ᠪᠠᠶᠠᠷ ᠤᠨ ᠣᠩᠭᠣᠳ – ᠴ ᠂ ᠠᠯᠠᠭᠰᠠᠢ Баярын онгод – Ч ᠂ Алагсай ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠷ ᠤᠨ ᠣᠩᠭᠣᠳ – ᠴ ᠂ ᠠᠯᠠᠭᠰᠠᠢ Баярын онгод – Ч ᠂ Алагсай

ᠪᠠᠶᠠᠷ ᠤᠨ ᠣᠩᠭᠣᠳ – ᠴ ᠂ ᠠᠯᠠᠭᠰᠠᠢ Баярын онгод – Ч ᠂ Алагсай

ᠠᠩᠭᠢᠯᠠᠯ:ᠬᠣᠱᠣᠩ ᠱᠣᠭ
2023-07-08

279

ᠪᠠᠶᠠᠷ ᠤᠨ ᠣᠩᠭᠣᠳ


               ( ᠱᠤᠭ ᠥᠭᠦᠯᠡᠯᠭᠡ )

    -  ᠪᠠᠶ᠋ᠢᠨ᠎ᠠ ‍ᠤᠤ ?
    - ᠪᠠᠶ᠋ᠢᠨ᠎ᠠ ᠬᠡᠨ ᠪᠤᠢ ?
    - ᠴᠢ ᠪᠦᠷ ᠲᠠᠨᠢᠬᠤ ᠪᠠᠨ ᠪᠠᠶ᠋ᠢᠴᠢᠬ᠎ᠠ ‍ᠤᠤ ?
    - ᠥ ᠠᠭᠤᠴᠢᠯᠠᠭᠠᠷᠠᠢ
    - ᠵᠠ ᠶᠠᠮᠠᠷ ᠰᠤᠨᠢᠨ ᠲᠠᠢ ?
    - ᠠᠵᠢᠯ ᠳᠠᠭᠠᠨ ᠢᠷᠡᠴᠢᠬᠡᠬᠡᠳ ᠯᠠ ᠰᠠᠭᠤᠵᠤ ᠪᠠᠶ᠋ᠢᠨ᠎ᠠ᠂ ᠳᠠᠶ᠋ᠢᠯᠤᠨ ᠮᠠᠶ᠋ᠢᠯᠤᠨ ᠬᠤᠷᠠᠯ ᠮᠤᠷᠠᠯ ᠭᠡᠳ ᠭᠠᠭᠴᠠ ᠥᠭᠡ ᠰᠤᠯᠢᠬᠤ ᠵᠠᠪ ᠤᠯᠳᠠᠬᠤ ᠥᠭᠡᠢ ᠶᠤᠮ᠃
    - ᠲᠡᠶ᠋ᠢᠮᠦ ᠠ᠋᠂ ᠨᠠᠶ᠋ᠢᠵᠠ ᠨᠢ ᠴᠤ᠌ ᠭᠡᠰᠡᠨ ᠮᠦᠨ ᠲᠡᠷᠡ᠂ ᠠᠵᠢᠯ ᠳᠤ ᠲᠠᠷᠤᠭᠠᠰᠤ ᠲᠠᠢ ᠯᠠ ᠨᠢᠭᠡ ᠶᠠᠭᠤᠮ᠎ᠠ ᠪᠠᠶ᠋ᠢᠬᠤ᠂ ᠳᠤᠪᠴᠢ ᠪᠠᠨ ᠴᠤ᠌ ᠲᠤᠷᠭᠤᠬᠤ ᠵᠠᠪ ᠠᠯᠠᠭ᠎ᠠ᠃
    - ᠠᠷᠭ᠎ᠠ ᠥᠭᠡᠢ ᠡ ! ᠵᠠ ᠲᠡᠭᠡᠭᠡᠳ ᠰᠤᠨᠢᠨ ᠶᠡᠬᠡᠳᠡᠢ ᠪᠢᠵᠡ !
    - ᠰᠤᠨᠢᠨ ᠠᠴᠠ ᠰᠤᠶᠤᠭ᠎ᠠ ᠰᠠᠶᠢ ᠢᠷᠡᠭᠡᠳ ᠁
    - ᠲᠡᠭᠡᠪᠡᠯ ᠲᠠ ᠬᠤᠶᠠᠷ ᠶᠡᠭᠡ ᠬᠦᠭᠵᠢᠯᠳᠡᠢ ᠪᠠᠶ᠋ᠢᠭ᠎ᠠ ᠶᠤᠮ ᠰᠢᠭ᠋ ᠪᠤᠢ !
    - ᠵᠠ ᠶᠠᠷᠰᠢᠭ ᠳ᠋ᠠ ᠂ ᠬᠢ ᠬᠢ ᠬᠢ !
    - ᠬᠥᠱ᠌ᠢ᠂  ᠤᠭ᠌ᠶᠤ ᠨᠠᠶ᠋ᠢᠵᠠ ᠠ᠋᠂ ᠰᠤᠶᠤᠭ᠎ᠠ ᠴᠢᠮ᠎ᠠ ᠳᠤ ᠮᠡᠨᠳᠦ ᠬᠦᠷᠭᠡᠵᠤ ᠪᠠᠶ᠋ᠢᠨ᠎ᠠ᠃
    - ᠪᠠᠶᠠᠷᠯᠠᠯ᠎ᠠ᠂ ᠲᠠ ᠬᠤᠶᠠᠷ ᠢ ᠪᠡᠨ ᠦᠨᠦᠰᠦᠶ᠎ᠡ᠂ ᠰᠤᠨᠢᠨ ᠶᠠᠭᠤᠮ᠎ᠠ ᠶᠠᠷᠢ ᠯᠠ ᠳ᠋ᠠ᠂ ᠪᠠᠶᠠᠷ ‍ᠢᠶ᠋ᠠᠷ ᠶᠠᠭᠠᠬᠢᠬᠤ ᠭᠡᠵᠤ ᠪᠠᠶ᠋ᠢᠨ᠎ᠠ?
    - ᠪᠠᠶᠠᠷ ‍ᠢᠶ᠋ᠠᠷ ‍ᠤᠤ? ᠶᠠᠭᠠᠭᠢᠳᠠᠭ ᠪᠢᠯᠠ ᠳ᠋ᠠ ᠂ ᠲᠡᠶ᠋ᠢᠮᠥ ᠬᠦ᠋᠃
    - ᠴᠢᠮ᠎ᠠ ᠳᠤ ᠴᠤ᠌ ᠪᠠᠰᠠ ᠬᠡᠯᠡᠪᠡᠯ ᠶᠠᠭᠤᠮ᠎ᠠ ᠪᠤᠢ ᠰᠢᠤ ᠬᠦ᠋᠃       
    - ᠶᠠᠭᠠᠭᠢᠯ᠎ᠠ ᠭᠡᠵᠤ ᠳ᠋ᠠ ᠨᠠᠶ᠋ᠢᠵᠠ ᠮᠢᠨᠢ ᠲᠤᠭᠯᠠᠵᠤ ᠪᠠᠶ᠋ᠢᠨ᠎ᠠ ᠃
    - ᠪᠠᠶᠠᠷ ‍ᠢᠶ᠋ᠠᠷ ᠶᠤᠰᠤᠳᠠᠢ ᠭᠤᠶᠤ ᠨᠡᠶ᠋ᠢᠯᠡᠨ᠎ᠡ ᠰᠢᠤ᠃
    - ᠢᠱᠢ᠂ ᠲᠡᠭᠡᠯᠭᠦᠢ ᠶᠠᠭᠠᠭᠢᠬᠤᠪ
    - ᠡᠷᠲᠡ ᠳᠦ ᠮᠦᠨ ᠰᠠᠶᠢᠬᠠᠨ ᠨᠡᠶ᠋ᠢᠯᠡᠭᠰᠡᠨ ᠰᠢᠤ ᠳ᠋ᠸ! 
    - ᠬᠡᠯᠡᠭᠡᠳ ᠶᠠᠭᠠᠬᠢᠬᠤᠪ
    - ᠶᠠᠭ ᠯᠠ ᠲᠡᠷᠡ ᠰᠢᠭ᠌  ‍ᠢᠶ᠋ᠠᠨ ᠰᠢᠤ!
    - ᠤᠳᠤ ᠠᠴᠠ ᠪᠡᠯᠡᠳᠬᠡᠬᠦ ᠥᠭᠡᠢ ᠪᠤᠯ ᠣᠷᠣᠶ᠋ᠢᠳᠠᠨ᠎ᠠ᠃
    - ᠲᠡᠭᠡᠭᠡᠳ ᠶᠠᠭᠠᠬᠢᠬᠤ ᠭᠡᠵᠤ
    - ᠰᠠᠨᠠᠭ᠎ᠠ ᠨᠡᠶ᠋ᠢᠯᠡᠪᠡᠯ ᠰᠠᠷ᠎ᠠ ᠶᠢᠨ ᠴᠠᠯᠢᠩ  ᠴᠤ᠌ ᠶᠠᠭᠠᠬᠢᠳᠠᠭ ᠶᠤᠮ ᠪᠤᠢ?
    - ᠰᠤᠶᠤᠭ᠎ᠠ ᠴᠢ ᠮᠦᠩᠬᠦ ᠬᠤᠷᠢᠶᠠᠭᠠᠷᠠᠢ!
    - ᠲᠡᠷᠡ ᠪᠡᠯᠡᠨ᠂ ᠬᠠᠷᠢᠨ ᠴᠢ ᠁ ᠵᠠ ᠳᠠᠷᠠᠭ᠎ᠠ ᠬᠡᠯᠡᠶ᠎ᠡ᠃
    - ᠲᠡᠷᠡ ᠴᠢᠨᠢ ᠵᠢᠭᠠᠬᠠᠨ ᠠᠪᠤᠭᠤᠷᠢ ᠲᠠᠢ ᠬᠡᠷᠡᠭ ᠪᠠᠶ᠋ᠢᠨ᠎ᠠ ᠳ᠋ᠠ
    - ᠴᠢᠮ᠎ᠠ ᠳᠤ ᠨᠠᠶ᠋ᠢᠳᠠᠯ᠎ᠠ ᠰᠢᠤ !
    - ᠵᠠ ᠶᠠᠷᠰᠢᠭ ᠳ᠋ᠠ᠃
    - ᠬᠥᠱ᠌ᠢ᠂ ᠭᠤᠷᠪᠠᠭᠤᠯᠠ ᠪᠠᠨ ᠡᠷᠢᠶᠡᠨ ᠳᠠᠩ ᠳᠡᠪᠡᠯ ᠡᠮᠦᠰᠦᠨ᠎ᠡ ᠰᠢᠤ!
    - ᠶᠠᠭᠤ ᠪᠠᠷ ᠬᠢᠬᠦ ᠪᠤᠢ?
    - ᠪᠢ ᠰᠠ ᠲᠠᠢ ᠲᠤᠷᠭ᠎ᠠ ᠨᠠᠶ᠋ᠢᠵᠠ ᠳᠠᠭᠠᠨ ᠵᠠᠬᠢᠴᠢᠬᠠᠭᠰᠠᠨ᠃
    - ᠭᠤᠶᠤ ᠶᠤᠮ ‍ᠤᠤ?
    - ᠶᠤᠰᠤᠲᠠᠢ ᠭᠤᠶᠤ ᠂ ᠮᠤᠳᠤ ᠤᠷᠢᠶᠠᠭᠰᠠᠨ ᠮᠤᠭᠠᠢ ᠶᠢᠨ ᠵᠢᠷᠤᠭ ᠲᠠᠢ ᠶᠠᠭᠤᠮ᠎ᠠ ᠪᠠᠶ᠋ᠢᠨ᠎ᠠ ᠪᠢᠯᠡ᠃
    - ᠠᠮᠢᠲᠠᠨ ᠮᠤᠭᠠᠢ ᠰᠢᠭ᠋ ᠬᠡᠬᠦ ᠪᠤᠯᠪᠠ ‍ᠤᠤ?
    - ᠦᠪᠡᠷ ᠲᠤᠨᠢ ᠤᠯᠳᠠᠬᠤ ᠥᠬᠡᠢ ᠪᠤᠯᠬᠤᠷ ᠠᠲᠠᠭᠠᠷᠬᠠᠭᠰᠠᠨ ᠶᠠᠭᠤᠮ᠎ᠠ ᠨᠤᠭᠤᠳ ᠯᠠ ᠲᠡᠭᠡᠨ᠎ᠡ ᠪᠠᠶ᠋ᠢᠬ᠎ᠠ᠃
    - ᠶᠤᠰᠤᠲᠠᠢ ᠰᠤᠨᠢᠨ ᠪᠠᠶ᠋ᠢᠬᠤ ᠥᠭᠡᠢ ‍ᠤᠤ᠂ ᠦᠭᠡᠷ᠎ᠡ ᠲᠡᠶ᠋ᠢᠮᠦ ᠬᠤᠪᠴᠠᠰᠤ ᠲᠠᠢ ᠭᠡᠤᠭᠡᠨ ᠨᠣᠭᠥᠳ ᠶᠠᠭᠠᠬᠢᠭᠰᠠᠨ ᠴᠤ᠌ ᠪᠠᠶ᠋ᠢᠬᠤ ᠥᠬᠡᠢ᠃
    - ᠨᠡᠭᠡᠷᠡᠨ ᠰᠤᠨᠢᠨ ᠴᠤ᠌᠂ ᠰᠤᠳᠤᠨ ᠴᠤ᠌ ᠪᠠᠶ᠋ᠢᠨ᠎ᠠ ᠪᠠᠶ᠋ᠢᠬᠤ ᠰᠢᠤ!
    - ᠲᠡᠶ᠋ᠢᠮᠥ ᠡ ᠲᠡᠶ᠋ᠢᠮᠦ !
    - ᠵᠠ ᠲᠡᠭᠡᠭᠡᠳ ᠰᠤᠨᠢᠨ ᠶᠠᠭᠤᠮ᠎ᠠ ᠶᠠᠷᠢ ᠯᠠ ᠳ᠋ᠠ !
    - ᠨᠠᠶ᠋ᠢᠵᠠ ᠨᠢ ᠨᠢᠭᠡ ᠪᠤᠯᠠᠭᠠᠨ ᠮᠠᠯᠠᠭᠠᠢ ᠠᠪᠤᠭᠰᠠᠨ᠃
    - ᠬᠥᠱ᠌ᠢ ᠬᠡᠵᠢᠶ᠎ᠡ ᠲᠡᠷᠡ ᠪᠤᠢ?
    - ᠦᠴᠦᠭᠡᠳᠥᠷ
    - ᠬᠡᠨ ᠡᠴᠡ?
    - ᠨᠠᠶ᠋ᠢᠵᠠ ᠡᠴᠡ ᠪᠡᠨ
    - ᠬᠡᠳᠦ ᠪᠡᠷ ᠲᠡᠷᠡ ᠪᠤᠢ?
    - ᠬᠢᠮᠳᠡ ᠠᠪᠤᠭᠰᠠᠨ
    - ᠨᠠᠳᠠ ᠳᠤ ᠠᠪᠤᠪᠠ ‍ᠤᠤ ᠴᠢ?
    - ᠭᠠᠭᠴᠠᠬᠠᠨ ᠪᠠᠶ᠋ᠢᠭᠰᠠᠨ ᠶᠤᠮ
    - ᠶᠠᠭᠠᠭᠢᠭᠰᠠᠨ ᠮᠠᠭᠤᠬᠠᠢ ᠰᠠᠨᠠᠭ᠎ᠠ ᠲᠠᠢ ᠶᠤᠮ ᠪᠤᠢ?
    - ᠬᠥᠱ᠌ᠢ᠂ ᠲᠡᠷᠡ ᠴᠢᠨᠢ ᠶᠠᠮᠠᠷ ᠦᠩᠭᠡ ᠲᠠᠢ ᠶᠤᠮ ᠪᠤᠢ?
    -  ᠴᠠᠭᠠᠨ
    - ᠶᠤᠰᠤᠲᠠᠢ ᠮᠤᠤᠳ᠋① ᠰᠢᠤ!
    - ᠬᠡᠲᠦᠨ ᠷᠠᠽᠮᠸ᠋ᠷ  ( ᠬᠡᠮᠵᠢᠶ᠎ᠡ ) ᠪᠤᠢ?
    - ᠨᠠᠳᠠ ᠶᠠᠭ ᠯᠠ ᠲᠠᠭᠠᠷᠠᠭᠰᠠᠨ᠃
    - ᠲᠡᠭᠡᠪᠡᠯ ᠨᠠᠳᠠ ᠳᠤ ᠴᠤ᠌ ᠪᠠᠰᠠ ᠲᠠᠭᠠᠷᠠᠨ᠎ᠠ ᠳ᠋ᠠ !
    - ᠲᠠᠭᠠᠷᠠᠨ᠎ᠠ ᠲᠠᠭᠠᠷᠠᠨ᠎ᠠ
    - ᠥᠰᠥ ᠨᠢ ᠦᠳᠬᠡᠨ ᠶᠤᠮ ‍ᠤᠤ᠂ ᠰᠢᠩᠭᠡᠨ ᠶᠤᠮ ‍ᠤᠤ?
    - ᠦᠳᠬᠡᠨ ᠭᠢᠯᠭᠠᠨᠠᠬᠤ ᠰᠤᠷ ᠲᠠᠢ ᠁
    - ᠬᠡ᠂ ᠶᠤᠰᠤᠲᠠᠢ ᠰᠠᠶ᠋ᠢᠬᠠᠨ ᠠᠵᠢᠷᠭᠠᠨ ᠪᠤᠯᠠᠭ᠎ᠠ ᠪᠠᠶ᠋ᠢᠨ᠎ᠠ᠂ ᠭᠠᠭᠴᠠ ᠨᠢᠭᠡ ᠪᠤᠭᠤᠷᠤᠯ ᠥᠰᠥᠲᠠᠢ ᠪᠤᠯ ᠶᠤᠰᠤᠲᠠᠢ ᠨᠢᠭᠡᠳᠦᠭᠡᠷ ᠵᠡᠷᠭᠡ ᠶᠢᠨ ᠠᠵᠢᠷᠭ᠎ᠠ ᠪᠠᠶ᠋ᠢᠳᠠᠭ ᠶᠤᠮ᠃
    - ᠠᠯᠢᠪ᠂ ᠨᠡᠭᠡᠷᠡᠨ ᠲᠡᠶ᠋ᠢᠮᠦ ᠪᠤᠭᠤᠷᠤᠯ ᠥᠰᠥᠲᠡᠢ ᠶᠤᠮ ᠪᠠᠶ᠋ᠢᠨ᠎ᠠ᠃
    - ᠮᠢᠨᠤ ᠨᠠᠶ᠋ᠢᠵᠠ ᠨᠠᠭᠠᠳᠤᠬᠢ ᠪᠠᠨ ᠡᠪᠦᠭᠡᠨ ᠳᠡᠬᠡᠨ ᠦᠭᠭᠦᠴᠢᠭᠡ ᠯᠠ ᠳ᠋ᠠ᠂ ᠴᠢᠮ᠎ᠡ ᠰᠢᠭ᠋ ᠴᠠᠭᠠᠨ ᠬᠥᠮᠥᠨ ᠳᠦ ᠤᠯᠴᠠᠶ᠋ᠢᠵᠤ ᠴᠠᠶ᠋ᠢᠭᠠᠳ ᠵᠤᠬᠢᠬᠤ ᠥᠬᠡᠢ ᠳ᠋ᠠ!
    - ᠥᠬᠡᠢ ᠶᠡᠷᠥ ᠴᠢᠮ᠎ᠠ ᠳᠤ ᠵᠤᠬᠢᠬᠤ ᠶᠤᠮ ‍ᠤᠤ?
    -  ᠨᠠᠶ᠋ᠢᠵᠠ ᠨᠢ  ᠮᠣᠣᠳ᠋ᠯᠠᠬᠤ  ᠭᠡᠰᠡᠨ ᠶᠤᠮ᠂ ᠴᠢ ᠮᠡᠳᠡᠨ᠎ᠡ ᠰᠢᠤ ᠳ᠋ᠠ᠂ ᠬᠥᠱ᠌ᠢ ᠨᠠᠶ᠋ᠢᠵᠠ ᠨᠢ ᠨᠢᠭᠡ ᠭᠤᠶᠤ ᠬᠠᠷ᠎ᠠ ᠰᠡᠭᠥᠯ ᠠᠪᠤᠭᠰᠠᠨ᠂ ᠨᠠᠭᠠᠳᠤ ᠴᠠᠭᠠᠨ ᠮᠠᠯᠠᠭᠠᠢ ᠶᠢᠨ ᠴᠢᠨᠢ ᠭᠤᠤᠯ ᠳᠤ ᠬᠠᠳᠬᠤᠪᠠᠯ ᠲᠡᠶ᠋ᠢᠮᠦ ᠮᠠᠯᠠᠭᠠᠢ ᠲᠠᠢ ᠬᠥᠮᠥᠨ ᠪᠠᠶᠠᠷ  ‍ᠢᠶ᠋ᠠᠷ ᠯᠠᠪ ᠪᠠᠶ᠋ᠢᠬᠤ ᠥᠬᠡᠢ ᠪᠠᠶ᠋ᠢᠬ᠎ᠠ!
    - ᠬᠥᠱ᠌ᠢ ᠲᠡᠭᠡᠪᠡᠯ ᠴᠢ ᠨᠠᠳᠠ ᠳᠤ ᠲᠡᠷᠡ ᠭᠤᠶᠤ ᠰᠡᠭᠥᠯ ‍ᠢᠶ᠋ᠠᠨ ᠦᠭᠭᠥᠴᠢᠭᠡ ᠯᠠ ᠳ᠋ᠠ᠂  ᠨᠠᠶ᠋ᠢᠵᠠ ᠨᠢ ᠶᠤᠰᠤᠲᠠᠢ ᠥᠨ᠎ᠡ ᠬᠠᠶ᠋ᠢᠷᠠᠯᠠᠬᠤ ᠥᠭᠡᠢ᠃
    - ᠶᠠᠭᠠᠭᠢᠯ᠎ᠠ ᠭᠡᠵᠡᠢ᠂ ᠪᠢ ᠥᠨ᠎ᠡ ᠪᠡᠷ ᠵᠤᠳᠤᠵᠤ ᠠᠷᠠᠢ ᠭᠡᠵᠤ ᠤᠯᠵᠤ ᠠᠪᠤᠭᠰᠠᠨ ᠶᠤᠮ᠂ ᠴᠢᠮ᠎ᠠ ᠶᠢ ᠮᠠᠯᠠᠭᠠᠢ ᠪᠠᠨ ᠦᠭᠬᠥ ᠥᠭᠡᠢ ᠪᠤᠯ ᠰᠢᠨ᠎ᠡ ᠫᠡᠯᠢᠲ᠋᠊ᠦ᠌ ( ᠳᠤᠯᠠᠭᠠᠨ ᠬᠤᠪᠴᠠᠰᠤ ) ᠶ᠋ᠢᠨ ‍ᠢᠶ᠋ᠠᠨ ᠵᠠᠬᠠᠨ ᠳᠡᠭᠡᠷ᠎ᠡ ᠲᠡᠷᠡ ᠰᠡᠭᠥᠯ ‍ᠢᠶ᠋ᠠᠨ ᠬᠠᠳᠠᠨ᠎ᠠ᠂ ᠰᠡᠭᠥᠯ ᠬᠠᠳᠠᠳᠠᠭ ᠮᠤᠤᠳ᠋ ᠭᠠᠷᠤᠭᠰᠠᠨ ᠰᠢᠤ ᠳ᠋ᠠ!
    - ᠲᠡᠷᠡ ᠰᠡᠭᠥᠯ ᠴᠢᠨᠢ ᠶᠠᠮᠠᠷ ᠶᠠᠩᠵᠤ ᠲᠠᠢ ᠪᠤᠢ?
    - ᠶᠤᠰᠤᠲᠠᠢ ᠰᠠᠶ᠋ᠢᠬᠠᠨ ᠬᠠᠷ᠎ᠠ ᠪᠤᠭᠤᠷᠤᠯ ᠦᠩᠭᠡᠲᠡᠢ᠃
    - ᠶᠠᠮᠠᠷ ᠭᠤᠶᠤ ᠶᠤᠮ ᠪᠤᠢ᠂ ᠯᠠᠪ ᠭᠠᠳᠠᠭᠠᠳᠤ ᠰᠡᠭᠥᠯ ᠪᠠᠶ᠋ᠢᠬ᠎ᠠ ᠳ᠋ᠠ!
    - ᠲᠡᠭᠡᠯᠭᠥᠢ ᠶᠠᠭᠠᠭᠢᠬᠤᠪ᠂ ᠭᠠᠳᠠᠭᠠᠳᠤ ᠵᠤᠷᠠᠮᠠᠨ ᠤ ᠰᠡᠭᠥᠯ ᠭᠡᠵᠤ ᠨᠠᠳᠠ ᠬᠥᠮᠥᠨ ᠬᠡᠯᠡᠭᠰᠡᠨ ᠶᠤᠮ᠃
    - ᠬᠥᠶᠢ᠂ ᠴᠢ ᠫᠠᠯᠢᠲ᠋ᠤ᠋ ᠠᠪᠤᠭᠰᠠᠨ ᠭᠡᠪᠡ ‍ᠤᠤ?
    - ᠲᠡᠭᠡᠭᠰᠡᠨ
    - ᠶᠠᠮᠠᠷ ᠫᠠᠯᠢᠲ᠋ᠤ᠋ ᠪᠤᠢ?
    - ᠥᠨᠡᠭᠡᠨ ᠵᠠᠬ᠎ᠠ ᠲᠠᠢ ᠶᠤᠰᠤᠲᠠᠢ ᠭᠤᠶᠤ ᠫᠠᠯᠢᠲ᠋ᠤ᠋
    - ᠠ᠂ ᠶᠠᠭᠤ ᠭᠡᠨ᠎ᠡ᠂ ᠳᠤᠭᠤᠯᠳᠠᠬᠤ ᠥᠭᠡᠢ ᠪᠠᠶ᠋ᠢᠨ᠎ᠠ᠃
    - ᠥᠨᠡᠭᠡᠨ ᠵᠠᠬ᠎ᠠ ᠲᠠᠢ ᠫᠠᠯᠢᠲ᠋ᠤ᠋
    - ᠶᠠᠭᠤ ᠭᠡᠨ᠎ᠡ᠂ ᠮᠦᠩᠭᠥᠨ ᠵᠠᠬ᠎ᠠ ᠲᠠᠢ ᠭᠡᠨ᠎ᠡ ‍ᠤᠤ?
    - ᠲᠡᠶ᠋ᠢᠮᠦ ᠡ ᠲᠡᠶ᠋ᠢᠮᠦ!
    - ᠬᠥᠱ᠌ᠢ᠂ ᠰᠤᠶᠤᠭ᠎ᠠ ᠴᠢ ᠲᠤᠭᠤᠯᠪᠠ ‍ᠤᠤ? ᠴᠠᠭᠠᠨ᠎ᠠ ᠴᠢᠨᠢ ᠮᠦᠩᠭᠦᠨ ᠵᠠᠬ᠎ᠠ ᠲᠠᠢ ᠫᠠᠯᠢᠲ᠋ᠤ᠋ ᠭᠠᠷᠴᠤ ᠪᠠᠶ᠋ᠢᠨ᠎ᠠ ᠭᠡᠨ᠎ᠡ᠃
    - ᠠ᠂ ᠶᠠᠮᠠᠷ ᠰᠤᠨᠢᠨ ᠶᠠᠭᠤᠮ᠎ᠠ ᠪᠤᠢ? ᠶᠤᠰᠤᠲᠠᠢ ᠮᠤᠤᠳ᠋ ᠤᠨ ᠶᠠᠭᠤᠮ᠎ᠠ ᠪᠠᠶ᠋ᠢᠨ᠎ᠠ᠃
    - ᠪᠠᠶ᠋ᠢᠨ᠎ᠠ ‍ᠤᠤ ᠤᠤᠶᠤ ᠪᠠᠶ᠋ᠢᠨ᠎ᠠ ‍ᠤᠤ ᠂ ᠤᠤᠶᠤ ᠠ᠋?
    - ᠪᠠᠶ᠋ᠢᠨ᠎ᠠ ᠪᠠᠶ᠋ᠢᠨ᠎ᠠ᠃
    - ᠬᠥᠱ᠌ᠢ᠂ ᠴᠢ ᠲᠡᠷᠡ ᠫᠠᠯᠢᠲ᠋ᠤ᠋ ᠪᠠᠨ ᠬᠠᠮᠢᠭ᠎ᠠ ᠠᠴᠠ ᠠᠪᠤᠭᠰᠠᠨ ᠶᠤᠮ ᠪᠤᠢ?
    - ᠪᠠᠷᠠᠭᠤᠨ ᠭᠦᠬᠡ ᠬᠠᠭᠠᠯᠭᠠᠲᠤ ᠠᠴᠠ᠃
    - ᠤᠳᠤ ᠪᠠᠶ᠋ᠢᠭ᠎ᠠ ᠪᠤᠯ  ‍ᠤᠤ?
    - ᠪᠠᠷᠤᠭ ᠯᠠ ᠳᠠᠭᠤᠰᠤᠭᠰᠠᠨ ᠪᠠᠶ᠋ᠢᠬ᠎ᠠ᠃
    - ᠠᠯᠢᠪ᠂ ᠰᠤᠤᠶᠤ ᠲᠥᠷᠭᠡᠯᠡᠭᠡᠷᠡᠢ! ᠲᠠᠭᠤᠰᠬᠤ ᠠᠴᠠ ᠨᠢ ᠡᠮᠥᠨ᠎ᠡ ᠠᠪᠤᠶ᠎ᠠ ᠭᠡᠭᠰᠡᠭᠡᠷ ᠰᠠᠨᠳᠤᠷᠤᠨ ᠭᠠᠷᠪᠠ᠃ 
    ᠳᠤᠤᠶᠤ᠂ ᠰᠤᠤᠶᠤ ᠬᠤᠶᠠᠷ ᠪᠠᠷᠤᠭ ᠯᠠ ᠭᠥᠶᠥᠭᠰᠡᠭᠡᠷ ᠦᠨᠦᠬᠢ ᠳᠡᠯᠭᠡᠭᠥᠷ ᠲᠦ ᠤᠴᠢᠵᠤ ᠬᠤᠳᠠᠯᠳᠤᠭᠴᠢ ᠠᠴᠠ ᠨᠢ᠄
    - ᠬᠥᠱ᠌ᠢ ᠬᠥᠮᠥᠨ ᠭᠤᠸᠠᠢ᠂ ᠲᠠᠨ ᠤ ᠳᠤ ᠮᠦᠩᠭᠥᠨ ᠵᠠᠬ᠎ᠠ ᠲᠠᠢ ᠫᠠᠯᠢᠲ᠋ᠤ᠋ ᠭᠠᠷᠤᠭᠰᠠᠨ ᠭᠡᠨ᠎ᠡ ᠥᠵᠡᠭᠥᠯᠥᠭᠡᠴᠢ ᠭᠡᠬᠥ ᠳᠦ᠄ 
    - ᠮᠦᠩᠭᠥᠨ ᠵᠠᠬ᠎ᠠ ᠲᠠᠢ ᠭᠡᠨ᠎ᠡ ‍ᠤᠤ? ᠶᠠᠭᠠᠬᠢᠭᠰᠠᠨ ᠰᠤᠨᠢᠨ ᠶᠠᠭᠤᠮ᠎ᠠ ᠶᠠᠷᠢᠳᠠᠭ ᠤᠯᠤᠰ ᠪᠤᠢ ᠭᠡᠵᠤ ᠬᠤᠳᠠᠯᠳᠤᠭᠴᠢ ᠲᠤᠭᠤᠬᠢ ᠲᠠᠢ ᠢᠨᠢᠶᠡᠪᠡ᠃
    - ᠶᠠᠭᠤᠨ ᠴᠤ᠌ ᠠᠭᠠᠯᠢ ᠥᠬᠡᠢ ᠬᠥᠮᠥᠨ ᠪᠤᠢ᠂ ᠲᠡᠭᠡᠭᠡᠳ ᠪᠠᠶ᠋ᠢᠬᠤ ᠥᠬᠡᠢ ᠬᠡᠷᠡᠭ ‍ᠤᠤ?
    - ᠪᠠᠶ᠋ᠢᠬᠤ ᠨᠢ ᠪᠠᠶ᠋ᠢᠲᠤᠭᠠᠢ᠂ ᠲᠤᠭᠤᠯᠤᠭ᠎ᠠ ᠴᠤ᠌ ᠥᠬᠡᠢ ᠶᠠᠭᠤᠮ᠎ᠠ ᠪᠠᠶ᠋ᠢᠨ᠎ᠠ᠃
    - ᠲᠠᠨ ᠤ ᠡᠨᠡ ᠳᠡᠯᠭᠡᠭᠥᠷ ᠡᠴᠡ ᠬᠥᠮᠥᠨ ᠠᠪᠤᠭᠰᠠᠨ ᠪᠠᠶ᠋ᠢᠨ᠎ᠠ ᠰᠢᠤ ᠳ᠋ᠠ᠂ ᠭᠠᠭᠴᠠ ᠶᠢ ᠦᠭ ᠯᠡ ᠳ᠋ᠠ᠂ ᠭᠤᠶᠤᠵᠤ ᠪᠠᠶ᠋ᠢᠨ᠎ᠠ᠃
    - ᠥᠨᠡᠭᠡᠷ ᠪᠠᠶ᠋ᠢᠬᠤ ᠥᠭᠡᠢ᠂ ᠪᠠᠶ᠋ᠢᠨ᠎ᠠ ᠭᠡᠳᠡᠭ ᠲᠦ ᠴᠤ᠌ ᠢᠲᠡᠭᠡᠬᠥ ᠥᠬᠡᠢ ᠪᠠᠶ᠋ᠢᠨ᠎ᠠ᠃
    - ᠥᠭᠡᠢ ᠶᠡᠷᠥ᠂ ᠮᠤᠤᠳ᠋ ᠭᠡᠳᠡᠭ ᠴᠢᠨᠢ ᠲᠠ ᠨᠠᠷ ᠤᠨ ᠳᠤᠷ᠎ᠠ ᠶᠢᠨ ᠶᠠᠭᠤᠮ᠎ᠠ ᠪᠢᠰᠢ᠂ ᠬᠤᠪᠢᠷᠠᠵᠤ ᠦᠭᠡᠷᠡᠴᠢᠯᠡᠭᠳᠡᠵᠦ ᠪᠠᠶ᠋ᠢᠳᠠᠭ ᠵᠢᠮ᠎ᠠ ᠬᠠᠤᠯᠢ ᠲᠠᠢ ᠶᠤᠮ᠃
    - ᠠᠭᠤᠴᠢᠯᠠᠭᠠᠷᠠᠢ ᠪᠠᠶ᠋ᠢᠪᠠᠯ ᠥᠭᠭᠥᠯ ᠥᠭᠡᠢ ᠶᠠᠭᠠᠭᠢᠬᠤ ᠪᠤᠢ? 
    - ᠲᠡᠭᠡᠪᠡᠯ ᠠᠷᠤ ᠶᠢᠨ ‍ᠢᠶ᠋ᠠᠨ ᠬᠠᠭᠠᠯᠭ᠎ᠠ ᠪᠠᠷ ᠦᠭᠴᠢᠭᠡ ᠯᠠ ᠳ᠋ᠠ!
    - ᠲᠠ ᠨᠠᠷ ᠲᠤ ᠬᠡᠯᠡᠬᠥ ᠥᠭᠡ ᠳᠠᠩᠴᠤ ᠠᠯᠠᠭ᠎ᠠ᠂ ᠲᠥᠷᠥᠭᠥᠨ ᠪᠠᠰᠠ ᠨᠢᠭᠡ ᠬᠡᠤᠬᠡᠨ ᠭᠠᠳᠠᠭᠠᠳᠤ ᠵᠤᠷᠠᠮᠠᠨ ᠤ ᠬᠠᠷ᠎ᠠ ᠰᠡᠭᠥᠯ ᠪᠠᠶ᠋ᠢᠨ᠎ᠠ ‍ᠤᠤ? ᠭᠡᠵᠤ ᠶᠠᠪᠤᠭᠰᠠᠨ᠂ ᠶᠠᠭᠠᠭᠢᠭᠰᠠᠨ ᠲᠤᠭᠤᠬᠢ ᠲᠠᠢ ᠡᠮᠡᠰ ᠪᠤᠢ᠂ ᠡᠨᠡ ᠴᠢᠨᠢ ᠠᠯᠪᠠᠨ ᠭᠠᠵᠠᠷ ᠰᠢᠤ᠃
    - ᠶᠠᠪᠤᠶ᠎ᠠ ᠳᠤᠤᠶᠤ ᠠ᠋᠂ ᠡᠳᠡᠨ ᠲᠠᠢ ᠢᠩᠬᠢᠵᠤ ᠪᠠᠶ᠋ᠢᠳᠠᠭ ᠴᠠᠭ ᠠᠯᠠᠭ᠎ᠠ!
    - ᠲᠡᠭᠡᠶ᠎ᠡ᠂ ᠶᠠᠭᠠᠭᠢᠭᠰᠠᠨ ᠮᠠᠶᠢᠭ ᠲᠠᠢ ᠬᠠᠷ᠎ᠠ ᠬᠥᠮᠥᠨ ᠭᠤᠸᠠᠢ ᠪᠤᠢ ᠭᠡᠳ ᠪᠠᠰᠠ ᠬᠠᠭᠠᠯᠭ᠎ᠠ ᠳᠠᠰᠤ ᠬᠠᠶᠠᠪᠠ᠃
    - ᠤᠳᠤ ᠬᠠᠮᠢᠭᠠᠰᠢ ᠪᠠᠨ ᠶᠠᠪᠤᠬᠤ ᠪᠤᠢ?
    -  ᠤᠭ᠌ᠶᠤ ᠳᠡᠭᠡᠷ᠎ᠡ ᠤᠴᠢᠬᠤ ‍ᠤᠤ?
    - ᠶᠠᠷᠰᠢᠭ ᠪᠠᠶ᠋ᠢᠨ᠎ᠠ ᠳ᠋ᠠ᠂ ᠨᠢᠭᠡ ᠮᠠᠭᠤ ᠫᠠᠯᠢᠲ᠋ᠤ᠋ ᠠᠪᠤᠭᠰᠠᠨ ‍ᠢᠶ᠋ᠠᠷ ‍ᠢᠶ᠋ᠠᠨ ᠶᠡᠬᠡ ᠶᠠᠭᠤᠮ᠎ᠠ ᠪᠤᠯᠵᠤ ᠪᠠᠶ᠋ᠢᠨ᠎ᠠ ᠪᠢᠯᠡ᠃ ᠲᠡᠭᠥᠨ ᠡᠴᠡ ᠭᠤᠶᠤᠬᠤ ᠥᠭᠡᠢ᠂ ᠶᠠᠮᠠᠷ ᠴᠤ᠌ ᠪᠠᠶ᠋ᠢᠭᠰᠠᠨ ᠲᠡᠳᠡᠨ ᠦ ᠤᠯᠵᠤ ᠡᠮᠦᠰᠦᠭᠡ ᠥᠭᠡᠢ ᠫᠠᠯᠢᠲ᠋ᠤ᠋ ᠶᠢ ᠯᠠ ᠪᠠᠶᠠᠷ ‍ᠢᠶ᠋ᠠᠷ ᠡᠮᠦᠰᠦᠨ᠎ᠡ ᠳ᠋ᠠ ᠭᠡᠭᠰᠡᠭᠡᠷ ᠰᠤᠭᠤᠳᠠᠯᠴᠠᠨ ᠪᠠᠷᠠᠭᠤᠨ ᠵᠥᠭ ᠡᠷᠭᠢᠪᠡ᠃ 
    ᠠᠯᠪᠠ ᠠᠵᠢᠯ ‍ᠢᠶ᠋ᠠᠨ ᠴᠤ᠌ ᠮᠠᠷᠲᠠᠨ ᠡᠳᠥᠷᠵᠢᠨ ᠡᠷᠢᠯ ᠳᠦ ᠭᠠᠷᠴᠤ ᠮᠠᠨᠠᠷᠠᠭᠠᠭᠰᠠᠨ ᠡᠨᠡ ᠬᠡᠤᠬᠡᠨ ᠨᠣᠭᠥᠳ ᠬᠠᠮᠢᠭᠠᠭᠤᠷ ᠶᠠᠪᠤᠵᠤ᠂ ᠬᠠᠮᠢᠭ᠎ᠠ ᠤᠴᠢᠵᠤ ᠭᠡᠷᠬᠢᠭᠰᠡᠨ ᠢ ᠪᠤᠤ ᠮᠡᠳᠡ᠂ ᠠᠢ ᠳ᠋ᠠ ᠡᠨᠡ ᠬᠡᠤᠬᠡᠨ  ᠨᠣᠭᠥᠳ ‍ᠤᠤ! ᠤᠩᠭᠤᠳ ᠨᠢ ᠤᠷᠤᠬᠤ ᠪᠠᠷ ᠮᠦᠨ ᠴᠤ᠌ ᠁  

– – – – 
①  ᠮᠤᠤᠳ᠋ – ᠳᠡᠯᠭᠡᠷᠡᠮᠡᠯ ᠂ ᠴᠠᠭ ᠦᠶ᠎ᠡ ᠶᠢᠨ ᠥᠩᠭᠡ ᠶᠢ ᠳᠠᠭᠠᠬᠤ

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
     ᠦᠰᠦᠭ ᠠᠮᠢᠯᠠᠭᠤᠯᠤᠭᠰᠠᠨ ᠨᠢ ᠄  ᠴᠣᠯᠮᠣᠨᠲᠤᠶᠠᠭ᠎ᠠ 
  ᠬᠢᠨᠠᠭᠴᠢ ᠄ ᠭᠠᠸᠠ
          2023 ᠣᠨ ᠪ  7  ᠰᠠᠷ᠎ᠠ ᠶ᠋ᠢᠨ 4