ᠬᠣᠶᠠᠷ ᠮᠣᠷᠢХоёр морь _ Hoyor mori _ Монгол үлгэр _Mongol ulger ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠮᠣᠷᠢХоёр морь _ Hoyor mori _ Монгол үлгэр _Mongol ulger

ᠬᠣᠶᠠᠷ ᠮᠣᠷᠢХоёр морь _ Hoyor mori _ Монгол үлгэр _Mongol ulger

ᠠᠩᠭᠢᠯᠠᠯ:ᠳᠣᠮᠣᠭ ᠦᠯᠢᠭᠡᠷ
2023-07-08

513

ᠬᠣᠶᠠᠷ ᠮᠣᠷᠢ

                      ᠦᠯᠢᠭᠡᠷ ᠳᠣᠮᠣᠭ
    ᠡᠷᠲᠡ ᠤᠷᠢᠳᠤ ᠶᠢᠨ ᠴᠠᠭ ᠲᠤ᠌ ᠬᠣᠯᠠ ᠭᠠᠵᠠᠷ ᠬᠤᠳᠠᠯᠳᠤᠭᠳᠠᠭᠰᠠᠨ ᠬᠣᠶᠠᠷ ᠮᠣᠷᠢ ᠡᠬᠡ ᠨᠤᠲᠤᠭ ᠢᠶᠠᠨ ᠰᠠᠨᠠᠵᠤ ᠬᠠᠷᠢᠬᠤ ᠪᠠᠷ ᠭᠦᠶᠦᠵᠦ ᠶᠠᠪᠤᠲᠠᠯ᠎ᠠ᠂ ᠬᠥᠭᠰᠢᠨ ᠨᠢᠭᠡ ᠨᠢ ᠬᠠᠷᠢᠵᠤ ᠴᠢᠳᠠᠬᠤ ᠦᠭᠡᠢ᠂ ᠵᠠᠮ ᠳ᠋ᠠᠭᠠᠨ ᠬᠣᠴᠣᠷᠬᠤ ᠪᠣᠯᠵᠠᠢ᠃ ᠲᠡᠭᠡᠭᠡᠳ ᠵᠠᠯᠠᠭᠤ ᠮᠣᠷᠢᠨ ᠳ᠋ᠠᠭᠠᠨ᠄《ᠵᠠ᠂ ᠵᠠᠯᠠᠭᠤ ᠳᠡᠭᠦᠦ ᠮᠢᠨᠢ᠂ ᠵᠠᠮ ᠳ᠋ᠠᠭᠠᠨ ᠰᠠᠢᠨ ᠶᠠᠪᠤᠭᠠᠳ ᠬᠠᠷᠢᠭᠠᠷᠠᠢ᠃ ᠬᠥᠭᠰᠢᠨ ᠠᠬ᠎ᠠ ᠴᠢᠨᠢ ᠣᠳᠣ ᠦᠬᠦᠬᠦ ᠪᠣᠯᠤᠯ᠎ᠠ᠃ ᠳᠡᠭᠦᠦ ᠮᠢᠨᠢ᠃ ᠪᠣᠯᠵᠣᠭ᠎ᠠ ᠦᠭᠡᠢ ᠵᠠᠮ ᠢᠶᠠᠷ ᠪᠤᠤ ᠶᠠᠪᠤᠭᠠᠷᠠᠢ᠃ ᠪᠥᠷᠲᠥᠯᠵᠡᠭᠰᠡᠨ ᠶᠠᠭᠤᠮᠠᠨ ᠳᠡᠭᠡᠷ᠎ᠡ ᠪᠢᠲᠡᠭᠡᠢ ᠣᠴᠢᠭᠠᠷᠠᠢ᠃ ᠪᠣᠭᠣᠯᠲᠠ ᠲᠠᠢ ᠶᠠᠭᠤᠮ᠎ᠠ ᠶ᠋ᠢ ᠪᠤᠤ ᠵᠠᠳᠠᠯᠤᠭᠠᠷᠠᠢ》ᠭᠡᠵᠦ ᠵᠠᠬᠢᠭᠠᠳ ᠬᠣᠴᠣᠷᠴᠠᠢ ᠭᠡᠨ᠎ᠡ᠃ ᠵᠠᠯᠠᠭᠤ ᠮᠣᠷᠢ ᠨᠢ ᠵᠠᠮ ᠢᠶᠠᠷ ᠣᠷᠣᠭᠠᠳ ᠶᠠᠪᠤᠵᠤ ᠪᠠᠢᠲᠠᠯ᠎ᠠ ᠨᠢᠭᠡ ᠪᠥᠷᠲᠥᠯᠵᠡᠭᠰᠡᠨ ᠪᠣᠷᠣ ᠶᠠᠭᠤᠮᠠᠨ ᠤ᠋ ᠪᠠᠷᠠᠭ᠎ᠠ ᠬᠠᠷᠠᠭᠳᠠᠵᠠᠢ ᠭᠡᠨ᠎ᠡ᠃ ᠲᠡᠭᠦᠨ ᠢ᠋ ᠣᠴᠢᠵᠤ ᠦᠵᠡᠬᠦ ᠶᠦᠮ ᠰᠠᠨ ᠭᠡᠵᠦ ᠪᠣᠳᠣᠭᠠᠳ ᠲᠡᠰᠴᠦ ᠴᠢᠳᠠᠭᠰᠠᠨ ᠦᠭᠡᠢ ᠭᠦᠶᠦᠵᠦ ᠣᠴᠢᠲᠠᠯ᠎ᠠ ᠤᠭᠤᠲᠠᠨ ᠳ᠋ᠤ᠌ ᠬᠢᠭᠰᠡᠨ ᠶᠠᠭᠤᠮᠠᠨ ᠤ᠋ ᠠᠮᠠ ᠨᠢ ᠪᠣᠭᠣᠯᠲᠠ ᠲᠠᠢ ᠪᠥᠭᠡᠳ ᠳᠣᠲᠣᠷ᠎ᠠ ᠨᠢ ᠠᠮᠢᠲᠠᠨ ᠪᠠᠢᠭ᠎ᠠ ᠪᠣᠯᠤᠯᠲᠠᠢ ᠬᠥᠳᠡᠯᠵᠦ ᠪᠠᠢᠵᠠᠢ᠃ ᠲᠡᠭᠦᠨ ᠦ᠌ ᠳᠣᠲᠣᠷ᠎ᠠ ᠠ᠋ᠴᠠ ᠶᠠᠭᠤ ᠭᠠᠷᠬᠤ ᠪᠣᠯ? ᠦᠵᠡᠬᠦ ᠰᠠᠨ ᠭᠡᠵᠦ ᠲᠡᠰᠴᠦ ᠶᠠᠳᠠᠭᠠᠳ ᠰᠣᠨᠢᠷᠬᠠᠨ ᠠᠮᠠ ᠶ᠋ᠢ ᠵᠠᠳᠠᠯᠲᠠᠯ᠎ᠠ ᠳᠣᠲᠣᠷ᠎ᠠ ᠠ᠋ᠴᠠ ᠨᠢ ᠨᠢᠭᠡ ᠲᠣᠮᠣ ᠥᠯᠥᠰᠦᠭᠰᠡᠨ ᠴᠢᠨ᠋ᠸ᠎ᠠ ᠭᠠᠷᠴᠤ ᠢᠷᠡᠭᠡᠳ᠄ 《ᠴᠢ ᠶᠠᠭᠤ ᠪᠠᠷ ᠮᠢᠨᠦ ᠪᠣᠭᠣᠳᠠᠯ ᠢ᠋ ᠵᠠᠳᠠᠯᠪᠠ? ᠪᠢ ᠨᠢᠭᠡ ᠪᠠᠶᠠᠨ ᠠᠢᠯ ᠤ᠋ᠨ ᠮᠠᠯ ᠠ᠋ᠴᠠ ᠪᠠᠷᠢᠵᠤ ᠢᠳᠡᠭᠰᠡᠭᠡᠷ ᠪᠠᠢᠲᠠᠯ᠎ᠠ ᠲᠡᠷᠡ ᠠᠢᠯ ᠤ᠋ᠨ ᠡᠵᠡᠨ ᠨᠠᠮᠠᠶ᠋ᠢ ᠴᠢᠨᠦ ᠠᠳᠠᠯᠢ ᠬᠤᠷᠳᠤᠨ ᠮᠣᠷᠢ ᠪᠠᠷ ᠢᠶᠠᠨ ᠬᠥᠭᠡᠭᠡᠨ ᠭᠦᠢᠴᠡᠵᠦ ᠪᠠᠷᠢᠵᠤ ᠠᠪᠤᠭᠠᠳ ᠡᠨᠡᠬᠦ ᠤᠭᠤᠲᠠᠨ ᠳ᠋ᠤ᠌ ᠬᠢᠵᠦ ᠣᠷᠬᠢᠭᠰᠠᠨ ᠪᠢᠯᠡ᠃ ᠡᠢᠮᠦ ᠳ᠋ᠦ᠍ ᠣᠳᠣ ᠪᠢ ᠴᠢᠮᠠᠶ᠋ᠢ ᠢᠳᠡᠨ᠎ᠡ》ᠭᠡᠳ ᠪᠠᠷᠢᠬᠤ ᠪᠠᠷ ᠵᠠᠪᠳᠤᠲᠠᠯ᠎ᠠ᠂ ᠨᠢᠭᠡ ᠲᠠᠤᠯᠠᠢ ᠶᠠᠪᠤᠵᠤ ᠪᠠᠢᠭᠠᠳ ᠲᠡᠷᠡ ᠬᠣᠶᠠᠷ ᠢ᠋ ᠦᠵᠡᠮᠡᠭᠴᠡ᠄ 《ᠲᠠ ᠬᠣᠶᠠᠷ ᠶᠠᠭᠤ ᠬᠢᠵᠦ ᠪᠠᠢᠭ᠎ᠠ ᠶᠤᠮ ᠪᠣᠢ? 》ᠭᠡᠵᠦ ᠠᠰᠠᠭᠤᠪᠠ᠃ ᠲᠡᠳᠡ ᠦᠨᠡᠨ ᠪᠠᠢᠳᠠᠯ ᠤᠴᠢᠷ ᠢᠶᠠᠨ ᠲᠣᠭᠠᠴᠠᠭᠰᠠᠨ ᠳ᠋ᠤ᠌ ᠲᠠᠤᠯᠠᠢ ᠮᠣᠷᠢᠨ ᠤ᠋ ᠠᠮᠢᠨ ᠳ᠋ᠤ᠌ ᠣᠷᠣᠬᠤ ᠠᠷᠭ᠎ᠠ ᠪᠣᠳᠣᠵᠤ ᠡᠢᠨ ᠥᠭᠦᠯᠡᠷᠦᠨ᠄ 《ᠦᠭᠡᠢ ᠃ ᠴᠢᠨ᠋ᠸ᠎ᠠ ᠭᠤᠸᠠᠢ᠂ ᠲᠠ ᠡᠢᠮᠦ ᠰᠠᠢᠬᠠᠨ ᠲᠣᠮᠣ ᠠᠮᠢᠲᠠᠨ ᠪᠠᠢᠲᠠᠯ᠎ᠠ ᠤᠭᠤᠲᠠᠨ ᠳ᠋ᠤ᠌ ᠬᠢᠯᠭᠡᠵᠦ ᠠᠮᠠ ᠨᠢ ᠪᠣᠭᠣᠯᠲᠠ ᠲᠠᠢ ᠬᠡᠪᠲᠡᠵᠦ ᠪᠠᠢᠨ᠎ᠠ ᠭᠡᠳᠡᠭ ᠴᠢᠨᠢ ᠬᠤᠳᠠᠯ ᠪᠢᠵᠡ᠃ ᠬᠡᠷᠪᠡ ᠦᠨᠡᠨ ᠪᠣᠯ ᠪᠢ ᠬᠠᠷᠢᠨ ᠡᠨᠡ ᠮᠣᠷᠢᠨ ᠳᠡᠭᠡᠷ᠎ᠡ ᠥᠪᠡᠷ ᠦ᠋ᠨ ᠪᠡᠶ᠎ᠡ ᠶ᠋ᠢ ᠱᠠᠩᠨᠠᠯ ᠳ᠋ᠤᠨᠢ ᠥᠭᠴᠦ ᠢᠳᠡᠭᠦᠯᠦᠶ᠎ᠡ》ᠭᠡᠯ᠎ᠡ᠃ ᠲᠡᠭᠡᠬᠦ ᠳ᠋ᠦ᠍ ᠴᠢᠨ᠋ᠸ᠎ᠠ᠄ 《ᠦᠨᠡᠨ᠂ ᠪᠢ ᠡᠨᠡ ᠤᠭᠤᠲᠠᠨ ᠳ᠋ᠤ᠌ ᠪᠠᠢᠭᠰᠠᠨ》ᠭᠡᠵᠦ ᠬᠡᠯᠡᠵᠡᠢ᠃
    ᠲᠠᠤᠯᠠᠢ᠄ 《ᠡᠷᠬᠢᠮ ᠴᠢᠨ᠋ᠸ᠎ᠠ ᠭᠤᠸᠠᠢ᠂ ᠲᠠ ᠡᠨᠡ ᠤᠭᠤᠲᠠᠨ ᠳ᠋ᠤ᠌ ᠶᠠᠭᠠᠬᠢᠵᠤ ᠪᠠᠭᠲᠠᠬᠤ ᠪᠢᠯᠡ? ᠪᠢ ᠨᠢᠳᠦ ᠪᠡᠷ ᠦᠵᠡᠭᠡ ᠦᠭᠡᠢ ᠳ᠋ᠡᠭᠡᠨ ᠦᠨᠡᠮᠰᠢᠬᠦ ᠦᠭᠡᠢ》ᠭᠡᠬᠦ ᠳ᠋ᠦ᠍ ᠴᠢᠨ᠋ᠸ᠎ᠠ ᠮᠣᠷᠢ ᠲᠠᠤᠯᠠᠢ ᠬᠣᠶᠠᠷ ᠢ᠋ ᠬᠣᠶᠠᠭᠤᠯᠠ ᠶ᠋ᠢ ᠨᠢ ᠢᠳᠡᠬᠦ ᠪᠡᠷ ᠪᠣᠳᠣᠵᠤ ᠨᠥᠬᠥᠭᠡ ᠤᠭᠤᠲᠠᠨ ᠳ᠋ᠠᠭᠠᠨ ᠳᠠᠬᠢᠨ ᠣᠷᠣᠭᠠᠳ ᠲᠣᠯᠣᠭᠠᠢ ᠪᠠᠨ ᠬᠠᠷᠠᠬᠠᠨ ᠳᠠᠯᠳᠠ ᠣᠷᠣᠭᠤᠯᠤᠭ᠎ᠠ ᠦᠭᠡᠢ ᠪᠠᠢᠬᠤ ᠳ᠋ᠤ᠌ ᠲᠠᠤᠯᠠᠢ᠄ 《ᠵᠠ᠂ ᠲᠡᠷᠡ᠂ ᠲᠣᠯᠣᠭᠠᠢ ᠴᠢᠨᠢ ᠪᠠᠭᠲᠠᠬᠤ ᠦᠭᠡᠢ ᠪᠠᠢᠨ᠎ᠠ》ᠭᠡᠵᠦ ᠬᠠᠰᠭᠢᠷᠠᠮᠠᠭᠴᠠ ᠴᠢᠨ᠋ᠸ᠎ᠠ ᠲᠣᠯᠣᠭᠠᠢ ᠪᠠᠨ ᠳᠠᠯᠳᠠ ᠣᠷᠣᠭᠤᠯᠤᠯ᠎ᠠ᠃ ᠲᠠᠤᠯᠠᠢ ᠲᠡᠷᠡ ᠳᠠᠷᠤᠢ ᠤᠭᠤᠲᠠᠨ ᠤ᠋ ᠠᠮᠠ ᠶ᠋ᠢ ᠬᠠᠭᠤᠴᠢᠨ ᠬᠡᠪ ᠢᠶᠠᠷ ᠨᠢ ᠪᠣᠭᠣᠵᠤ ᠣᠷᠬᠢᠯ᠎ᠠ᠃ ᠢᠩᠭᠢᠭᠡᠳ ᠥᠴᠦᠬᠡᠨ ᠪᠡᠶ᠎ᠡ ᠲᠡᠢ ᠪᠣᠯᠪᠠᠴᠤ ᠠᠷᠭ᠎ᠠ ᠤᠬᠠᠭᠠᠨ ᠲᠠᠢ ᠲᠠᠤᠯᠠᠢ ᠶ᠋ᠢᠨ ᠭᠠᠪᠢᠶ᠎ᠠ ᠪᠠᠷ ᠠᠮᠢ ᠭᠠᠷᠤᠭᠰᠠᠨ ᠵᠠᠯᠠᠭᠤ ᠮᠣᠷᠢ ᠨᠤᠲᠤᠭ ᠲᠠᠭᠠᠨ ᠣᠴᠢᠭᠠᠳ ᠰᠠᠢᠨ ᠡᠷ᠎ᠡ ᠶ᠋ᠢᠨ ᠢᠲᠡᠭᠡᠯᠲᠦ ᠬᠦᠯᠦᠭ ᠪᠣᠯᠤᠭᠠᠳ ᠠᠮᠤᠷ ᠰᠠᠢᠬᠠᠨ ᠳ᠋ᠠᠭᠠᠨ ᠵᠢᠷᠭᠠᠭᠰᠠᠨ ᠭᠡᠳᠡᠭ᠃

   ᠦᠰᠦᠭ ᠠᠮᠢᠯᠠᠭᠤᠯᠤᠭᠴᠢ᠄ ᠢᠷᠠᠭᠤᠬᠠᠨ
   ᠦᠰᠦᠭ ᠬᠠᠲᠠᠭᠰᠠᠨ᠄ ᠢᠷᠠᠭᠤᠬᠠᠨ