ᠪᠡᠶ᠎ᠡ ᠶ᠋ᠢᠨ ᠰᠤᠪᠢᠯᠠᠯᠲᠠ ᠳᠤ ᠢᠲ‍ᠡᠭᠡᠨ ᠤᠮᠲ‍ᠠᠭᠠᠨ ᠤ ᠰᠤᠪᠢᠯᠠᠯᠲᠠ ᠨᠢ ᠨᠡᠩ ᠴᠢᠬᠤᠯᠠ – ᠨᠠᠭᠤᠨᠪᠢᠯᠢᠭ᠌ Биеийн сувилалтад идээн ундааны сувилалт нь нэн чухал – Нагунбилиг ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠶ᠎ᠡ ᠶ᠋ᠢᠨ ᠰᠤᠪᠢᠯᠠᠯᠲᠠ ᠳᠤ ᠢᠲ‍ᠡᠭᠡᠨ ᠤᠮᠲ‍ᠠᠭᠠᠨ ᠤ ᠰᠤᠪᠢᠯᠠᠯᠲᠠ ᠨᠢ ᠨᠡᠩ ᠴᠢᠬᠤᠯᠠ – ᠨᠠᠭᠤᠨᠪᠢᠯᠢᠭ᠌ Биеийн сувилалтад идээн ундааны сувилалт нь нэн чухал – Нагунбилиг

ᠪᠡᠶ᠎ᠡ ᠶ᠋ᠢᠨ ᠰᠤᠪᠢᠯᠠᠯᠲᠠ ᠳᠤ ᠢᠲ‍ᠡᠭᠡᠨ ᠤᠮᠲ‍ᠠᠭᠠᠨ ᠤ ᠰᠤᠪᠢᠯᠠᠯᠲᠠ ᠨᠢ ᠨᠡᠩ ᠴᠢᠬᠤᠯᠠ – ᠨᠠᠭᠤᠨᠪᠢᠯᠢᠭ᠌ Биеийн сувилалтад идээн ундааны сувилалт нь нэн чухал – Нагунбилиг

ᠠᠩᠭᠢᠯᠠᠯ:ᠡᠷᠡᠭᠦᠯ ᠡᠩᠬᠡ
2023-07-08

1253

ᠪᠡᠶ᠎ᠡ ᠶ᠋ᠢᠨ ᠰᠤᠪᠢᠯᠠᠯᠲᠠ ᠳᠤ ᠢᠲ‍ᠡᠭᠡᠨ ᠤᠮᠲ‍ᠠᠭᠠᠨ ᠤ ᠰᠤᠪᠢᠯᠠᠯᠲᠠ ᠨᠢ ᠨᠡᠩ ᠴᠢᠬᠤᠯᠠ


       ᠣᠲ‍ᠣᠬᠢ ᠨᠡᠶ᠋ᠢᠭᠡᠮ ᠳ᠋ᠤ᠌ ᠢᠲ‍ᠡᠭᠡᠨ ᠤᠮᠲ‍ᠠᠭᠠᠨ ᠪ ᠰᠤᠪᠢᠯᠠᠯᠲᠠ ᠶ᠋ᠢ ᠡᠷᠬᠢᠮᠯᠡᠬᠦ ᠨᠢ ᠨᠡᠩ ᠴᠢᠬᠤᠯᠠ ᠪᠣᠯᠤᠭᠠᠳ ᠪᠠᠶ᠋ᠢᠨ᠎ᠠ᠃ ᠬᠠᠮᠢᠶ᠎ᠠ ᠪᠥᠬᠥᠢ ᠰᠤᠲ‍ᠤᠯᠭᠠᠨ ᠪ ᠳ᠋ᠦ᠋ᠩ  ᠦ᠋ᠨ ᠢᠯᠡᠷᠡᠭᠦᠯᠦᠭᠰᠡᠨ ᠶ᠋ᠢᠡᠷ᠂ ᠣᠲ‍ᠣᠬᠠᠨ  ᠳ᠋ᠤ᠌ ᠪᠦᠬᠦ ᠳᠡᠯᠡᠬᠡᠢ ᠶ᠋ᠢᠨ ᠬᠡᠪᠴᠢᠶᠡᠨ ᠳ᠋ᠤ᠌ ᠨᠠᠵᠠᠭᠠᠢ ᠲᠠᠯ᠎ᠠ ᠶ᠋ᠢᠨ ᠠᠮᠢᠲ‍ᠤᠷᠠᠯ ᠦ᠋ᠨ ᠵᠠᠩ ᠳᠠᠤ‍ᠠᠬᠠᠯ ᠠ᠋ᠴᠠ ᠪᠣᠯᠤᠭᠰᠠᠨ ᠤᠲ‍ᠠᠭᠠᠨ ᠴᠢᠨᠠᠷ ᠲᠠᠢ ᠡᠪᠡᠤ‍ᠠᠴᠢᠨ ᠤᠯᠠᠮ ᠠ᠋ᠴᠠ ᠤᠯᠠᠮ ᠠᠷᠪᠢᠤ‍ᠠᠴᠤ᠂ ᠡᠨᠡ ᠨᠢ ᠬᠥᠮᠦᠨ ᠲᠥᠷᠥᠯᠬᠢᠲᠡᠨ ᠪ ᠡᠷᠡᠭᠦᠯ ᠮᠡᠨᠳᠦ ᠶ᠋ᠢ ᠶᠡᠬᠡ ᠪᠡᠷ ᠨᠥᠯᠥᠭᠡᠯᠡᠵᠦ ᠠᠮᠢ ᠨᠠᠰᠤ ᠶ᠋ᠢ ᠪᠤᠯᠢᠶᠠᠵᠤ ᠪᠠᠶ᠋ᠢᠬ᠋᠎ᠠ ᠶ᠋ᠢᠨ ᠨᠢᠭᠡᠲ‍ᠦᠭᠡᠷ ᠰᠢᠯᠲᠠᠭᠠᠨ ᠪᠣᠯᠬᠤ ᠪᠠᠷ ᠪᠠᠷᠠᠬᠤ ᠦᠭᠡᠢ᠂ ᠮᠥᠨ ᠴᠦ᠍ ᠨᠡᠶ᠋ᠢᠭᠡᠮ ᠳ᠋ᠤ᠌ ᠯᠤᠲᠤ ᠶᠡᠬᠡ ᠠᠵᠤ ᠠᠬᠤᠢ ᠶ᠋ᠢᠨ ᠬᠣᠬᠢᠷᠠᠯ ᠪᠣᠯᠭᠠᠭᠰᠠᠨ ᠪᠠᠶ᠋ᠢᠨ᠎ᠠ᠃ ᠡᠭᠦᠨ ᠳ᠋ᠤ᠌ ᠨᠠᠵᠠᠭᠠᠢ ᠲᠠᠯ᠎ᠠ ᠶ᠋ᠢᠨ ᠢᠲ‍ᠡᠭᠡᠨ ᠤᠮᠲ‍ᠠᠭᠠᠨ ᠪ ᠵᠠᠩ ᠳᠠᠤ‍ᠠᠬᠠᠯ ᠨᠢ ᠭᠣᠣᠯ ᠪᠠᠶ᠋ᠢᠷᠢ ᠶ᠋ᠢ ᠡᠵᠡᠯᠡᠵᠦ ᠪᠠᠶ᠋ᠢᠨ᠎ᠠ᠃ ᠵᠢᠱ᠌ᠢᠶᠡᠯᠡᠪᠡᠯ᠄ ᠦᠷᠭᠦᠯᠵᠢ ᠥᠨᠲ‍ᠥᠷ  ᠡᠨᠧᠷ‍ᠬᠢ ᠲᠡᠢ  ᠬᠣᠭᠣᠯᠠ ᠤᠮᠲ‍ᠠᠭᠠᠨ ᠢᠲ‍ᠡᠬᠦ᠂ ᠠᠷᠢᠬᠢ ᠲᠠᠮᠠᠬᠢ ᠡᠳ᠋ᠯᠡᠬᠦ ᠵᠡᠷᠭᠡ ᠡᠴᠡ ᠵᠢᠷᠦᠬᠡ ᠰᠤᠲ‍ᠠᠯ ᠦ᠋ᠨ ᠡᠪᠡᠤ‍ᠠᠴᠢᠨ᠂ ᠴᠢᠰᠤᠨ ᠳᠠᠷᠤᠯᠲᠠ ᠥᠨᠲ‍ᠥᠷ ᠡᠪᠡᠤ‍ᠠᠴᠢᠨ᠂ ᠬᠡᠲᠦᠷᠬᠡᠢ ᠮᠠᠷᠢᠶᠠᠯᠠᠬᠤ᠂ ᠰᠢᠬᠢᠷ ᠰᠢᠵᠢᠩ᠂ ᠡᠯᠢᠭᠡᠨ ᠪ ᠥᠭᠡᠬᠦᠯᠢᠭ ᠥᠨᠲ‍ᠥᠷᠵᠢᠭᠰᠡᠨ ᠵᠡᠷᠭᠡ ᠬᠥᠮᠦᠨ ᠪ ᠠᠮᠢ ᠨᠠᠰᠤ ᠶ᠋ᠢ ᠰᠦᠷᠲ‍ᠡᠭᠦᠯᠵᠦ ᠪᠠᠶ᠋ᠢᠬ᠋᠎ᠠ ᠣᠯᠠᠨ ᠡᠪᠡᠤ‍ᠠᠴᠢᠨ ᠢ ᠡᠭᠦᠰᠭᠡᠵᠡᠢ᠃ ᠲᠡᠶ᠋ᠢᠮᠦ ᠡᠴᠡ ᠰᠢᠨᠵᠢᠯᠡᠬᠦ ᠤᠬᠠᠭᠠᠴᠢ ᠠᠮᠢᠲ‍ᠤᠷᠠᠯ ᠦ᠋ᠨ ᠵᠠᠩ ᠳᠠᠤ‍ᠠᠬᠠᠯ ᠢ ᠪᠣᠢ ᠪᠣᠯᠭᠠᠵᠤ᠂ ᠢᠲ‍ᠡᠭᠡᠨ ᠤᠮᠲ‍ᠠᠭᠠᠨ ᠶ᠋ᠢᠠᠨ ᠬᠢᠴᠢᠶᠡᠨ ᠪᠠᠷᠢᠮᠲᠠᠯᠠᠬᠤ ᠨᠢ ᠲᠤᠶ᠋ᠢᠯ ᠦ᠋ᠨ ᠴᠢᠬᠤᠯᠠ ᠪᠣᠯᠤᠨ᠎ᠠ᠃ ᠶᠠᠭ ᠡᠶ᠋ᠢᠮᠦ ᠡᠴᠡ ᠣᠲ‍ᠣᠬᠠᠨ ᠳ᠋ᠤ᠌ ᠣᠯᠠᠩᠬᠢ ᠬᠥᠭᠵᠢᠭᠰᠡᠨ ᠤᠯᠤᠰ᠂ ᠠᠷᠠᠳ ᠢᠷᠭᠡᠳ ᠦ᠋ᠨ ᠶ᠋ᠢᠡᠨ ᠡᠷᠡᠭᠦᠯ ᠮᠡᠨᠳᠦ ᠶ᠋ᠢᠨ ᠶᠠᠰᠤ ᠴᠢᠨᠠᠷ ᠢ ᠳᠡᠭᠡᠭᠰᠢᠯᠡᠭᠦᠯᠬᠦ ᠶ᠋ᠢᠨ ᠲᠥᠯᠥᠭᠡ᠂ ᠰᠢᠮ᠎ᠡ ᠲᠡᠵᠢᠭᠡᠯ ᠦ᠋ᠨ ᠮᠡᠲ‍ᠡᠯᠭᠡ ᠶ᠋ᠢ ᠳᠡᠯᠭᠡᠷᠡᠭᠦᠯᠬᠦ ᠠᠵᠢᠯ ᠢ ᠬᠠᠦᠯᠢ ᠪᠠᠷ ᠪᠠᠲᠤᠯᠠᠵᠤ ᠲᠣᠭᠲᠠᠭᠠᠭᠰᠠᠨ ᠪᠠᠶ᠋ᠢᠨ᠎ᠠ᠃ ᠡᠨᠡ ᠪᠣᠯ ᠨᠡᠶ᠋ᠢᠭᠡᠮ ᠦ᠋ᠨ ᠪᠣᠯᠪᠠᠰᠤᠨ ᠪ ᠬᠥᠭᠵᠢᠯᠲᠡ ᠶ᠋ᠢᠨ ᠵᠠᠶ᠋ᠢᠯᠠᠰᠢ ᠦᠭᠡᠢ ᠬᠠᠨᠲ‍ᠤᠰᠢ ᠪᠣᠯᠬᠤ ᠶᠤᠮ᠃

   ᠦᠰᠦᠭ ᠠᠮᠢᠯᠠᠭᠤᠯᠤᠭᠴᠢ ᠄ ᠣᠤ‍ᠠᠬᠠᠨᠴᠡᠴᠡᠭ 
     ᠬᠢᠨᠠᠭᠴᠢ ᠪᠠᠭᠰᠢ᠄ ᠰᠡᠬᠡᠭᠡᠷᠡᠯ