ᠠᠳᠤᠭᠤᠨ ᠤ ᠮᠢᠨᠢ ᠲᠠᠯ᠎ᠠ- ᠲ᠊· ᠬᠦᠮᠦᠵᠢᠯᠲᠦАдууны минь тал-т· гөмүжилд ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤᠨ ᠤ ᠮᠢᠨᠢ ᠲᠠᠯ᠎ᠠ- ᠲ᠊· ᠬᠦᠮᠦᠵᠢᠯᠲᠦАдууны минь тал-т· гөмүжилд

ᠠᠳᠤᠭᠤᠨ ᠤ ᠮᠢᠨᠢ ᠲᠠᠯ᠎ᠠ- ᠲ᠊· ᠬᠦᠮᠦᠵᠢᠯᠲᠦАдууны минь тал-т· гөмүжилд

ᠠᠳᠤᠭᠤᠨ ᠤ ᠮᠢᠨᠢ ᠲᠠᠯ᠎ᠠ

   ᠰᠢᠯᠦᠭ᠄ ᠲ᠊· ᠬᠦᠮᠦᠵᠢᠯᠲᠦ 
   ᠤᠶᠠᠩᠭᠠᠯᠠᠭᠴᠢ᠄ ᠠᠮᠢᠨᠵᠶᠠᠭ᠎ᠠ 
ᠰᠠᠯᠬᠢ ᠨᠢ ᠵᠡᠷᠭᠡᠯᠭᠡᠨ ᠲᠠᠲᠠᠵᠤ ᠰᠠᠢᠬᠠᠨ ᠪᠥᠵᠢᠭᠯᠡᠳᠡᠭ 
ᠰᠠᠮᠠᠭᠠᠨ ᠪᠤᠭᠤᠷᠤᠯ ᠡᠵᠢ ᠮᠢᠨᠢ ᠰᠠᠷᠠᠨ ᠲᠠᠯ᠎ᠠ ᠳ᠋ᠤ᠌ ᠨᠢ ᠪᠥᠭᠴᠥᠭᠡᠨᠡᠳᠡᠭ 
ᠲᠡᠭᠷᠢᠯᠢᠭ ᠠᠳᠤᠭᠤᠨ ᠤ᠋ ᠮᠢᠨᠢ ᠲᠡᠪᠳᠡᠷᠯᠢᠭ ᠲᠡᠦᠬᠡ 
ᠲᠡᠩᠴᠡᠰᠢ ᠦᠭᠡᠢ ᠪᠠᠶᠠᠨ ᠳᠡᠯᠭᠡᠷ ᠮᠣᠩᠭᠣᠯ ᠵᠤᠰᠠᠭᠠᠯ 
ᠠᠳᠤᠭᠤᠨ ᠤ᠋ ᠮᠢᠨᠢ ᠲᠠᠯ᠎ᠠ ᠠ᠋ 
ᠪᠣᠷᠣᠭᠠᠯᠠᠬᠤ ᠳ᠋ᠤ᠌ ᠲᠤᠯᠤᠭᠠᠳ ᠨᠢ ᠬᠥᠬᠡᠷᠡᠵᠦ ᠬᠠᠷᠠᠭᠳᠠᠳᠠᠭ 
ᠪᠤᠲᠠᠷᠠᠭᠰᠠᠨ ᠮᠣᠩᠭᠣᠯ ᠢ᠋ᠶ᠋ᠠᠨ ᠬᠡᠪᠡᠯᠢ ᠳ᠋ᠦ᠍ ᠪᠡᠨ ᠦᠷᠦᠪᠴᠢᠯᠡᠨ ᠡᠨᠡᠷᠢᠳᠡᠭ 
ᠡᠷᠲᠡ ᠶ᠋ᠢᠨ ᠰᠢᠭᠦᠳᠡᠷᠢ ᠪᠡᠷ ᠳᠡᠯᠡᠬᠡᠢ ᠶ᠋ᠢ ᠴᠢᠮᠡᠳᠡᠭ 
ᠡᠷ᠎ᠡ ᠶ᠋ᠢᠨ ᠵᠣᠷᠢᠭ ᠢ᠋ᠶ᠋ᠠᠷ ᠬᠥᠪᠡᠭᠦᠳ ᠢ᠋ᠶ᠋ᠡᠷ ᠵᠣᠳᠣᠭᠯᠠᠳᠠᠭ 
ᠵᠢᠷᠣᠭ᠎ᠠ ᠮᠣᠷᠢᠳ ᠤ᠋ᠨ ᠢ᠋ᠶ᠋ᠠᠷ ᠤᠶᠠᠩᠭᠠᠨ ᠬᠠᠲᠠᠷᠢᠭ᠎ᠠ ᠪᠠᠷ 
ᠴᠢᠬᠢᠨ ᠦ᠌ ᠨᠠᠮᠠᠭ᠎ᠠ ᠶ᠋ᠢ ᠪᠠᠶᠠᠰᠬᠠᠳᠠᠭ 
ᠵᠣᠳᠣᠭᠲᠤ ᠬᠥᠪᠡᠭᠦᠳ ᠦ᠋ᠨ ᠢ᠋ᠶ᠋ᠡᠷ ᠣᠮᠣᠭᠯᠠᠩ ᠳᠠᠪᠢᠯᠲᠠ ᠪᠠᠷ
ᠵᠣᠷᠢᠭ ᠤ᠋ᠨ ᠰᠣᠷᠢᠭ᠎ᠠ ᠲᠠᠢ ᠵᠡᠷᠭᠡᠯᠭᠡᠨ ᠲᠠᠲᠠᠳᠠᠭ
ᠣᠢᠴᠢᠬᠤ ᠳ᠋ᠤ᠌ ᠡᠨᠡᠷᠢᠨ ᠬᠠᠢᠯᠠᠵᠤ ᠣᠭ᠌ᠶᠤ ᠬᠡᠪᠢᠰ ᠢ᠋ᠶ᠋ᠡᠷ ᠳᠡᠯᠭᠡᠳᠡᠭ
ᠤᠢᠰᠬᠤ ᠳ᠋ᠤ᠌ ᠬᠠᠢᠷ᠎ᠠ ᠪᠠᠨ ᠥᠭᠴᠦ ᠣᠷᠴᠢᠯᠠᠩ ᠳ᠋ᠤ᠌ ᠦᠭᠡᠢ ᠤᠶᠠᠷᠠᠨ ᠭᠡᠭᠡᠯᠵᠡᠳᠡᠭ
ᠠᠳᠤᠭᠤᠨ ᠤ᠋ ᠮᠢᠨᠢ ᠴᠡᠩᠬᠡᠷ ᠲᠠᠯ᠎ᠠ
ᠰᠣᠳᠣᠨ ᠬᠥᠪᠡᠭᠦᠳ ᠨᠢ ᠰᠢᠷᠣᠢ ᠡᠮᠬᠦᠨ ᠪᠠᠢᠵᠤ ᠬᠥᠯ ᠳ᠋ᠦ᠍ ᠣᠷᠣᠳᠠᠭ
ᠰᠤᠮᠤᠨ ᠬᠦᠯᠦᠭ ᠦ᠋ᠳ ᠨᠢ ᠲᠠᠰᠢᠭᠤᠷ ᠠᠮᠰᠠᠨ ᠪᠠᠢᠵᠤ ᠬᠢᠯᠢ ᠳᠠᠪᠠᠳᠠᠭ
ᠡᠭᠦᠯᠡᠰ ᠣᠨᠢ ᠰᠠᠷᠢᠳᠠᠭ ᠢ᠋ᠶ᠋ᠠᠨ ᠢᠯᠪᠢᠨ ᠰᠠᠯᠵᠤ ᠶᠠᠳᠠᠨ ᠬᠣᠷᠭᠣᠳᠠᠳᠠᠭ
ᠥᠨᠳᠥᠷ ᠲᠡᠭᠷᠢ ᠨᠢ ᠪᠦᠷᠭᠦᠳ ᠢ᠋ᠶ᠋ᠡᠷ ᠡᠩᠬᠦᠷᠡᠢᠯᠡᠵᠦ ᠡᠩᠭᠡᠷ ᠲᠦ᠍ ᠪᠡᠨ ᠮᠥᠩᠬᠡᠯᠡᠳᠡᠭ
ᠰᠠᠷᠠ ᠨᠢ ᠠᠮᠢᠳᠤᠷᠠᠯ ᠪᠠᠶᠠᠰᠬᠠᠨ ᠰᠥᠨᠢ ᠶ᠋ᠢᠨ ᠲᠡᠭᠷᠢ ᠪᠡᠨ ᠰᠦᠯᠡᠳᠡᠭ
ᠰᠠᠢᠬᠠᠨ ᠪᠦᠰᠡᠭᠦᠢᠴᠦᠳ ᠨᠢ ᠨᠥᠬᠥᠷ ᠢ᠋ᠶ᠋ᠡᠷ ᠭᠤᠶᠤᠵᠤ ᠲᠡᠷᠯᠢᠭ ᠦ᠋ᠨ ᠢ᠋ᠶ᠋ᠡᠷ ᠲᠣᠪᠴᠢ ᠶ᠋ᠢ ᠮᠥᠩᠭᠥᠯᠡᠳᠡᠭ
ᠣᠳᠣᠳ ᠨᠢ ᠬᠦᠷᠲᠡᠯ᠎ᠡ ᠠᠨᠢᠪᠴᠢᠨ ᠪᠠᠢᠵᠤ ᠵᠢᠩᠴᠢᠨ ᠬᠦᠦ ᠪᠡᠨ ᠵᠠᠮᠴᠢᠯᠠᠳᠠᠭ
ᠣᠪᠣᠭ᠎ᠠ ᠬᠠᠢᠷᠬᠠᠳ ᠨᠢ ᠰᠦᠮᠪᠦᠷᠯᠡᠨ ᠴᠡᠩᠬᠡᠷᠯᠡᠵᠦ ᠣᠩᠭᠣᠨ ᠨᠤᠲᠤᠭ ᠢ᠋ᠶ᠋ᠠᠨ ᠬᠠᠮᠠᠭᠠᠯᠠᠳᠠᠭ
ᠠᠷᠭᠠᠯ ᠤ᠋ᠨ ᠤᠲᠤᠭ᠎ᠠ ᠨᠢ ᠠᠮᠢᠳᠤᠷᠠᠯ ᠪᠡᠯᠭᠡᠳᠡᠨ ᠲᠡᠭᠷᠢ ᠪᠠᠭᠠᠨᠠᠳᠠᠨ ᠬᠠᠷᠠᠭᠳᠠᠳᠠᠭ
ᠠᠲᠠᠷ ᠤ᠋ᠨ ᠤᠨᠢᠶᠠᠷ ᠨᠢ ᠮᠣᠩᠭᠣᠯ ᠳᠠᠷᠬᠠᠯᠠᠵᠤ ᠳᠡᠯᠡᠬᠡᠢ ᠴᠢᠮᠡᠨ ᠰᠤᠷᠵᠢᠳᠠᠭ
ᠷᠠᠰᠢᠶᠠᠨ ᠤᠰᠤ ᠨᠢ ᠷᠢᠳᠢ ᠰᠢᠳᠢᠯᠡᠵᠤ ᠰᠠᠷᠠᠯ ᠣᠶᠤᠨ ᠢ᠋ ᠰᠡᠯᠪᠢᠳᠡᠭ
ᠠᠷᠭᠤᠮᠠᠭ ᠤ᠋ᠨ ᠲᠣᠭᠣᠰᠣ ᠨᠢ ᠥᠯᠵᠡᠢ ᠵᠠᠩᠭᠢᠳᠴᠤ ᠠᠯᠲᠠᠨ ᠨᠤᠲᠤᠭ ᠢ᠋ᠶ᠋ᠠᠨ ᠭᠣᠶᠣᠳᠠᠭ
ᠪᠡᠷᠬᠡ ᠶ᠋ᠢ ᠦᠵᠡ ᠭᠡᠵᠦ ᠴᠢᠯᠠᠭᠤᠳ ᠨᠢ ᠥᠯᠮᠡᠢ ᠳᠣᠣᠷ᠎ᠠ ᠬᠠᠲᠠᠭᠤᠷᠠᠵᠤ ᠲᠠᠨᠢᠭᠳᠠᠳᠠᠭ
ᠡᠷᠬᠡ ᠶ᠋ᠢ ᠰᠤᠷ ᠭᠡᠵᠦ ᠪᠠᠭᠠᠲᠤᠷ ᠤ᠋ᠳ ᠨᠢ ᠢᠯᠳᠦ ᠪᠥᠵᠢᠭᠯᠡᠨ ᠵᠣᠭᠰᠣᠭ᠎ᠠ ᠪᠠᠷ ᠨᠥᠭᠴᠢᠳᠡᠭ
ᠳᠤᠷᠠᠰᠤᠯ ᠳ᠋ᠤ᠌ ᠬᠦᠪᠦᠷᠡᠬᠦ ᠠᠳᠤᠭᠤᠨ ᠤ᠋ ᠮᠢᠨᠢ ᠴᠡᠩᠬᠡᠷ ᠲᠠᠯ᠎ᠠ
ᠳᠣᠮᠣᠭ ᠲᠤ᠌ ᠮᠥᠩᠬᠡᠷᠡᠬᠦ ᠠᠯᠲᠠᠨ ᠰᠢᠷᠣᠢᠲᠤ ᠡᠬᠡ ᠣᠷᠣᠨ ᠮᠢᠨᠢ ᠠ᠋

   ᠦᠰᠦᠭ ᠠᠮᠢᠯᠠᠭᠤᠯᠤᠭᠴᠢ᠄ ᠰᠡᠷᠭᠦᠯᠡᠩ
   ᠦᠰᠦᠭ ᠬᠠᠲᠠᠭᠴᠢ᠄ ᠰᠡᠷᠭᠦᠯᠡᠩ
   ᠬᠢᠨᠠᠭᠴᠢ ᠪᠠᠭᠰᠢ᠄ ᠢᠷᠡᠭᠡᠳᠦᠢ