ᠬᠠᠤᠯᠢ ᠨᠢ ᠭᠠᠤᠯᠢ ᠪᠣᠯᠪᠠ( ᠬᠡᠯᠡ ᠪᠢᠴᠢᠭ – ᠶᠢᠰᠦᠳᠦᠭᠡᠷ ᠳᠡᠪᠲᠡᠷ)Хуули нь гууль болов( Хэл бичиг – Есдүгээр дэвтэр)
ᠬᠠᠤᠯᠢ ᠨᠢ ᠭᠠᠤᠯᠢ ᠪᠣᠯᠪᠠ
ᠤᠷᠢᠳᠤ ᠴᠠᠭ ᠲᠤ᠌ ᠮᠣᠩᠭᠣᠯ ᠤ᠋ᠨ ᠨᠤᠲᠤᠭ ᠲᠤ᠌ ᠨᠢᠭᠡᠨ ᠰᠣᠬᠣᠷ ᠬᠤᠭᠤᠷᠴᠢ ᠪᠠᠢᠭᠰᠠᠨ ᠭᠡᠨ᠎ᠡ᠃ ᠲᠡᠷᠡ ᠬᠤᠭᠤᠷᠴᠢ ᠪᠣᠯ ᠭᠤᠷᠪᠠᠨ ᠵᠠᠭᠤᠨ ᠵᠢᠷᠠᠨ ᠬᠣᠨᠣᠭ ᠲᠤ᠌ ᠬᠤᠭᠤᠷ ᠢ᠋ᠶ᠋ᠠᠨ ᠬᠤᠭᠤᠷᠳᠠᠵᠤ ᠬᠣᠲᠠ ᠵᠡᠭᠡᠯᠢ ᠶ᠋ᠢ ᠬᠡᠰᠦᠨ᠂ ᠠᠢᠯ ᠬᠥᠳᠡᠭᠡ ᠶ᠋ᠢ ᠲᠣᠭᠣᠷᠢᠵᠤ ᠦᠯᠢᠭᠡᠷ ᠬᠡᠯᠡᠵᠦ ᠳᠠᠭᠤᠤ ᠳᠠᠭᠤᠯᠠᠵᠤ ᠶᠠᠪᠤᠳᠠᠭ ᠭᠡᠨ᠎ᠡ᠃
ᠬᠡᠴᠢᠨᠡᠨ ᠵᠢᠯ ᠪᠣᠯᠵᠤ᠂ ᠤᠳᠠᠭᠠᠨ ᠡᠳᠦᠷ ᠵᠤᠵᠠᠭᠠᠨ ᠬᠣᠨᠣᠭ ᠢ᠋ ᠥᠩᠭᠡᠷᠡᠭᠰᠡᠭᠡᠷ ᠦᠯᠢᠭᠡᠷ ᠬᠡᠯᠡᠨ ᠳᠠᠭᠤᠤ ᠳᠠᠭᠤᠯᠠᠨ ᠶᠠᠪᠤᠵᠤ ᠢᠳᠡᠵᠦ ᠡᠮᠦᠰᠬᠦ ᠪᠡᠨ ᠭᠠᠮᠨᠠᠨ ᠠᠷᠪᠢᠯᠠᠵᠤ᠂ ᠨᠡᠯᠢᠶᠡᠳ ᠲᠣᠭᠠᠨ ᠤ᠋ ᠮᠥᠩᠭᠥ ᠴᠤᠭᠯᠠᠭᠤᠯᠤᠭᠠᠳ ᠲᠡᠭᠦᠨ ᠢ᠋ᠶ᠋ᠡᠷ ᠨᠠᠰᠤ ᠠᠬᠢᠵᠦ ᠬᠦᠴᠦ ᠮᠡᠬᠦᠰᠳᠡᠬᠦ ᠦᠶ᠎ᠡ ᠳ᠋ᠡᠭᠡᠨ ᠠᠮᠢᠨ ᠲᠡᠵᠢᠭᠡᠯ ᠪᠣᠯᠭᠠᠶ᠎ᠠ ᠭᠡᠵᠦ ᠤᠭᠤᠲᠠᠨ ᠳ᠋ᠤ᠌ ᠬᠢᠵᠦ ᠨᠠᠨᠳᠢᠩᠨᠠᠨ ᠬᠠᠳᠠᠭᠠᠯᠠᠵᠤ ᠪᠠᠢᠵᠠᠢ᠃
ᠨᠢᠭᠡᠨ ᠡᠳᠦᠷ ᠲᠡᠷᠡ ᠪᠠᠰᠠ ᠣᠯᠠᠨ ᠤ᠋ ᠴᠤᠭᠯᠠᠭᠠᠨ ᠳ᠋ᠤ᠌ ᠣᠴᠢᠵᠤ ᠬᠤᠭᠤᠷ ᠢ᠋ᠶ᠋ᠠᠨ ᠬᠤᠭᠤᠷᠳᠠᠨ ᠳᠠᠭᠤᠤ ᠳᠠᠭᠤᠯᠠᠵᠤ ᠪᠠᠢᠭᠰᠠᠨ ᠳ᠋ᠤ᠌ ᠭᠣᠶᠣ ᠲᠣᠷᠭᠠᠨ ᠳᠡᠪᠡᠯ ᠲᠡᠢ ᠪᠤᠯᠢᠭᠠᠷᠢ ᠭᠤᠲᠤᠯ ᠲᠠᠢ᠂ ᠬᠥᠬᠡ ᠬᠢᠯᠢᠩ ᠬᠦᠷᠮ᠎ᠡ ᠲᠡᠢ ᠨᠢᠭᠡ ᠬᠥᠮᠦᠨ ᠮᠠᠯᠠᠭᠠᠢ ᠪᠠᠨ ᠬᠠᠵᠠᠭᠠᠢ ᠲᠠᠯᠪᠢᠵᠤ᠂ ᠬᠠᠢᠪᠠᠯᠵᠠᠨ ᠠᠯᠬᠤᠯᠠᠵᠤ ᠣᠯᠠᠨ ᠤ᠋ ᠳᠤᠮᠳᠠ ᠣᠷᠣᠵᠤ ᠢᠷᠡᠭᠡᠳ ᠴᠣᠮᠴᠣᠢᠨ ᠰᠠᠭᠤᠵᠤ ᠳᠠᠭᠤᠤ ᠰᠣᠨᠣᠰᠬᠤ ᠰᠢᠭ᠋ ᠴᠢᠬᠢ ᠲᠠᠯᠪᠢᠬᠤ ᠪᠣᠯᠪᠠᠴᠤ ᠬᠤᠭᠤᠷᠴᠢ ᠶ᠋ᠢᠨ ᠡᠪᠦᠷ ᠢ᠋ ᠰᠢᠯᠵᠢᠯ ᠦᠭᠡᠢ ᠬᠠᠷᠠᠵᠤ ᠰᠢᠯᠦᠰᠦ ᠪᠡᠨ ᠵᠠᠯᠭᠢᠨ᠎ᠠ ᠭᠡᠨ᠎ᠡ᠃
ᠴᠢᠩᠭᠢᠭᠡᠳ ᠬᠤᠭᠤᠷᠴᠢ ᠶ᠋ᠢᠨ ᠳᠠᠭᠤᠤ ᠲᠡᠭᠦᠰᠴᠦ ᠣᠯᠠᠨ ᠬᠥᠮᠦᠨ ᠲᠠᠷᠬᠠᠵᠤ ᠶᠠᠪᠤᠭᠰᠠᠨ ᠤ᠋ ᠬᠣᠢᠨ᠎ᠠ ᠡᠨᠡ ᠭᠣᠶᠣ ᠬᠣᠪᠴᠠᠰᠤᠲᠠᠢ ᠬᠥᠮᠦᠨ ᠭᠡᠨᠡᠳᠲᠡ ᠳᠠᠪ ᠬᠢᠵᠦ ᠬᠤᠭᠤᠷᠴᠢ ᠶ᠋ᠢᠨ ᠡᠪᠦᠷ ᠲᠦ᠍ ᠭᠠᠷ ᠢ᠋ᠶ᠋ᠠᠨ ᠣᠷᠣᠭᠤᠯᠵᠤ ᠤᠭᠤᠲᠠ ᠲᠠᠢ ᠮᠥᠩᠭᠥ ᠶ᠋ᠢ ᠨᠢ ᠪᠤᠯᠢᠶᠠᠬᠤ ᠳ᠋ᠤ᠌ ᠰᠣᠬᠣᠷ ᠬᠤᠭᠤᠷᠴᠢ ᠶᠡᠬᠡᠯ᠎ᠡ ᠮᠡᠩᠳᠡᠭᠦᠷᠡᠨ ᠰᠣᠴᠢᠵᠤ᠂ ᠡᠨᠡ ᠪᠠᠶᠠᠨ ᠤ᠋ ᠬᠦᠦ ᠶ᠋ᠢᠨ ᠬᠠᠨᠴᠤᠢ ᠠ᠋ᠴᠠ ᠨᠢ ᠵᠢᠭᠤᠷᠠᠨ ᠲᠠᠯᠪᠢᠬᠤ ᠦᠭᠡᠢ ᠪᠥᠭᠡᠳ ᠶᠡᠬᠡ ᠳᠠᠭᠤᠨ ᠢ᠋ᠶ᠋ᠠᠷ᠄
《 ᠭᠡᠭᠡᠨ ᠴᠠᠭᠠᠨ ᠡᠳᠦᠷ ᠭᠡᠷᠡᠯᠲᠦ ᠨᠠᠷᠠᠨ ᠤ᠋ ᠳᠣᠣᠷ᠎ᠠ ᠬᠥᠮᠦᠨ ᠢ᠋ ᠪᠤᠯᠢᠶᠠᠨ ᠳᠡᠭᠡᠷᠡᠮᠳᠡᠵᠦ ᠪᠠᠢᠨ᠎ᠠ ! 》ᠭᠡᠵᠦ ᠬᠠᠰᠬᠢᠷᠪᠠ᠃ ᠣᠯᠠᠨ ᠬᠥᠮᠦᠨ ᠭᠦᠶᠦᠯᠳᠦᠨ ᠢᠷᠡᠵᠦ᠂ ᠬᠤᠭᠤᠷᠴᠢ ᠶ᠋ᠢᠨ ᠡᠪᠦᠷ ᠡᠴᠡ ᠭᠠᠷ ᠢ᠋ᠶ᠋ᠠᠨ ᠰᠤᠭᠤᠯᠵᠤ ᠠᠮᠵᠢᠭᠠᠳᠤᠢ ᠬᠤᠯᠠᠭᠠᠢᠴᠢ ᠶ᠋ᠢ ᠪᠠᠷᠢᠨ ᠠᠪᠴᠤ᠄
《 ᠴᠢ ᠬᠠᠷᠢᠨ ᠡᠢᠮᠦ ᠭᠣᠶᠣ ᠰᠠᠢᠬᠠᠨ ᠬᠤᠪᠴᠠᠰᠤ ᠲᠠᠢ ᠪᠠᠢᠭᠠᠳ ᠬᠥᠭᠡᠷᠦᠬᠦᠢ ᠶᠠᠳᠠᠭᠤ ᠰᠣᠬᠣᠷ ᠢ᠋ ᠳᠠᠷᠤᠯᠠᠵᠤ᠂ ᠬᠥᠮᠦᠨ ᠢ᠋ ᠳᠡᠭᠡᠷᠡᠮᠳᠡᠬᠦ ᠴᠢᠨᠢ ᠶᠠᠭᠠᠬᠢᠭᠰᠠᠨ ᠵᠢᠭᠰᠢᠭᠦᠷᠢᠲᠡᠢ ᠮᠠᠭᠤ ᠴᠢᠰᠤ ᠪᠣᠢ? 》ᠭᠡᠵᠦ ᠵᠢᠮᠡᠯᠡᠪᠡ᠃ ᠬᠤᠯᠠᠭᠠᠢᠴᠢ ᠭᠠᠷ ᠲᠠᠭᠠᠨ ᠬᠤᠭᠤᠷᠴᠢ ᠶ᠋ᠢᠨ ᠤᠭᠤᠲᠠ ᠲᠠᠢ ᠮᠥᠩᠭᠥ ᠶ᠋ᠢ ᠪᠠᠷᠢᠵᠤ᠂ ᠲᠠᠯᠪᠢᠬᠤ ᠦᠭᠡᠢ ᠪᠥᠭᠡᠳ ᠶᠡᠬᠡ ᠳᠠᠭᠤᠨ ᠢ᠋ᠶ᠋ᠠᠷ᠄
《 ᠡᠨᠡ ᠮᠠᠭᠤ ᠬᠤᠭᠤᠷᠴᠢ ᠬᠠᠮᠢᠭ᠎ᠠ ᠠ᠋ᠴᠠ ᠡᠢᠮᠦ ᠣᠯᠠᠨ ᠵᠣᠭᠣᠰ ᠣᠯᠪᠠ ? ᠲᠠ ᠪᠣᠳᠣᠵᠤ ᠦᠵᠡ ! ᠡᠨᠡ ᠮᠠᠭᠤ ᠰᠣᠬᠣᠷ ᠠᠮᠢᠲᠠᠨ ᠬᠠᠷᠢᠨ ᠯᠤᠢᠪᠠᠷᠳᠠᠵᠤ ᠪᠠᠢᠨ᠎ᠠ ! 》 ᠭᠡᠪᠡ᠃ ᠣᠯᠠᠨ ᠬᠥᠮᠦᠨ ᠮᠠᠰᠢ ᠠᠭᠤᠷᠯᠠᠵᠤ᠄
《 ᠮᠠᠭᠤ ᠶᠠᠭᠤᠮ᠎ᠠ ᠬᠠᠷᠢᠨ ᠪᠠᠰᠠ ᠬᠤᠭᠤᠷᠴᠢ ᠶ᠋ᠢ ᠯᠤᠢᠪᠠᠷᠳᠠᠬᠤ ᠰᠠᠨᠠᠭ᠎ᠠ ᠲᠠᠢ 》ᠭᠡᠳ ᠲᠡᠭᠦᠨ ᠢ᠋ ᠲᠠᠲᠠᠵᠤ ᠴᠢᠩᠭᠠᠭᠠᠭᠰᠠᠭᠠᠷ ᠨᠣᠶᠠᠨ ᠤ᠋ ᠳᠡᠷᠭᠡᠳᠡ ᠠᠪᠴᠤ ᠢᠷᠡᠵᠡᠢ᠃
ᠨᠣᠶᠠᠨ ᠡᠨᠡ ᠶᠠᠪᠤᠳᠠᠯ ᠢ᠋ ᠰᠣᠨᠣᠰᠤᠭᠠᠳ᠂ ᠬᠤᠭᠤᠷᠴᠢ ᠶ᠋ᠢ ᠰᠠᠭᠤᠯᠭᠠᠵᠤ᠂ ᠬᠤᠯᠠᠭᠠᠢᠴᠢ ᠶ᠋ᠢ ᠵᠠᠩᠳᠤᠷᠤᠨ᠄
《 ᠦᠳᠲᠡᠷ ᠰᠥᠭᠥᠳ᠂ ᠥᠴᠢᠭ ᠢᠶᠠᠨ ᠮᠡᠳᠡᠭᠦᠯ ! ᠭᠡᠭᠡᠨ ᠴᠠᠭᠠᠨ ᠡᠳᠦᠷ ᠭᠡᠷᠡᠯᠲᠦ ᠨᠠᠷᠠᠨ ᠤ᠋ ᠳᠣᠣᠷ᠎ᠠ ᠴᠢ ᠬᠠᠷᠢᠨ ᠡᠨᠡ ᠮᠠᠭᠤ ᠶᠠᠳᠠᠭᠤ ᠵᠦᠳᠡᠭᠦᠦ ᠬᠤᠭᠤᠷᠴᠢ ᠶ᠋ᠢ ᠳᠠᠷᠤᠯᠠᠨ ᠳᠣᠷᠣᠮᠵᠢᠯᠠᠵᠤ ᠶᠠᠪᠤᠬᠤ ᠴᠢᠨᠢ ᠶᠠᠭᠠᠬᠢᠭᠰᠠᠨ ᠰᠠᠮᠠᠭᠤᠨ ᠬᠤᠯᠠᠭᠠᠢᠴᠢ ᠪᠣᠢ ? ᠥᠷᠥᠰᠢᠶᠡᠯᠲᠦ ᠬᠠᠭᠠᠨ ᠦᠨᠡᠨ ᠡᠵᠡᠨ ᠦ᠌ ᠤᠯᠤᠰ ᠲᠤ᠌ ᠠᠮᠢᠳᠤᠷᠠᠵᠤ ᠪᠠᠢᠭᠠᠳ ᠡᠢᠮᠦ ᠳᠣᠣᠷᠠᠲᠤ ᠪᠠᠷ ᠶᠠᠪᠤᠬᠤ ᠴᠢᠨᠢ ᠶᠠᠭᠤ ᠪᠣᠢ ? 》 ᠭᠡᠵᠦ ᠠᠰᠠᠭᠤᠪᠠ᠃ ᠬᠤᠯᠠᠭᠠᠢᠴᠢ ᠬᠡᠯᠡᠭᠰᠡᠨ ᠨᠢ᠄
《 ᠨᠣᠶᠠᠨ ᠠᠪᠤ ᠮᠢᠨᠢ! ᠪᠢ ᠡᠪᠦᠭᠡ ᠳᠡᠭᠡᠳᠦᠰ ᠦ᠋ᠨ ᠢ᠋ᠶ᠋ᠡᠷ ᠪᠤᠶᠠᠨ ᠳ᠋ᠤ᠌ ᠨᠡᠷ᠎ᠡ ᠲᠥᠷᠥ ᠲᠡᠢ ᠬᠥᠮᠦᠨ ᠪᠢᠯᠡ᠃ ᠶᠠᠭᠠᠬᠢᠯ᠎ᠠ ᠭᠡᠵᠦ ᠡᠢᠮᠦ ᠮᠠᠭᠤ ᠬᠡᠷᠡᠭ ᠭᠠᠷᠭᠠᠬᠤ ᠪᠣᠢ ! ᠠᠪᠤ ᠶ᠋ᠢᠨ ᠢ᠋ᠶ᠋ᠡᠨ ᠬᠥᠷᠥᠩᠭᠡ ᠶ᠋ᠢ ᠢᠳᠡᠵᠦ ᠪᠠᠷᠠᠳᠠᠭ ᠦᠭᠡᠢ ᠬᠥᠮᠦᠨ ᠪᠢᠯᠡ᠂ ᠠᠳᠠᠭ ᠲᠤᠯᠵᠤ ᠠᠷᠭ᠎ᠠ ᠪᠠᠨ ᠪᠠᠷᠠᠯ᠎ᠠ ᠭᠡᠵᠦ ᠡᠨᠡ ᠮᠠᠭᠤ ᠭᠤᠢᠷᠠᠨᠴᠢ ᠶ᠋ᠢ ᠳᠡᠭᠡᠷᠡᠮᠳᠡᠬᠦ ᠦᠦ ? 》ᠭᠡᠪᠡ᠃ ᠨᠣᠶᠠᠨ᠄
《 ᠤᠳᠤᠮ ᠮᠠᠭᠤᠲᠤ ᠶ᠋ᠢᠨ ᠦᠷ᠎ᠡ᠂ ᠦᠬᠦᠯ ᠢᠶᠠᠨ ᠡᠷᠢᠭᠰᠡᠨ※ᠬᠤᠯᠠᠭᠠᠢᠴᠢ ᠴᠢ ᠬᠠᠷᠢᠨ ᠠᠪᠤ ᠳᠡᠭᠡᠳᠦᠰ ᠦ᠋ᠨ ᠢᠶᠠᠨ ᠪᠤᠶᠠᠨ ᠳ᠋ᠤ᠌ ᠨᠡᠷ᠎ᠡ ᠲᠡᠢ ᠬᠥᠮᠦᠨ ᠭᠡᠨ᠎ᠡ ? ᠴᠢᠩᠭᠢᠵᠦ ᠪᠠᠢᠭᠠᠳ ᠶᠠᠭᠤᠨ ᠳ᠋ᠤ᠌ ᠳᠣᠷᠣᠢ ᠪᠠᠭᠤᠷᠠᠢ ᠬᠥᠮᠦᠨ ᠢ᠋ ᠳᠠᠷᠤᠯᠠᠬᠤ ᠪᠣᠢ ? ᠪᠠᠰᠠ ᠨᠢᠭᠤᠷ ᠦᠭᠡᠢ ᠰᠠᠢᠨ ᠤ᠋ ᠪᠠᠨ ᠪᠤᠶᠠᠨ ᠳ᠋ᠤ᠌ ᠭᠡᠵᠦ ᠴᠠᠯᠴᠢᠬᠤ ᠴᠢᠨᠢ ᠶᠠᠭᠤ ᠪᠣᠢ ? ᠲᠡᠷᠡ ᠤᠳᠤᠮ ᠮᠠᠭᠤ ᠡᠴᠢᠭᠡ ᠡᠬᠡ ᠴᠢᠨᠢ ᠶᠠᠭᠠᠬᠢᠵᠤ ᠪᠠᠢᠭᠠᠳ ᠪᠠᠰᠠ ᠴᠢᠮ᠎ᠠ ᠰᠢᠭ᠋ ᠡᠢᠮᠦ ᠠᠮᠢᠲᠠᠨ ᠢ᠋ ᠲᠥᠷᠥᠭᠰᠡᠨ ᠪᠣᠢ ? 》ᠭᠡᠵᠦ ᠵᠠᠩᠨᠠᠪᠠ᠃ ᠬᠤᠯᠠᠭᠠᠢᠴᠢ ᠄
《ᠨᠣᠶᠠᠨ ᠠᠪᠤ ᠮᠢᠨᠢ! ᠮᠢᠨᠦ ᠡᠴᠢᠭᠡ ᠡᠬᠡ ᠤᠳᠤᠮ ᠢ᠋ᠶ᠋ᠠᠷ ᠮᠠᠭᠤ ᠬᠥᠮᠦᠰ ᠪᠢᠰᠢ᠃ ᠦᠨᠡᠨ ᠳ᠋ᠡᠭᠡᠨ ᠠᠯᠳᠠᠷ ᠴᠣᠯᠠ ᠲᠠᠢ ᠪᠥᠭᠡᠳ ᠳᠥᠷᠪᠡᠨ ᠳᠠᠯᠠᠢ ᠶ᠋ᠢᠨ ᠳᠣᠲᠣᠷ᠎ᠠ ᠲᠠᠨᠢᠬᠤ ᠦᠭᠡᠢ ᠬᠥᠮᠦᠨ ᠭᠡᠵᠦ ᠦᠭᠡᠢ᠃ ᠥᠷᠥᠰᠢᠶᠡᠯᠳᠦ ᠬᠠᠭᠠᠨ ᠠ᠋ᠴᠠ ᠲᠡᠷᠢᠭᠦᠯᠡᠨ᠂ ᠥᠩᠭᠡᠲᠡᠢ ᠭᠡᠷᠡᠯᠲᠡᠢ ᠶᠠᠪᠤᠵᠤ ᠪᠠᠢᠬᠤ ᠨᠣᠶᠠᠳ ᠲᠦᠰᠢᠮᠡᠳ ᠪᠠ ᠡᠷᠦᠬᠡ ᠭᠡᠷ ᠨᠢ ᠤᠳᠤᠮ ᠲᠠᠢ ᠤᠯᠤᠰ ᠪᠦᠷ ᠲᠠᠨᠢᠨ᠎ᠠ 》 ᠭᠡᠰᠡᠨ ᠳ᠋ᠦ᠍ ᠨᠣᠶᠠᠨ ᠶᠡᠬᠡ ᠪᠡᠷ ᠠᠭᠤᠷᠯᠠᠵᠤ ᠄
《 ᠬᠡᠨ ᠴᠢᠨᠦ ᠲᠡᠷᠡ ᠬᠥᠪᠡᠭᠦᠨ ᠢ᠋ᠶ᠋ᠡᠷ ᠴᠦ᠍ ᠰᠤᠷᠭᠠᠵᠤ ᠴᠢᠳᠠᠭᠰᠠᠨ ᠦᠭᠡᠢ ᠮᠤᠩᠬᠠᠭ ᠡᠴᠢᠭᠡ ᠶ᠋ᠢ ᠴᠢᠨᠢ ᠲᠠᠨᠢᠬᠤ ᠪᠣᠢ?》ᠭᠡᠪᠡ᠃ ᠬᠤᠯᠠᠭᠠᠢᠴᠢ ᠄
《 ᠨᠣᠶᠠᠨ ᠠᠪᠤ ᠮᠢᠨᠢ ! ᠪᠢ ᠬᠡᠷᠪᠡ ᠠᠪᠤ ᠶ᠋ᠢᠨ ᠨᠡᠷ᠎ᠡ ᠶ᠋ᠢ ᠬᠡᠯᠡᠪᠡᠯ ᠡᠷᠬᠢᠮ ᠲᠠ ᠪᠠᠰᠠ ᠯᠠᠪ ᠲᠠᠨᠢᠨ᠎ᠠ 》 ᠭᠡᠪᠡ᠃ ᠨᠣᠶᠠᠨ ᠄
《 ᠴᠢᠨᠦ ᠲᠡᠷᠡ ᠴᠢᠰᠤ ᠪᠠᠷ ᠤᠷᠤᠰᠤᠭᠰᠠᠨ ᠡᠴᠢᠭᠡ ᠶ᠋ᠢ ᠴᠢᠨᠢ ᠪᠠᠰᠠ ᠶᠠᠯᠠᠯᠠᠵᠤ ᠪᠣᠯᠤᠨ᠎ᠠ᠃ ᠬᠡᠨ ᠭᠡᠭᠴᠢ ᠨᠡᠷ᠎ᠡ ᠲᠡᠢ ᠠᠮᠢᠲᠠᠨ ᠪᠣᠢ ? 》ᠭᠡᠰᠡᠨ ᠳ᠋ᠦ᠍ ᠬᠤᠯᠠᠭᠠᠢᠴᠢ᠂ ᠨᠣᠶᠠᠨ ᠤ᠋ ᠵᠦᠭ ᠨᠢᠳᠦ ᠢᠷᠮᠡᠨ ᠄
《 ᠮᠢᠨᠦ ᠠᠪᠤ ᠨᠢᠭᠤᠷ ᠨᠢ ᠴᠣᠬᠣᠷ᠂ ᠨᠢᠷᠤᠭᠤ ᠨᠢ ᠪᠥᠭᠲᠥᠷ ᠂ ᠨᠡᠷ᠎ᠡ ᠲᠠᠪᠢᠨᠲᠠᠢ ᠭᠡᠳᠡᠭ 》ᠭᠡᠵᠦ ᠬᠡᠯᠡᠪᠡ᠃ ᠨᠣᠶᠠᠨ ᠬᠡᠷᠡᠭ ᠰᠢᠭᠦᠬᠦ ᠪᠡᠨ ᠪᠠᠢᠵᠤ ᠨᠡᠯᠢᠶᠡᠳ ᠤᠳᠠᠲᠠᠯ᠎ᠠ ᠪᠣᠳᠣᠭᠠᠳ᠂ ᠪᠠᠬᠠᠨ ᠢᠨᠢᠶᠡᠮᠰᠦᠭᠯᠡᠵᠦ ᠄
《 ᠵᠠ ! ᠲᠠᠨᠤᠰᠠ ᠶ᠋ᠢᠨ ᠡᠨᠡ ᠶᠠᠷᠰᠢᠭᠲᠠᠢ ᠬᠡᠷᠡᠭ ᠢ᠋ ᠴᠢᠨᠢ ᠮᠠᠷᠭᠠᠰᠢ ᠰᠢᠭᠦᠶᠡ 》ᠭᠡᠵᠦ ᠬᠡᠯᠡᠭᠡᠳ ᠬᠤᠭᠤᠷᠴᠢ ᠪᠣᠯᠤᠨ ᠬᠤᠯᠠᠭᠠᠢᠴᠢ ᠶ᠋ᠢ ᠬᠣᠶᠠᠷ ᠳᠠᠰᠢ ᠰᠠᠯᠭᠠᠵᠤ ᠬᠣᠨᠣᠭᠰᠠᠨ ᠳ᠋ᠤ᠌ ᠣᠷᠣᠢ ᠨᠢ ᠬᠤᠯᠠᠭᠠᠢᠴᠢ ᠂ ᠨᠣᠶᠠᠨ ᠳ᠋ᠤ᠌ ᠲᠠᠪᠢᠨ ᠯᠠᠩ ᠤ᠋ᠨ ᠨᠢᠭᠤᠷ ᠨᠢ ᠴᠣᠬᠣᠷ᠂ ᠨᠢᠷᠤᠭᠤ ᠨᠢ ᠪᠥᠭᠲᠥᠷ ᠮᠥᠩᠭᠥᠨ ᠶᠤᠸᠠᠮᠪᠤᠤ ※ ᠭᠠᠷᠭᠠᠵᠤ ᠬᠠᠬᠤᠤᠯᠢ ᠲᠦᠯᠬᠢᠪᠡ ᠭᠡᠨ᠎ᠡ᠃
ᠮᠠᠷᠭᠠᠰᠢ ᠨᠢ ᠨᠣᠶᠠᠨ ᠡᠨᠡ ᠬᠣᠶᠠᠷ ᠢ᠋ ᠠᠪᠴᠢᠷᠠᠨ ᠬᠡᠷᠡᠭ ᠤᠴᠢᠷ ᠢ᠋ ᠨᠢ ᠰᠢᠳᠬᠡᠬᠦ ᠳ᠋ᠦ᠍ ᠬᠠᠷᠢᠨ ᠥᠴᠥᠭᠡᠳᠦᠷ ᠦ᠋ᠨ ᠠᠳᠠᠯᠢ ᠬᠤᠯᠠᠭᠠᠢᠴᠢ ᠶ᠋ᠢ ᠰᠢᠭᠦᠨ ᠵᠠᠩᠳᠤᠷᠬᠤ ᠦᠭᠡᠢ ᠪᠥᠭᠡᠳ ᠰᠣᠬᠣᠷ ᠬᠤᠭᠤᠷᠴᠢ ᠳ᠋ᠤ᠌ ᠶᠡᠬᠡ ᠠᠭᠤᠷᠯᠠᠨ ᠄
《 ᠮᠠᠭᠤ ᠬᠠᠷ᠎ᠠ ᠰᠣᠬᠣᠷ ᠭᠤᠢᠷᠠᠨᠴᠢ ᠴᠢ ᠠᠮᠤᠷ ᠠᠮᠢᠳᠤᠷᠠᠨ᠂ ᠬᠡᠪ ᠢ᠋ᠶ᠋ᠡᠷ ᠰᠠᠬᠢᠵᠤ ᠬᠢᠷᠢ ᠪᠡᠨ ᠮᠡᠳᠡᠬᠦ ᠦᠭᠡᠢ᠂ ᠬᠠᠷᠢᠨ ᠠᠯᠳᠠᠷᠲᠤ ᠬᠥᠮᠦᠰ ᠲᠡᠢ ᠠᠲᠠᠭᠠᠷᠬᠠᠵᠤ᠂ ᠡᠷᠬᠢᠮ ᠬᠥᠮᠦᠰ ᠲᠡᠢ ᠮᠥᠴᠡᠭᠡᠷᠬᠡᠵᠦ᠂ ᠠᠮᠠᠨ ᠤ᠋ ᠳᠤᠷ᠎ᠠ ᠪᠠᠷ ᠢ᠋ᠶ᠋ᠠᠨ ᠭᠤᠲᠤᠭᠠᠨ ᠮᠠᠭᠤᠰᠢᠶᠠᠵᠤ᠂ ᠭᠡᠭᠡᠨ ᠬᠠᠭᠠᠨ ᠤ᠋ ᠲᠥᠷᠥ᠂ ᠭᠡᠷᠡᠯᠲᠦ ᠨᠠᠷᠠᠨ ᠤ᠋ ᠳᠣᠣᠷ᠎ᠠ ᠰᠠᠢᠨ ᠬᠥᠮᠦᠨ ᠢ᠋ ᠯᠤᠢᠪᠠᠷᠳᠠᠨ ᠶᠠᠪᠤᠬᠤ ᠴᠢᠨᠢ ᠶᠠᠮᠠᠷ ᠪᠣᠳᠣᠯ ᠲᠠᠢ ᠪᠣᠢ ? 》 ᠭᠡᠪᠡ ᠃
ᠥᠨᠥ ᠰᠣᠬᠣᠷ ᠬᠤᠭᠤᠷᠴᠢ ᠶᠠᠭᠤ ᠴᠤ᠌ ᠬᠡᠯᠡᠬᠦ ᠦᠭᠡᠢ ᠲᠣᠪ ᠳᠤᠭᠤᠢ ᠪᠠᠢᠵᠤ᠂ ᠰᠠᠭᠤᠭᠰᠠᠨ ᠣᠷᠣᠨ ᠳ᠋ᠠᠭᠠᠨ ᠬᠣᠶᠠᠷ ᠭᠠᠷ ᠢ᠋ᠶ᠋ᠠᠷ ᠢ᠋ᠶ᠋ᠠᠨ ᠭᠠᠵᠠᠷ ᠢ᠋ ᠮᠠᠭᠠᠵᠢᠨ ᠮᠠᠯᠲᠠᠵᠤ ᠪᠠᠢᠨ ᠪᠠᠢᠨ ᠴᠢᠬᠢ ᠪᠡᠨ ᠭᠠᠵᠠᠷ ᠲᠤ᠌ ᠨᠠᠭᠠᠯᠳᠤᠭᠤᠯᠤᠨ ᠶᠠᠮᠠᠷ ᠨᠢᠭᠡᠨ ᠶᠠᠭᠤᠮ᠎ᠠ ᠣᠯᠵᠤ ᠰᠣᠨᠣᠰᠤᠭᠰᠠᠨ ᠶᠤᠮ ᠰᠢᠭ᠋ ᠴᠢᠩᠨᠠᠨ᠎ᠠ᠃ ᠨᠣᠶᠠᠨ ᠡᠭᠦᠨ ᠢ᠋ ᠦᠵᠡᠭᠡᠳ ᠄
《 ᠬᠥᠶᠢ ! ᠴᠢᠰᠤ ᠪᠠᠷ ᠤᠷᠤᠰᠤᠭᠰᠠᠨ ᠮᠠᠭᠤ ᠬᠠᠷ᠎ᠠ ᠭᠤᠢᠷᠠᠨᠴᠢ ᠶᠠᠭᠤ ᠬᠢᠵᠦ ᠪᠠᠢᠭ᠎ᠠ ᠶᠤᠮ ? 》 ᠭᠡᠰᠡᠨ ᠳ᠋ᠦ᠍ ᠰᠣᠬᠣᠷ ᠬᠤᠭᠤᠷᠴᠢ ᠄
《 ᠨᠣᠶᠠᠨ ᠮᠢᠨᠢ ! ᠥᠴᠥᠭᠡᠳᠦᠷ ᠡᠨᠳᠡ ᠬᠠᠤᠯᠢ ᠳᠤᠤᠭᠠᠷᠴᠤ ᠪᠠᠢᠭᠰᠠᠨ ᠶᠤᠮᠰᠠᠨ᠃ ᠭᠡᠪᠡᠴᠦ ᠥᠨᠥᠳᠥᠷ ᠡᠨᠳᠡ ᠭᠠᠤᠯᠢ ᠳᠤᠤᠭᠠᠷᠴᠤ ᠪᠠᠢᠨ᠎ᠠ᠃ ᠮᠥᠩᠭᠥ ᠪᠠᠢᠬᠤ ᠂ ᠮᠠᠯᠲᠠᠨ ᠭᠠᠷᠭᠠᠵᠤ ᠨᠣᠶᠠᠨ ᠳ᠋ᠤ᠌ ᠪᠠᠷᠢᠶ᠎ᠠ ᠭᠡᠰᠡᠨ ᠶᠦᠮ 》 ᠭᠡᠵᠦ ᠬᠠᠷᠢᠭᠤᠯᠤᠭᠰᠠᠨ ᠳ᠋ᠤ᠌ ᠨᠣᠶᠠᠨ ᠮᠠᠰᠢ ᠮᠡᠩᠳᠡᠵᠦ ᠴᠢᠷᠠᠢ ᠨᠢ ᠬᠤᠪᠢᠷᠠᠨ ᠰᠣᠬᠣᠷ ᠬᠤᠭᠤᠷᠴᠢ ᠶ᠋ᠢ ᠬᠥᠭᠡᠭᠡᠵᠦ ᠭᠠᠷᠭᠠᠪᠠ ᠭᠡᠨ᠎ᠡ ᠃
– – – –
※ᠦᠬᠦᠭᠰᠡᠨ ᠢ᠋ᠶ᠋ᠡᠷ ᠲᠦᠷᠦᠭᠦᠦ— ᠦᠬᠦᠯ ᠢ᠋ᠶ᠋ᠡᠷ ᠡᠷᠢᠭᠰᠡᠨ
※ᠶᠤᠸᠠᠮᠪᠤᠤ — ᠥᠯᠥᠭᠡᠢ ᠮᠥᠩᠭᠥ
ᠢᠷᠡᠯᠲᠡ –
ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠶᠢᠰᠦᠳᠦᠭᠡᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ
1981 ᠣᠨ ᠤ᠋ 5 ᠰᠠᠷ᠎ᠠ ᠳ᠋ᠤ᠌ ᠬᠣᠶᠠᠳᠤᠭᠠᠷ ᠬᠡᠪ ᠢ᠋ ᠬᠢᠪᠡ
1984 ᠣᠨ ᠤ᠋ 4 ᠰᠠᠷ᠎ᠠ ᠳ᠋ᠤ᠌ ᠳᠥᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠳ᠂ ᠣᠶᠤᠨᠴᠡᠴᠡᠭ
ᠬᠢᠨᠠᠭᠴᠢ ᠄ ᠣᠳᠬᠠᠨᠰᠣ᠎ᠠ ᠂ ᠳ᠂ ᠣᠶᠤᠨᠴᠡᠴᠡᠭ ᠂ ᠲᠣ᠋·ᠨᠠᠨᠲᠢᠨ
2023.3.22
