ᠡᠬᠡ ᠶᠢᠨ ᠰᠡᠳᠬᠢᠯ- ᠫᠤᠩᠰᠤᠭ ᠦᠨ ᠪᠠᠳᠠᠷᠴᠢЭхийн сэтгэл-понсгийн бадарч ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠶᠢᠨ ᠰᠡᠳᠬᠢᠯ- ᠫᠤᠩᠰᠤᠭ ᠦᠨ ᠪᠠᠳᠠᠷᠴᠢЭхийн сэтгэл-понсгийн бадарч

ᠡᠬᠡ ᠶᠢᠨ ᠰᠡᠳᠬᠢᠯ- ᠫᠤᠩᠰᠤᠭ ᠦᠨ ᠪᠠᠳᠠᠷᠴᠢЭхийн сэтгэл-понсгийн бадарч

2023-07-07

873

ᠡᠬᠡ ᠶᠢᠨ ᠰᠡᠳᠬᠢᠯ

          ᠫᠤᠩᠰᠤᠭ ᠊ᠤᠨ ᠪᠠᠳᠠᠷᠴᠢ 
ᠡᠵᠢ ᠨᠢ ᠮᠠᠭᠤ ᠬᠦᠦ ᠪᠡᠨ ᠦᠬᠦᠵᠡᠢ ᠭᠡᠵᠦ ᠵᠡᠭᠦᠳᠦᠯᠡᠯ᠎ᠡ 
ᠡᠢᠮᠦ ᠠᠶᠤᠮᠠᠷ ᠵᠡᠭᠦᠳᠦ ᠨᠠᠶᠨ ᠨᠠᠰᠤᠯᠠᠬᠤ ᠳ᠋ᠤ᠌ ᠪᠠᠨ ᠵᠡᠭᠦᠳᠦᠯᠡᠯ᠎ᠡ ᠦᠭᠡᠢ ᠳᠡ 
ᠰᠠᠭᠠᠯᠢ ᠰᠦᠨ ᠳ᠋ᠦ᠍ ᠪᠡᠨ ᠳᠡᠪᠡᠯᠵᠡᠵᠦ ᠶᠠᠪᠤᠭᠰᠠᠨ ᠴᠤ᠌ 
ᠰᠠᠨᠠᠭ᠎ᠠ ᠰᠡᠳᠬᠢᠯ ᠮᠢᠨᠢ ᠭᠡᠭᠡᠯᠵᠡᠵᠦ ᠪᠠᠢᠭᠰᠠᠨ ᠴᠤ᠌ 
ᠰᠠᠷᠨᠢᠬᠤ ᠪᠣᠳᠣᠯ ᠊ᠤᠨ ᠦᠵᠦᠭᠦᠷ ᠡᠴᠡ 
ᠮᠢᠨᠦ ᠬᠦᠦ ᠭᠠᠷᠬᠤ ᠦᠭᠡᠢ ᠶᠦᠮ ᠠ᠋ 
ᠰᠠᠢᠬᠠᠨ ᠰᠢᠯᠦᠭ ᠪᠢᠴᠢᠵᠦ ᠭᠡᠨ᠎ᠡ ᠠ᠋᠂ ᠮᠢᠨᠦ ᠬᠦᠦ 
ᠠᠮᠢᠲᠠᠨ ᠬᠥᠮᠦᠨ ᠤᠩᠰᠢᠵᠤ ᠪᠠᠢᠨ᠎ᠠ
ᠰᠠᠢᠬᠠᠨ ᠳᠠᠭᠤᠤ ᠵᠣᠬᠢᠶᠠᠵᠤ ᠭᠡᠨ᠎ᠡ ᠠ᠋᠂ ᠮᠢᠨᠦ ᠬᠦᠦ
ᠷᠠᠳᠢᠣ᠋ ᠪᠠᠷ ᠳᠠᠭᠤᠯᠠᠵᠤ ᠪᠠᠢᠨ᠎ᠠ
ᠰᠠᠢᠨ ᠶᠠᠪᠤᠨ᠎ᠠ ᠭᠡᠨ᠎ᠡ᠂ ᠮᠢᠨᠦ ᠬᠦᠦ
ᠠᠶᠠᠨ ᠵᠠᠮ ᠊ᠤᠨ ᠬᠥᠮᠦᠨ ᠬᠡᠯᠡᠵᠦ ᠪᠠᠢᠨ᠎ᠠ
ᠮᠭᠤ ᠶᠠᠪᠤᠨ᠎ᠠ ᠭᠡᠨ᠎ᠡ᠂ ᠮᠢᠨᠦ ᠬᠦᠦ
ᠠᠮᠠᠨ ᠊ᠤ ᠵᠤᠭ᠎ᠠ ᠶᠠᠷᠢᠵᠤ ᠪᠠᠢᠨ᠎ᠠ
ᠠᠯᠢ ᠨᠢ ᠴᠦ᠍ ᠡᠵᠢ ᠳ᠋ᠦ᠍ ᠨᠢ ᠢᠯᠭᠠᠭ᠎ᠠ ᠦᠭᠡᠢ ᠳᠡ
ᠠᠮᠢᠳᠤ ᠶᠠᠪᠤᠭ᠎ᠠ ᠴᠢᠨᠢ ᠡᠵᠢ ᠳ᠋ᠦ᠍ ᠪᠡᠨ
ᠠᠯᠳᠠᠷ ᠴᠢᠨᠢ ᠶᠦᠮ ᠰᠢᠦ ᠳᠡ
ᠡᠵᠢ ᠨᠢ ᠬᠦᠦ ᠪᠡᠨ ᠶᠡᠬᠡ ᠰᠠᠨᠠᠬᠤ ᠶᠤᠮ ᠠ᠋
ᠠᠷᠤᠭ ᠰᠠᠪᠠᠷ ᠬᠣᠶᠠᠷ  ᠢ᠋ᠶ᠋ᠠᠨ ᠵᠥᠷᠢᠭᠦᠯᠦᠨ ᠪᠠᠢᠵᠤ ᠪᠣᠳᠣᠬᠤ ᠶᠤᠮ
ᠠᠷᠭᠠᠯ ᠴᠢᠯᠠᠭᠤ ᠬᠣᠶᠠᠷ ᠢ᠋ ᠠᠨᠳᠠᠭᠤᠷᠠᠨ ᠲᠡᠭᠦᠵᠦ ᠰᠠᠨᠠᠬᠤ ᠶᠤᠮ
ᠠᠯᠠᠭ᠎ᠠ ᠠ᠋ ᠮᠢᠨᠦ ᠬᠦᠦ ᠠᠯᠠᠭ᠎ᠠ
ᠲᠡᠮᠡᠭᠡ ᠲᠡᠮᠡᠭᠡ ᠴᠠᠭᠠᠨ ᠡᠭᠦᠯᠡ ᠶ᠋ᠢ
ᠲᠡᠨᠳᠡ ᠪᠡᠨ ᠴᠠᠷᠴᠠᠲᠠᠯ᠎ᠠ ᠪᠢ ᠬᠠᠷᠠᠯ᠎ᠠ
ᠲᠡᠭᠷᠢ ᠶ᠋ᠢᠨ ᠶᠠᠭᠠᠨ ᠬᠠᠶᠠᠭ᠎ᠠ ᠶ᠋ᠢ
ᠴᠠᠪ ᠰᠠᠭᠤᠲᠠᠯ᠎ᠠ ᠰᠢᠷᠲᠡᠯ᠎ᠡ
ᠡᠵᠢ ᠳ᠋ᠦ᠍ ᠪᠡᠨ ᠢᠷᠡᠭᠰᠡᠨ ᠦᠭᠡᠢ
ᠬᠥᠮᠦᠨ ᠦ᠌ ᠬᠦᠦ ᠡᠵᠢ ᠳ᠋ᠦ᠍ ᠪᠡᠨ ᠢᠷᠡᠵᠦ ᠭᠡᠨ᠎ᠡ
ᠭᠣᠣᠯ ᠤᠰᠤ ᠪᠠᠷ ᠨᠢᠭᠡ ᠨᠠᠢᠷ ᠨᠠᠭᠠᠳᠤᠮ ᠪᠣᠯᠵᠤ ᠪᠠᠢᠨ᠎ᠠ
ᠮᠢᠨᠦ ᠬᠦᠦ ᠪᠣᠯᠬᠣᠷ ᠱᠣᠷᠣᠩ ᠳ᠋ᠤ᠌ ᠣᠷᠣᠵᠤ ᠭᠡᠨ᠎ᠡ
ᠭᠣᠣᠯ ᠢ᠋ ᠮᠢᠨᠢ ᠭᠣᠬᠠᠳᠠᠨ ᠬᠡᠯᠡᠵᠦ ᠪᠠᠢᠨ᠎ᠠ
ᠠ᠂ ᠶᠠᠭᠠᠬᠢᠳᠠᠭ ᠶᠤᠮ᠂ ᠣᠷᠣᠭ᠎ᠠ ᠯᠠ ᠪᠢᠵᠡ
ᠭᠠᠳᠠᠭᠰᠢ ᠪᠠᠨ ᠪᠢ ᠬᠦᠦ ᠪᠡᠨ ᠥᠮᠥᠭᠡᠷᠡᠯ᠎ᠡ
ᠠᠮᠠ ᠨᠢ ᠴᠠᠩᠭᠠᠵᠤ ᠪᠠᠢᠭ᠎ᠠ ᠳᠠ
ᠳᠣᠲᠣᠭᠰᠢ ᠪᠠᠨ ᠪᠢ ᠥᠮᠥᠯᠵᠡᠯ᠎ᠡ
ᠮᠢᠨᠦ ᠬᠦᠦ ᠴᠢᠨᠢ ᠡᠵᠢ ᠶ᠋ᠢ ᠪᠡᠨ
ᠭᠠᠯ ᠰᠢᠭ᠋ ᠵᠠᠯᠠᠭᠤ ᠶᠠᠪᠤᠬᠤ ᠳ᠋ᠤ᠌
ᠦᠰᠦᠷᠦᠭᠰᠡᠨ ᠣᠴᠢ ᠮᠢᠨᠢ ᠶᠦᠮ ᠰᠠᠨ
ᠮᠢᠨᠦ ᠬᠦᠦ ᠴᠢᠨᠢ ᠡᠵᠢ ᠶ᠋ᠢ ᠪᠡᠨ
ᠭᠠᠭᠴᠨ ᠪᠡᠶ᠎ᠡ ᠽᠠᠨᠳᠠᠨ ᠶᠠᠪᠤᠬᠤ ᠳ᠋ᠤ᠌
ᠲᠠᠰᠤᠷᠠᠭᠰᠠᠨ ᠨᠠᠪᠴᠢ ᠮᠢᠨᠢ ᠶᠦᠮ ᠰᠠᠨ
ᠠᠯᠠᠭ ᠪᠦᠮᠪᠤᠯᠢ ᠡᠷᠳᠡᠨᠢ ᠠᠯᠠᠭᠠᠨ ᠳᠡᠭᠡᠷ᠎ᠡ ᠪᠠᠢᠨ᠎ᠠ ᠭᠡᠵᠦ
ᠵᠥᠩᠨᠡᠭᠦᠯᠵᠦ ᠢᠷᠡᠭᠰᠡᠨ ᠭᠠᠭᠴᠨ ᠬᠦᠦ ᠮᠢᠨᠢ ᠶᠦᠮ ᠰᠠᠨ
ᠠᠯᠲᠠᠨ ᠪᠥᠭᠡᠵᠢ ᠭᠠᠵᠠᠷ ᠠ᠋ᠴᠠ ᠣᠯᠤᠭᠠᠳ
ᠠᠮᠠᠨ ᠳ᠋ᠤ᠌ ᠪᠠᠨ ᠡᠮᠬᠦᠲᠡᠯ᠎ᠡ ᠵᠠᠯᠭᠢᠴᠢᠬᠠᠯ᠎ᠠ ᠭᠡᠵᠦ
ᠵᠡᠭᠦᠳᠦᠯᠡᠵᠦ ᠣᠯᠳᠠᠭᠰᠠᠨ ᠭᠠᠭᠴᠨ ᠦᠷ᠎ᠡ ᠮᠢᠨᠢ ᠶᠦᠮ ᠰᠠᠨ
ᠶᠠᠳᠠᠵᠤ ᠶᠠᠪᠤᠭ᠎ᠠ ᠶᠤᠮ ᠪᠣᠯ᠂ ᠮᠢᠨᠦ ᠬᠦᠦ
ᠲᠡᠨᠦᠵᠦ ᠶᠠᠪᠤᠭᠠᠳ ᠶᠠᠭᠤ ᠬᠢᠬᠦ ᠪᠣᠢ᠂ ᠡᠵᠢ ᠳ᠋ᠦ᠍ ᠪᠡᠨ ᠬᠦᠷᠦᠭᠡᠳ ᠢᠷ᠎ᠡ
ᠶᠠᠳᠠᠷᠠᠵᠤ ᠶᠠᠪᠤᠭ᠎ᠠ ᠶᠤᠮ ᠪᠣᠯ᠂ ᠮᠢᠨᠦ ᠬᠦᠦ
ᠲᠡᠨᠳᠡ ᠪᠠᠢᠭᠠᠳ ᠶᠠᠭᠠᠬᠢᠬᠤ ᠨᠢ ᠪᠣᠢ᠂ ᠡᠵᠢ ᠳ᠋ᠦ᠍ ᠪᠡᠨ ᠯᠡ ᠬᠦᠷᠦᠭᠡᠳ ᠢᠷ᠎ᠡ
ᠬᠥᠮᠦᠨ ᠦ᠌ ᠨᠢᠳᠦᠨ ᠳ᠋ᠦ᠍ ᠪᠣᠯ ᠬᠥᠭᠡᠴᠦ ᠬᠠᠳᠠ ᠰᠢᠭ᠋
ᠬᠥᠬᠡ ᠲᠣᠯᠣᠭᠠᠢᠲᠠᠢ ᠬᠥᠭᠰᠢᠨ ᠬᠦᠦ ᠮᠢᠨᠢ
ᠡᠵᠢ ᠶ᠋ᠢᠨ ᠢ᠋ᠶ᠋ᠡᠨ ᠨᠢᠳᠦᠨ ᠳ᠋ᠦ᠍ ᠪᠣᠯ ᠮᠠᠨᠴᠤᠢ ᠳ᠋ᠤ᠌ ᠪᠠᠨ ᠳᠡᠷᠪᠡᠯᠵᠡᠬᠦ
ᠮᠢᠨᠳᠠᠰᠤ ᠴᠠᠭᠠᠨ ᠬᠦᠦ ᠮᠢᠨᠢ᠂ ᠡᠵᠢ ᠳ᠋ᠦ᠍ ᠪᠡᠨ ᠢᠷ᠎ᠡ ᠠ᠋
ᠬᠥᠬᠥ ᠪᠡᠷ ᠢ᠋ᠶ᠋ᠡᠨ ᠴᠢᠮ᠎ᠠ ᠶ᠋ᠢ ᠳᠡᠯᠯᠡᠶ᠎ᠡ
ᠦᠬᠦᠬᠦ ᠪᠡᠷ ᠢ᠋ᠶ᠋ᠡᠨ ᠴᠢᠮ᠎ᠠ ᠶ᠋ᠢ ᠠᠶᠤᠯᠭᠠᠶ᠎ᠠ
ᠮᠢᠨᠦ ᠬᠦᠦ ᠡᠵᠢ ᠳ᠋ᠦ᠍ ᠪᠡᠨ ᠢᠷ᠎ᠡ ᠠ᠋
ᠤᠬᠠᠭᠠᠨᠲᠠᠢ ᠳᠠ ᠮᠢᠨᠦ ᠬᠦᠦ
ᠬᠤᠷᠤᠢ ᠬᠤᠷᠤᠢ ᠬᠤᠷᠤᠢ
ᠤᠨᠠᠭ᠎ᠠ ᠰᠢᠭ᠋ ᠡᠵᠢ ᠳ᠋ᠦ᠍ ᠪᠡᠨ ᠳᠠᠪᠬᠢᠭᠠᠳ ᠢᠷ᠎ᠡ
ᠭᠤᠷᠤᠢ ᠭᠤᠷᠤᠢ ᠭᠣᠷᠣᠢ

       ᠬᠥᠷᠪᠡᠭᠦᠯᠦᠭᠰᠡᠨ ᠨᠢ᠄ ᠬᠠᠰᠴᠢᠮᠡᠭ