ᠵᠢᠮ᠎ᠠ ᠶᠣᠰᠣᠨ ᠰᠠᠶ᠋ᠢᠬᠠᠨ - ᠲᠣ ·ᠨᠠᠨᠲᠢᠨ Жам ёсон сайхан - Т · Нандин
ᠵᠢᠮ᠎ᠠ ᠶᠣᠰᠣᠨ ᠰᠠᠶ᠋ᠢᠬᠠᠨ
ᠲᠣ᠋·ᠨᠠᠨᠲᠢᠨ
ᠠᠯᠲᠠᠨ ᠳᠡᠯᠡᠬᠡᠢ ᠶ᠋ᠢᠨ ᠵᠢᠮ᠎ᠡ
ᠣᠷᠣᠰᠢᠬᠤᠢ ᠠᠮᠢᠲᠤᠷᠠᠬᠤᠢ ᠶ᠋ᠢᠨ ᠶᠣᠰᠣᠨ
ᠠᠮᠢ ᠨᠠᠰᠤᠨ ᠪ ᠦᠨ᠎ᠡ ᠴᠠᠨ᠎ᠠ
ᠠᠷᠢᠭᠤᠨ ᠬᠥᠲᠡᠯᠮᠦᠷᠢ ᠳ᠋ᠤᠷ ᠠᠮᠤᠢ᠃
ᠪᠢᠴᠢᠭ ᠰᠣᠶᠣᠯ ᠦ᠋ᠨ ᠵᠢᠮ᠎ᠡ
ᠬᠥᠭᠵᠢᠨ ᠪᠠᠲᠠᠷᠠᠬᠤᠢ ᠶ᠋ᠢᠨ ᠶᠣᠰᠣᠨ
ᠪᠢᠯᠢᠭ ᠣᠶᠤᠨ ᠪ ᠷᠢᠳᠢ ᠰᠢᠳᠢ
ᠪᠢᠴᠢᠵᠦ ᠲᠣᠭᠣᠷᠪᠢᠬᠤ ᠳ᠋ᠤᠷ ᠠᠮᠤᠢ᠃
ᠠᠨᠳᠠ ᠨᠥᠬᠥᠷ ᠦ᠋ᠨ ᠵᠢᠮ᠎ᠡ
ᠪᠢᠰᠢᠷᠡᠨ ᠢᠲᠡᠬᠡᠬᠦᠢ ᠶ᠋ᠢᠨ ᠶᠣᠰᠣᠨ
ᠠᠨᠲᠠᠭᠠᠢ ᠲᠠᠩᠭᠠᠷᠢᠭ ᠦ᠋ᠨ ᠠᠴᠢ ᠳᠤᠰᠠ
ᠠᠰᠢᠳᠠ ᠪᠠᠷᠢᠮᠲᠠᠯᠠᠬᠤ ᠳ᠋ᠤᠷ ᠠᠮᠤᠢ᠃
2022.7.19
ᠦᠰᠦᠭ ᠠᠮᠢᠯᠠᠭᠤᠯᠤᠭᠴᠢ᠄ ᠦᠵᠶᠡᠳ᠂ ᠡᠷᠳᠡᠨᠢᠴᠡᠴᠡᠭ
ᠬᠢᠨᠠᠭᠴᠢ ᠄ ᠣᠶᠣᠨᠴᠡᠴᠡᠭ
2023.7.5
