ᠲᠠᠭᠠᠨ ᠳᠡᠪᠳᠡᠷᠢᠭᠰᠡᠨ ᠬᠤᠨ ᠨᠢ 
ᠨᠤᠲᠤᠭ ᠢ᠋ᠶ᠋ᠠᠨ ᠰᠠᠬᠢᠭᠰᠠᠨ ᠦᠵᠡᠰᠬᠦᠯᠡᠩ 

ᠬᠣᠯᠠ ᠳ᠋ᠤ᠌ ᠴᠡᠩᠬᠡᠷᠯᠡᠬᠦ ᠲᠩᠷᠢ 
ᠬᠦᠰᠡᠯ ᠰᠣᠷᠢᠭᠰᠠᠨ ᠠᠷᠭᠠᠮᠵᠢᠶ᠎ᠠ 
ᠬᠣᠪᠢᠨ ᠳ᠋ᠠᠭᠠᠨ ᠥᠮᠴᠢᠷᠬᠡᠬᠦ ᠳᠡᠯᠡᠬᠡᠢ 
ᠢᠲᠡᠭᠡᠯ ᠰᠢᠭᠤᠭᠰᠠᠨ ᠥᠯᠥᠭᠡᠢ 

ᠨᠡᠷᠡᠲᠦ ᠶ᠋ᠢᠨ ᠠᠭᠤᠵᠢᠮ ᠵᠠᠢ ᠶ᠋ᠢ
ᠪᠠᠭᠲᠠᠭᠠᠵᠤ ᠴᠢᠳᠠᠭᠰᠠᠨ ᠶᠢᠷᠲᠢᠨᠴᠦ
ᠨᠡᠷ᠎ᠡ ᠶ᠋ᠢ ᠴᠢᠨᠢ ᠳᠠᠬᠢᠨ ᠳᠠᠭᠤᠳᠠᠬᠤ ᠦᠭᠡᠢ ᠴᠦ᠍
ᠵᠡᠭᠦᠳᠦᠯᠡᠵᠦ ᠬᠣᠨᠣᠬᠤ ᠳ᠋ᠧᠪᠠᠵᠠᠨ

ᠬᠦᠯᠦᠭ ᠦ᠋ᠨ ᠲᠠᠮᠢᠷ ᠰᠢᠨᠳᠠᠰᠤ ᠶ᠋ᠢ
ᠰᠢᠯᠭᠠᠵᠤ ᠰᠣᠷᠢᠬᠤ ᠭᠠᠵᠠᠷ
ᠬᠥᠮᠦᠨ ᠦ᠌ ᠮᠥᠰᠥ ᠴᠢᠨᠠᠷ ᠢ᠋
ᠦᠵᠡᠵᠦ ᠭᠠᠷᠬᠤ ᠣᠷᠣᠨ
ᠬᠥᠪᠴᠢ ᠮᠢᠨᠢ!

   ᠦᠰᠦᠭ ᠠᠮᠢᠯᠠᠭᠤᠯᠤᠭᠰᠠᠨ ᠨᠢ᠄ ᠦᠯᠵᠡᠢᠪᠠᠭᠠᠲᠤᠷ
   ᠬᠢᠨᠠᠭᠰᠠᠨ ᠨᠢ᠄ ᠰᠡᠬᠡᠭᠡᠷᠡᠯ