5-8ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠨᠢᠶᠠᠨ ᠬᠢᠵᠢᠭ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 5-8ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠨᠢᠶᠠᠨ ᠬᠢᠵᠢᠭ

5-8ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠨᠢᠶᠠᠨ ᠬᠢᠵᠢᠭ

ᠠᠩᠭᠢᠯᠠᠯ:ᠡᠷᠡᠭᠦᠯ ᠡᠩᠬᠡ
2023-07-07

328

ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠨᠢᠶᠠᠨ ᠬᠢᠵᠢᠭ

ᠨᠠᠢ᠍ᠮᠠ᠂ ᠨᠢᠶᠠᠨ ᠬᠢᠵᠢᠭ 

ᠨᠢᠶᠠᠨ ᠬᠢᠵᠢᠭ ᠬᠡᠮᠡᠬᠦ ᠨᠢ᠄ ᠨᠢᠶᠠᠨ ᠬᠠᠯᠠᠭᠤᠨ ᠬᠡᠢ ᠯᠦ᠍ᠭᠡ ᠬᠣᠷᠣᠬᠠᠢ ᠰᠢᠷ᠎ᠠ ᠤᠰᠤ ᠬᠠᠪᠰᠤᠷᠤᠯᠳᠤᠭᠰᠠᠨ ᠡᠪᠡᠳᠴᠢᠨ ᠦ᠌ ᠵᠦᠢᠯ ᠪᠥᠭᠡᠳ ᠰᠠᠯᠬᠢᠨ ᠦᠨᠦᠷ ᠲᠡᠷᠢᠭᠦᠲᠡᠨ ᠡᠴᠡ ᠬᠠᠯᠳᠠᠪᠤᠷᠢᠯᠠᠬᠤ ᠲᠤᠯᠠ ᠭᠠᠮᠰᠢᠭ ᠡᠪᠡᠳᠴᠢᠨ ᠬᠡᠮᠡᠳᠡᠭ᠃ ᠲᠥᠪᠡᠳ᠂ ᠮᠣᠩᠭᠣᠯ᠂ ᠬᠢᠲᠠᠳ ᠣᠷᠣᠨ ᠨᠤᠭᠤᠳ ᠲᠤ᠌ ᠡᠯᠪᠡᠭ ᠪᠠᠢᠳᠠᠭ ᠲᠤᠯᠠ ᠪᠠᠷᠪᠠᠳᠠ ᠶ᠋ᠢᠨ ᠡᠪᠡᠳᠴᠢᠨ ᠭᠡᠮᠡᠨ ᠠᠯᠳᠠᠷᠰᠢᠪᠠ᠃
ᠲᠤᠰᠤᠭᠰᠠᠨ ᠳᠠᠷᠤᠢ ᠬᠦᠴᠦ ᠪᠠᠷᠠᠭᠳᠠᠵᠤ᠂ ᠵᠣᠪᠠᠯᠠᠩ ᠤ᠋ᠨ ᠬᠦᠴᠦᠨ ᠶᠡᠬᠡ ᠲᠤᠯᠠ ᠡᠳᠡᠭᠡᠬᠦ ᠨᠢ ᠴᠥᠭᠡᠨ ᠪᠣᠯᠬᠣᠷ ᠳ᠋ᠧᠷᠢ ᠳ᠋ᠧᠷᠢ ᠬᠣᠣ ᠭᠡᠵᠦ ᠬᠡᠯᠡᠳᠡᠭ᠃ ᠲᠡᠭᠦᠨ ᠳ᠋ᠦ᠍ ᠲᠤᠬᠠᠢᠯᠠᠭᠰᠠᠨ ᠶᠡᠷᠦᠨᠳᠡᠭ ᠢ᠋ ᠡᠰᠡ ᠤᠴᠠᠷᠠᠭᠤᠯᠪᠠᠰᠤ ᠡᠮ᠂ ᠵᠠᠰᠠᠯ ᠠᠯᠢᠨ ᠴᠤ᠌ ᠡᠪᠡᠳᠴᠢᠨ ᠦ᠌ ᠨᠥᠬᠥᠷ ᠪᠣᠯᠤᠮᠤᠢ᠃ ᠰᠢᠯᠲᠠᠭᠠᠨ ᠨᠢ ᠭᠤᠷᠪᠠᠨ ᠬᠣᠣᠷ᠎ ᠡᠴᠡ ᠡᠭᠦᠰᠦᠭᠰᠡᠨ ᠨᠠᠢ᠍ᠮᠠᠨ ᠠᠢᠮᠠᠭ ᠤ᠋ᠨ ᠠᠳᠠ ᠪᠣᠯᠠᠢ᠃
ᠨᠥᠬᠥᠴᠡᠯ ᠨᠢ᠄ ᠬᠡᠷᠴᠡᠭᠡᠢ ᠲᠣᠭᠰᠢᠨ ᠴᠥᠪ ᠴᠠᠭ ᠤ᠋ᠨ ᠬᠥᠮᠦᠨ ᠨᠢ ᠲᠠᠩᠭᠠᠷᠢᠭ ᠦᠯᠦ ᠰᠠᠬᠢᠭᠰᠠᠨ ᠠ᠋ᠴᠠ ᠨᠢᠶᠠᠨ ᠲᠣᠭᠰᠢᠨ ᠬᠢᠵᠢᠭ ᠡᠪᠡᠳᠴᠢᠨ ᠡᠭᠦᠰᠳᠡᠭ᠃
ᠪᠠᠭᠤᠬᠤ ᠭᠠᠵᠠᠷ ᠤ᠋ᠨ ᠡᠷᠬᠡ ᠪᠡᠷ ᠨᠡᠷ᠎ᠡ ᠨᠢ ᠲᠣᠰᠪᠣᠷᠢ ᠪᠥᠭᠡᠳ ᠲᠣᠯᠣᠭᠠᠢ ᠳ᠋ᠤ᠌ ᠪᠠᠭᠤᠪᠠᠰᠤ ᠲᠠᠷᠢᠬᠢᠨ ᠬᠠᠳᠬᠤᠯᠠᠭ᠎ᠠ᠂ ᠬᠣᠳᠣᠭᠣᠳᠣᠨ ᠳ᠋ᠤ᠌ ᠪᠠᠭᠤᠪᠠᠰᠤ ᠨᠢᠶᠠᠨ ᠴᠠᠩᠬ᠎ᠠ᠂ ᠭᠡᠳᠡᠰᠦᠨ ᠳ᠋ᠦ᠍ ᠭᠡᠳᠡᠰᠦᠨ ᠬᠠᠳᠬᠤᠯᠠᠭ᠎ᠠ᠂ ᠰᠢᠷᠪᠦᠰᠦᠨ ᠳ᠋ᠦ᠍ ᠰᠢᠯᠢ ᠲᠠᠲᠠᠬᠤ᠂ ᠰᠥᠰᠥᠨ ᠳ᠋ᠦ᠍ ᠪᠠᠭᠤᠪᠠᠰᠤ ᠰᠤᠳᠠᠯ ᠳ᠋ᠤ᠌ ᠭᠦᠶᠦᠬᠦ᠂ ᠭᠠᠯᠵᠠᠭᠤ ᠬᠢᠵᠢᠭ᠂ ᠳ᠋ᠧᠷᠢ ᠳ᠋ᠧᠷᠢ ᠬᠣᠣ᠂ ᠴᠢᠬᠢᠨ ᠰᠤᠳᠠᠯ ᠦᠯᠢᠶᠡᠬᠦ᠂ ᠲᠠᠩᠭᠠᠷᠢᠭ ᠤ᠋ᠨ ᠡᠪᠡᠷ ᠬᠡᠮᠡᠬᠦ ᠲᠡᠷᠢᠭᠦᠲᠡᠨ᠂ ᠲᠣᠪᠴᠢᠯᠠᠪᠠᠰᠤ ᠨᠡᠷᠡᠯᠡᠵᠦ ᠦᠯᠦ ᠭᠦᠢᠴᠡᠬᠦ ᠡᠪᠡᠳᠴᠢᠨ ᠦ᠌ ᠵᠦᠢᠯ ᠣᠯᠠᠨ ᠢ᠋ᠶ᠋ᠠᠷ ᠠᠮᠢᠲᠠᠨ ᠤ᠋ ᠠᠮᠢ ᠨᠠᠰᠤ ᠶ᠋ᠢ ᠬᠥᠨᠥᠭᠡᠨ ᠦᠢᠯᠡᠳᠬᠦ ᠲᠤᠯᠠ ᠡᠮᠴᠢ ᠨᠠᠷ ᠴᠤ᠌ ᠥᠪᠡᠷ ᠢ᠋ᠶ᠋ᠡᠨ ᠬᠢᠵᠢᠭ ᠦ᠋ᠨ ᠰᠡᠷᠭᠡᠢᠯᠡᠯᠲᠡ ᠬᠢᠬᠦ ᠬᠡᠷᠡᠭᠲᠡᠢ᠃
ᠨᠢᠶᠠᠨ ᠬᠢᠵᠢᠭ ᠦ᠋ᠨ ᠶᠡᠷᠦ ᠶ᠋ᠢᠨ ᠰᠢᠨᠵᠢ᠄ ᠥᠨᠢ ᠤᠳᠠᠭᠠᠨ ᠳᠠᠭᠠᠷᠠᠳᠠᠰᠤ ᠬᠦᠷᠬᠦ᠂ ᠠᠮᠠ ᠭᠠᠰᠢᠭᠤᠷᠠᠨ᠂ ᠲᠣᠯᠣᠭᠠᠢ ᠡᠪᠡᠳᠬᠦ᠂ ᠪᠡᠷᠬᠡᠰᠢᠶᠡᠨ ᠵᠠᠯᠬᠠᠭᠤᠷᠠᠬᠤ᠂ ᠠᠷᠠᠰᠤ ᠵᠢᠮᠵᠢᠭᠢᠨᠡᠨ᠂ ᠪᠡᠶ᠎ᠡ ᠬᠦᠨᠳᠦᠷᠡᠬᠦ᠂ ᠪᠤᠯᠴᠢᠩ ᠢ᠋ᠶ᠋ᠠᠨ ᠦᠯᠦ ᠳᠠᠭᠠᠭᠠᠨ ᠴᠡᠴᠡᠷᠡᠬᠦ ᠪᠥᠭᠡᠳ ᠵᠡᠭᠦᠳᠦᠨ ᠳ᠋ᠦ᠍ ᠡᠬᠡᠨᠡᠷ᠂ ᠪᠠᠨᠳᠢ᠂ ᠡᠷᠳᠡᠨᠢ ᠶ᠋ᠢᠨ ᠵᠦᠢᠯ ᠲᠡᠷᠢᠭᠦᠲᠡᠨ ᠢ᠋ ᠵᠡᠭᠦᠳᠦᠯᠡᠬᠦ ᠪᠥᠭᠡᠳ ᠰᠡᠳᠬᠢᠯ ᠡᠨᠳᠡᠭᠦᠷᠡᠵᠦ᠂ ᠢᠳᠡᠭᠡᠨ ᠦ᠌ ᠠᠮᠲᠠ ᠶ᠋ᠢ ᠦᠯᠦ ᠮᠡᠳᠡᠨ᠂ ᠪᠥᠭᠡᠷ᠎ᠡ ᠪᠡᠯᠬᠡᠭᠦᠰᠦ᠂ ᠦᠶ᠎ᠡ ᠮᠥᠴᠡ ᠡᠪᠡᠳᠬᠦ᠂ ᠰᠤᠳᠠᠯ ᠨᠢ ᠴᠡᠴᠡᠷᠡᠵᠦ ᠤᠷᠪᠠᠵᠤ ᠬᠤᠪᠢᠷᠠᠬᠤ ᠨᠢ ᠣᠯᠠᠨ᠂ ᠰᠢᠭᠡᠰᠦᠨ ᠥᠩᠭᠡ ᠤᠯᠠᠪᠤᠷ ᠬᠠᠷ᠎ᠠ᠂ ᠦᠨᠦᠷ ᠠᠭᠤᠷ ᠶᠡᠬᠡ᠃
ᠬᠦᠴᠦᠨ ᠶᠡᠬᠡ ᠨᠢ ᠡᠪᠡᠳᠦᠮᠡᠭᠴᠡ ᠮᠡᠳᠡᠷᠡᠯ ᠡᠨᠳᠡᠭᠦᠷᠡᠨ᠎ᠡ᠃ ᠬᠦᠴᠦᠨ ᠪᠠᠭ᠎ᠠ ᠨᠢ ᠰᠡᠷᠡᠮᠵᠢ ᠦᠭᠡᠢ᠂ ᠳᠡᠪᠢᠰᠬᠡᠷ ᠲᠦ᠍ ᠨᠠᠭᠠᠯᠳᠤᠨ᠎ᠠ᠃ ᠴᠡᠭᠡᠷᠯᠡᠬᠦ ᠨᠢ᠄ ᠴᠠᠭᠠᠨ ᠢᠳᠡᠭᠡᠨ᠂ ᠠᠮᠲᠠᠯᠢᠭ᠂ ᠮᠢᠬ᠎ᠠ᠂ ᠢᠰᠬᠦᠯᠡᠩ ᠢ᠋ ᠬᠣᠣᠷ ᠠᠳᠠᠯᠢ ᠲᠡᠪᠴᠢ᠃ ᠲᠡᠭᠦᠨ ᠢ᠋ ᠦᠵᠡᠬᠦ᠂ ᠬᠦᠷᠦᠯᠴᠡᠬᠦ᠂ ᠠᠰᠠᠭᠤᠬᠤ ᠪᠠᠷ ᠲᠠᠨᠢᠨ ᠪᠠᠷᠢᠬᠤ ᠪᠡᠷᠬᠡ᠃ ᠡᠪᠡᠳᠴᠢᠲᠡᠨ ᠢ᠋ ᠠᠮᠤᠷᠵᠢᠭᠤᠯᠬᠤ ᠡᠮ ᠦ᠋ᠨ ᠨᠠᠢᠷᠠᠯᠭ᠎ᠠ ᠨᠢ᠄ ᠽᠠᠨᠳᠠᠨ᠂ ᠭᠢᠸᠠᠩ᠂ ᠵᠤᠭᠠᠩ᠂ ᠭᠦᠷᠭᠦᠮ᠂ ᠪᠠᠷᠠᠬᠱᠤᠢ᠍ᠨ᠂ ᠪᠣᠩᠭᠠᠷ᠂ ᠵᠢᠭᠠᠷ᠂ ᠬᠠᠷ᠎ᠠ ᠬᠥᠬᠥᠯ᠂ ᠬᠠᠷ᠎ᠠ ᠳ᠋ᠠᠭᠱᠠ᠂ ᠽᠢᠮᠪᠠ᠂ ᠮᠠᠨᠴᠢᠨ᠂ ᠠᠮᠤᠷᠵᠢᠭᠤᠯᠤᠭᠴᠢ ᠪᠦᠷᠦᠨᠠᠭ᠋᠂ ᠳᠣᠭᠣᠯᠭᠠᠭᠴᠢ ᠲᠠᠷᠨᠤ ᠪᠥᠭᠡᠳ ᠳᠡᠭᠡᠳᠦ ᠶᠣᠰᠣᠨ ᠤ᠋ ᠶᠡᠬᠡ ᠰᠢᠷ᠎ᠠ ᠡᠮ ᠭᠡᠮᠡᠨ ᠠᠯᠳᠠᠷᠰᠢᠭᠰᠠᠨ ᠢ᠋ᠶ᠋ᠠᠷ ᠭᠤᠷᠮᠤᠰᠤᠨ ᠬᠢᠵᠢᠭ᠂ ᠤᠩᠭᠠᠷᠢᠯ ᠡᠪᠡᠳᠴᠢᠨ᠂ ᠨᠢᠳᠦ ᠰᠢᠷᠠᠯᠠᠬᠤ᠂ ᠦᠬᠦᠳᠬᠢᠨ ᠤᠨᠠᠬᠤ᠂ ᠬᠢᠵᠢᠭ ᠦ᠋ᠨ ᠵᠦᠢᠯ ᠳᠠᠪᠬᠤᠷᠯᠠᠨ ᠣᠪᠣᠭᠠᠷᠠᠭᠰᠠᠨ᠂ ᠴᠢᠰᠤ ᠰᠢᠷ᠎ᠠ ᠰᠤᠳᠠᠯ ᠳ᠋ᠤ᠌ ᠭᠦᠶᠦᠬᠦ ᠲᠡᠷᠢᠭᠦᠲᠡᠨ ᠨᠢᠶᠠᠨ ᠡᠪᠡᠳᠴᠢᠨ ᠪᠦᠬᠦᠨ ᠳ᠋ᠦ᠍ ᠬᠣᠴᠣᠷᠤᠯ ᠦᠭᠡᠢ ᠡᠨᠡ ᠦᠯᠡᠮᠵᠢ᠃ ᠢᠯᠠᠩᠭᠤᠶ᠎ᠠ ᠨᠢᠶᠠᠨ ᠬᠠᠯᠠᠭᠤᠨ ᠬᠠᠪᠰᠤᠷᠤᠯᠳᠤᠭᠰᠠᠨ᠂ ᠪᠣᠯᠪᠠᠰᠤᠷᠠᠭᠰᠠᠨ ᠪᠠ ᠡᠰᠡ ᠪᠣᠯᠪᠠᠰᠤᠷᠠᠭᠰᠠᠨ᠂ ᠦᠯᠦ ᠲᠠᠨᠢᠭᠳᠠᠬᠤ᠂ ᠬᠦᠴᠦᠨ ᠶᠡᠬᠡ ᠡᠪᠡᠳᠴᠢᠨ ᠳ᠋ᠦ᠍ ᠦᠯᠡᠮᠵᠢ ᠰᠠᠢᠨ ᠬᠡᠮᠡᠮᠦᠢ᠃
ᠳᠠᠭᠢᠨᠠᠰ ᠤ᠋ᠨ ᠭᠠᠯ ᠰᠤᠮᠤ ᠨᠢ᠄ ᠮᠠᠨᠴᠢᠨ᠂ ᠱᠣᠳᠠᠭ᠂ ᠵᠠᠼᠠ᠂ ᠵᠠᠩᠸᠠ᠂ ᠵᠠᠼᠠᠯ( ᠬᠢᠲᠠᠳ ᠰᠢᠩᠬᠤ)᠂ ᠵᠢᠭᠠᠷ ᠵᠢᠷᠭᠤᠭ᠎ᠠ ᠶ᠋ᠢ ᠬᠤᠪᠢ ᠲᠡᠭᠰᠢ ᠨᠢᠭᠲᠠ ᠲᠠᠯᠬᠠᠳᠠᠭᠠᠳ ᠮᠠᠨᠴᠢᠨ ᠤ᠋ ᠦᠷ᠎ᠡ ᠶ᠋ᠢᠨ ᠲᠡᠳᠦᠢ ᠷᠢᠯᠦ ᠬᠢᠵᠦ᠂ ᠲᠠᠪᠤ᠂ ᠳᠣᠯᠣᠭ᠎ᠠ᠂ ᠶᠢᠰᠦ ᠵᠡᠷᠭᠡ ᠡᠪᠡᠳᠴᠢᠨ ᠦ᠌ ᠬᠦᠴᠦ᠂ ᠪᠡᠶ᠎ᠡ ᠶ᠋ᠢᠨ ᠲᠠᠮᠢᠷ ᠢ᠋ ᠵᠢᠱ᠌ᠢᠵᠦ ᠥᠭᠪᠡᠰᠦ ᠰᠠᠬᠤᠤ ᠪᠣᠭᠣᠮ᠎ᠠ ᠬᠠᠳᠬᠤᠯᠠᠭ᠎ᠠ ᠲᠡᠷᠢᠭᠦᠲᠡᠨ ᠨᠢᠶᠠᠨ ᠤ᠋ ᠵᠦᠢᠯ ᠢ᠋ ᠬᠣᠴᠣᠷᠤᠯ ᠦᠭᠡᠢ ᠳᠠᠷᠤᠬᠤ ᠭᠠᠢᠬᠠᠮᠰᠢᠭᠲᠤ ᠵᠡᠪᠰᠡᠭ ᠮᠥᠨ᠃
ᠮᠠᠨᠴᠢᠨ᠂ ᠱᠣᠳᠠᠭ᠂ ᠠᠷᠤ ᠭᠤᠷᠪᠠ ᠶ᠋ᠢ ᠬᠤᠪᠢ ᠰᠠᠴᠠᠭᠤ ᠸᠴᠢᠷ ᠭᠤᠷᠪᠠ ᠶ᠋ᠢᠨ ᠨᠠᠢᠷᠠᠯᠭ᠎ᠠ ᠳᠡᠭᠡᠷᠡᠬᠢ ᠯᠦ᠍ᠭᠡ ᠠᠳᠠᠯᠢ᠂ ᠡᠰᠡᠪᠡᠰᠦ ᠮᠠᠨᠴᠢᠨ᠂ ᠱᠦᠭᠼᠧᠷ᠂ ᠵᠢᠭᠠᠷ᠂ ᠬᠥᠬᠥᠯ᠂ ᠳ᠋ᠠᠭᠱᠠ᠂ ᠪᠦᠷᠦᠨᠠᠭ᠋᠂ ᠳ᠋ᠣᠩᠷᠣᠢ᠂ ᠱᠠᠴᠢᠨ᠂ ᠱᠣᠳᠠᠭ᠂ ᠠᠷᠤᠷ᠎ᠠ ᠶ᠋ᠢᠨ ᠬᠠᠭᠠᠨ ᠤ᠋ ᠨᠠᠢᠷᠠᠯᠭ᠎ᠠ ᠡᠭᠦᠨ ᠢ᠋ᠶ᠋ᠡᠷ ᠬᠢᠵᠢᠭ ᠡᠪᠡᠳᠴᠢᠨ ᠢ᠋ ᠬᠣᠴᠣᠷᠤᠯ ᠦᠭᠡᠢ ᠳᠠᠷᠤᠭᠴᠢ ᠸᠴᠢᠷ ᠮᠥᠨ᠂᠂ ᠮᠠᠨᠴᠢᠨ᠂ ᠵᠢᠭᠠᠷ᠂ ᠬᠥᠬᠥᠯ᠂ ᠷᠸᠵᠠᠭ᠋᠂ ᠱᠠᠴᠢᠨ᠂ ᠵᠤᠭᠠᠩ᠂ ᠭᠦᠷᠭᠦᠮ᠂ ᠭᠢᠸᠠᠩ᠂ ᠴᠦᠷᠼᠡ᠂ ᠲᠠᠷᠨᠤ᠂ ᠱᠣᠳᠠᠭ᠂ ᠳ᠋ᠦᠷᠵᠢᠳ᠂ ᠠᠷᠤᠷ᠎ᠠ ᠨᠤᠭᠤᠳ ᠢ᠋ ᠦᠨᠦᠷᠲᠦ ᠤᠰᠤ ᠪᠠᠷ ᠮᠦᠬᠦᠯᠢᠭᠳᠡᠭᠰᠡᠨ ᠷᡁᠠᠬᠪᠤ —13 ( ᠲᠣᠭᠰᠢᠨ—13) ᠤ᠋ ᠨᠠᠢᠷᠠᠯᠭ᠎ᠠ ᠪᠠᠷ ᠬᠠᠯᠠᠭᠤᠨ᠂ ᠨᠢᠶᠠᠨ᠂ ᠬᠢᠵᠢᠭ ᠶᠡᠷᠦ ᠬᠢᠭᠡᠳ ᠢᠯᠠᠩᠭᠤᠶ᠎ᠠ ᠤᠩᠭᠠᠷᠢᠯ ᠬᠢᠵᠢᠭ ᠡᠪᠡᠳᠴᠢᠨ ᠪᠦᠬᠦᠨ ᠢ᠋ ᠬᠠᠲᠠᠭᠤ ᠪᠠᠷ ᠵᠠᠮ ᠠ᠋ᠴᠠ ᠨᠢ ᠪᠤᠴᠠᠭᠠᠬᠤ ᠶᠤᠮ᠃
ᠮᠠᠨᠴᠢᠨ1 ᠴᠢᠨ᠂ ᠴᠦᠷᠼᠡ2 ᠴᠢᠨ᠂ ᠷᠸᠵᠠᠭ᠋3 ᠴᠢᠨ᠂ ᠲᠠᠷᠨᠤ4 ᠴᠢᠨ ᠢ᠋ ᠨᠠᠢ᠍ᠮᠠᠨ ᠨᠠᠰᠤᠲᠤ ᠶ᠋ᠢᠨ ᠰᠢᠭᠡᠰᠦᠨ ᠳ᠋ᠦ᠍ ᠮᠦᠬᠦᠯᠢᠭᠳᠡᠵᠦ ᠣᠯᠠᠨ ᠴᠥᠭᠡᠨ ᠢ᠋ ᠡᠪᠡᠳᠴᠢᠨ ᠦ᠌ ᠬᠦᠴᠦ ᠯᠦ᠍ᠭᠡ ᠲᠣᠬᠢᠷᠠᠭᠤᠯᠤᠨ ᠥᠭᠪᠡᠯ ᠳᠥᠷᠪᠡᠨ ᠵᠠᠭᠤᠨ ᠳᠥᠷᠪᠡᠨ ᠡᠪᠡᠳᠴᠢᠨ ᠢ᠋ ᠳᠠᠷᠤᠨ ᠦᠢᠯᠡᠳᠦᠮᠦᠢ᠃ ᠲᠤᠬᠠᠢᠯᠠᠨ ᠨᠢᠶᠠᠨ ᠡᠪᠡᠳᠴᠢᠨ ᠢ᠋ ᠬᠣᠴᠣᠷᠤᠯ ᠦᠭᠡᠢ ᠳᠠᠷᠤᠬᠤ ᠶ᠋ᠢᠨ ᠳᠡᠭᠡᠳᠦ ᠪᠣᠯᠠᠢ᠃

( ᠨᠢᠭᠡ) ᠨᠢᠶᠠᠨ ᠬᠢᠵᠢᠭ ᠭᠤᠷᠮᠤᠰᠤᠨ ᠬᠠᠷ᠎ᠠ

ᠨᠢᠶᠠᠨ ᠬᠠᠯᠠᠭᠤᠨ ᠬᠡᠢ ᠭᠤᠷᠪᠠ ᠨᠢᠭᠡᠳᠦᠨ ᠡᠷᠴᠢᠯᠡᠭᠰᠡᠨ ᠪᠥᠭᠡᠳ ᠲᠡᠭᠦᠨ ᠦ᠌ ᠰᠢᠨᠵᠢ᠄
ᠡᠬᠢᠯᠡᠭᠡᠳ ᠰᠡᠳᠬᠢᠯ ᠦᠯᠦ ᠪᠡᠶᠡᠰᠦᠨ᠂ ᠲᠣᠯᠣᠭᠠᠢ ᠡᠪᠡᠳᠬᠦ᠂ ᠠᠮᠠ ᠨᠢ ᠭᠠᠰᠢᠭᠤᠷᠠᠨ᠂ ᠰᠡᠳᠬᠢᠯ ᠳᠣᠯᠭᠢᠰᠴᠤ᠂ ᠪᠡᠶ᠎ᠡ ᠴᠡᠴᠡᠷᠡᠨ᠎ᠡ᠃ ᠰᠤᠳᠠᠯ ᠨᠢ ᠳᠡᠭᠡᠷ᠎ᠡ ᠪᠡᠨ ᠵᠢᠪᠦᠩᠬᠡᠢ᠂ ᠳᠣᠣᠷ᠎ᠠ ᠪᠠᠨ ᠡᠷᠴᠢᠮᠲᠡᠢ ᠪᠥᠭᠡᠳ ᠴᠡᠴᠡᠷᠡᠬᠦ᠂ ᠰᠢᠭᠡᠰᠦᠨ ᠦ᠌ ᠥᠩᠭᠡ ᠨᠢ ᠬᠠᠷ᠎ᠠ᠂ ᠠᠭᠤᠷ ᠨᠢ ᠶᠡᠬᠡ ᠦᠢᠮᠡᠯᠳᠦᠵᠦ᠂ ᠢᠵᠠᠮᠠᠭ᠋ ᠨᠢ ᠬᠢᠮᠤᠷᠠᠯᠳᠤᠨ᠎ᠠ᠃ ᠬᠦᠷᠦᠯᠴᠡᠬᠦ ᠨᠢ ᠲᠡᠰᠴᠦ ᠶᠠᠳᠠᠨ᠂ ᠡᠰᠡᠪᠡᠰᠦ ᠮᠡᠯᠡᠷᠡᠵᠦ᠂ ᠮᠡᠳᠡᠭᠡ ᠠᠯᠳᠠᠬᠤ᠂ ᠬᠡᠯᠡ ᠨᠢ ᠤᠯᠠᠢᠵᠤ ᠳᠡᠭᠡᠷ᠎ᠡ ᠨᠢ ᠴᠠᠭᠠᠨ ᠲᠣᠯᠪᠣ ᠭᠠᠷᠬᠤ᠂ ᠬᠡᠯᠡᠨ ᠦ᠌ ᠳᠣᠲᠣᠷ᠎ᠠ ᠬᠥᠨᠳᠡᠢ ᠶ᠋ᠢᠨ ᠮᠢᠬᠠᠨ ᠥᠩᠭᠡ ᠰᠢᠷᠠᠯᠠᠬᠤ᠂ ᠪᠣᠯᠪᠠᠰᠤᠷᠠᠬᠤ ᠶ᠋ᠢᠨ ᠴᠢᠯᠥᠭᠡ ᠦᠭᠡᠢ ᠵᠢᠷᠭᠤᠭ᠎ᠠ᠂ ᠳᠣᠯᠣᠭ᠎ᠠ ᠬᠣᠨᠣᠭ ᠲᠤ᠌ ᠦᠬᠦᠮᠦᠢ᠃
ᠠᠨᠠᠭᠠᠬᠤ ᠠᠷᠭ᠎ᠠ ᠨᠢ᠄ ᠮᠠᠨᠴᠢᠨ᠂ ᠷᠡᠳᠤᠭ᠌᠂ ᠱᠦᠭᠼᠧᠷ᠂ ᠪᠦᠷᠦᠨᠠᠭ᠋᠂ ᠵᠢᠭᠠᠷ᠂ ᠬᠥᠬᠥᠯ᠂ ᠬᠠᠷ᠎ᠠ ᠱᠣᠳᠠᠭ᠂ ᠳ᠋ᠠᠭᠱᠠ᠂ ᠯᠢᠭᠠᠳᠤᠷ᠂ ᠰᠢᠷ᠎ᠠ ᠥᠩᠭᠡᠲᠦ ᠠᠷᠤᠷ᠎ᠠ᠂ ᠱᠠᠴᠢᠨ ᠨᠤᠭᠤᠳ ᠢ᠋ᠶ᠋ᠠᠷ ᠬᠠᠷ᠎ᠠ ᠶ᠋ᠢᠨ ᠴᠢᠭᠤᠯᠭᠠᠨ ᠢ᠋ ᠬᠣᠴᠣᠷᠤᠯ ᠦᠭᠡᠢ ᠳᠠᠷᠤᠵᠤ ᠦᠢᠯᠡᠳᠦᠮᠦᠢ᠃ ᠡᠨᠡ ᠨᠠᠢᠷᠠᠯᠭ᠎ᠠ ᠶ᠋ᠢᠨ ᠠᠢᠮᠠᠭ ᠬᠢᠭᠡᠳ ᠳᠡᠭᠡᠷ᠎ᠡ ᠨᠣᠮᠯᠠᠭᠰᠠᠨ ᠠᠮᠤᠷᠵᠢᠭᠤᠯᠤᠭᠴᠢ ᠡᠮ ᠦ᠋ᠳ ᠦ᠋ᠨ ᠠᠯᠢᠨ ᠢ᠋ᠶ᠋ᠠᠷ ᠡᠪᠡᠳᠴᠢᠨ ᠲᠤᠰᠤᠭᠰᠠᠨ ᠳᠠᠷᠤᠢ ᠨᠢᠶᠠᠨ ᠤ᠋ ᠠᠭᠤᠯᠠ ᠶ᠋ᠢ ᠬᠡᠮᠬᠡᠯᠬᠦ ᠲᠤᠯᠠ ᠬᠡᠳᠦᠨ ᠤᠳᠠᠭ᠎ᠠ ᠰᠢᠲᠦᠭᠦᠯ᠃ ᠡᠪᠡᠳᠴᠢᠨ ᠦ᠌ ᠢᠯᠭᠠᠯ᠂ ᠳᠥᠷᠪᠡᠨ ᠮᠠᠬᠠᠪᠣᠳ ᠤ᠋ᠨ ᠬᠦᠴᠦᠨ ᠲᠡᠭᠦᠰ ᠲᠡᠷᠢᠭᠦᠲᠡᠨ ᠦ᠌ ᠰᠢᠨᠵᠢ ᠬᠢᠭᠡᠳ ᠵᠠᠰᠠᠬᠤ ᠠᠷᠭ᠎ᠠ ᠶ᠋ᠢ ᠨᠢᠭᠲᠠ ᠮᠡᠳᠡᠬᠦ ᠬᠡᠷᠡᠭᠲᠡᠢ ᠲᠤᠯᠠ ᠳᠡᠭᠡᠳᠦ ᠶ᠋ᠢᠨ ᠤᠪᠠᠳᠢᠰ ᠡᠷᠳᠡᠨᠢ ᠭᠠᠷᠬᠤ ᠶ᠋ᠢᠨ ᠣᠷᠣᠨ᠂ ᠰᠤᠪᠤᠳ ᠡᠷᠢᠬᠡᠰ ᠲᠡᠷᠢᠭᠦᠲᠡᠨ ᠳ᠋ᠦ᠍ ᠠᠵᠢᠶᠠᠷᠪᠠᠰᠤ ᠮᠡᠳᠡᠮᠦᠢ᠃

( ᠬᠣᠶᠠᠷ) ᠠᠮᠠ ᠠᠷᠵᠠᠢᠬᠤ ᠡᠪᠡᠳᠴᠢᠨ
ᠲᠠᠪᠤᠨ ᠴᠥᠪ ᠦ᠋ᠨ ᠮᠠᠭᠤ ᠴᠠᠭ ᠪᠣᠯᠬᠤ ᠶ᠋ᠢᠨ ᠦᠶᠡᠰ《 ᠠᠮᠠ ᠠᠷᠵᠠᠢᠬᠤ》 ᠬᠡᠮᠡᠬᠦ ᠠᠶᠤᠯᠲᠠᠢ ᠮᠠᠭᠤ ᠡᠪᠡᠳᠴᠢᠨ ᠭᠠᠷᠬᠤ ᠭᠡᠮᠡᠨ ᠡᠰᠢ ᠦᠵᠡᠭᠦᠯᠦᠭᠰᠡᠨ ᠳ᠋ᠦ᠍ ᠵᠢᠭᠠᠭᠰᠠᠨ᠃ ᠡᠪᠡᠳᠴᠢᠨ ᠲᠡᠭᠦᠨ ᠳ᠋ᠦ᠍ ᠬᠦᠴᠦᠨ ᠶᠡᠬᠡ ᠪᠠᠭ᠎ᠠ ᠬᠣᠶᠠᠷ ᠢᠯᠭᠠᠭᠰᠠᠨ ᠤ᠋ ᠲᠡᠳᠡᠭᠡᠷ ᠦ᠋ᠨ ᠲᠣᠰᠪᠣᠷᠢ ᠳ᠋ᠤ᠌ ᠴᠤ᠌ ᠬᠠᠯᠠᠭᠤᠨ ᠬᠦᠢᠲᠡᠨ ᠬᠣᠶᠠᠷ ᠵᠦᠢᠯ ᠪᠠᠢᠳᠠᠭ᠃ ᠮᠠᠰᠢ ᠬᠦᠴᠦ ᠶᠡᠬᠡᠲᠡᠢ ᠨᠢ ᠡᠪᠡᠳᠬᠦ ᠶ᠋ᠢᠨ ᠴᠢᠯᠥᠭᠡ ᠦᠭᠡᠢ ᠦᠬᠦᠮᠦᠢ᠃ ᠲᠡᠢᠮᠦ ᠡᠴᠡ ᠲᠡᠭᠦᠨ ᠢ᠋ ᠦᠢᠮᠡᠵᠦ ᠤᠨᠠᠬᠤ ᠡᠪᠡᠳᠴᠢᠨ ᠭᠡᠮᠡᠨ ᠠᠢᠯᠠᠳᠪᠠ᠃ ᠭᠦᠶᠦᠵᠦ ᠤᠨᠠᠬᠤ ᠬᠠᠷ᠎ᠠ ᠭᠡᠮᠡᠨ ᠨᠡᠷᠡᠢᠳᠦᠭᠰᠡᠨ ᠴᠦ᠍ ᠪᠠᠢᠮᠤᠢ᠃ ᠰᠢᠯᠢ ᠲᠠᠲᠠᠵᠤ᠂ ᠰᠢᠳᠦ ᠠᠷᠵᠠᠢᠬᠤ ᠢᠨᠢᠶᠡᠬᠦ ᠠᠳᠠᠯᠢ ᠭᠡᠨᠡᠳᠲᠡ ᠦᠬᠦᠬᠦ ᠪᠦᠬᠦᠨ ᠳ᠋ᠦ᠍ ᠭᠠᠮᠰᠢᠭ ᠲᠡᠮᠡᠴᠡᠯᠳᠦᠵᠦ ᠢᠷᠡᠬᠦ ᠲᠤᠯᠠ ᠡᠨᠳᠡᠭᠦᠷᠡᠬᠦ ᠭᠠᠵᠠᠷ ᠦᠭᠡᠢ᠃ ᠡᠨᠡ ᠡᠪᠡᠳᠴᠢᠨ ᠬᠢᠷᠢ ᠮᠡᠲᠦ ᠬᠦᠴᠦ ᠪᠠᠭ᠎ᠠ ᠪᠣᠯᠪᠠᠴᠤ ᠶᠡᠷᠦᠨᠳᠡᠭ ᠡᠰᠡ ᠰᠢᠲᠦᠭᠦᠯᠪᠡᠰᠦ ᠵᠢᠷᠭᠤᠭ᠎ᠠ᠂ ᠳᠣᠯᠣᠭ᠎ᠠ ᠬᠣᠨᠣᠭ ᠤ᠋ᠨ ᠳᠣᠲᠣᠷ᠎ᠠ ᠦᠬᠦᠨ᠎ᠡ᠃
ᠰᠢᠨᠵᠢ ᠬᠢᠭᠡᠳ ᠢᠯᠡᠷᠡᠯ ᠨᠢ᠄ ᠨᠢᠶᠠᠨ ᠬᠠᠯᠠᠭᠤᠨ ᠶᠡᠷᠦ ᠮᠡᠲᠦ ᠪᠥᠭᠡᠳ ᠰᠡᠳᠬᠢᠯ ᠦᠯᠦ ᠪᠡᠶᠡᠰᠴᠦ᠂ ᠪᠡᠶ᠎ᠡ ᠶ᠋ᠢᠨ ᠬᠦᠴᠦᠨ ᠳᠠᠷᠤᠢ ᠠᠯᠳᠠᠷᠠᠬᠤ᠂ ᠰᠢᠭᠡᠰᠦ ᠨᠢ ᠴᠢᠰᠤ ᠪᠤᠶᠤ ᠬᠠᠷ᠎ᠠ ᠲᠣᠰᠣ ᠮᠡᠲᠦ ᠭᠠᠷᠬᠤ ᠪᠣᠯᠠᠢ᠃ ᠬᠠᠯᠠᠭᠤᠨ ᠬᠦᠴᠦᠲᠡᠢ ᠨᠢ᠄ ᠪᠡᠶ᠎ᠡ ᠬᠠᠯᠠᠭᠤᠷᠠᠨ᠂ ᠲᠣᠯᠣᠭᠠᠢ ᠡᠪᠡᠳᠬᠦ᠃ ᠬᠦᠢᠲᠡᠨ ᠬᠦᠴᠦᠲᠡᠢ ᠨᠢ᠄ ᠪᠡᠶ᠎ᠡ ᠨᠢ ᠴᠢᠯᠠᠭᠤ ᠮᠡᠲᠦ ᠬᠥᠷᠥᠬᠦ᠂ ᠬᠣᠳᠣᠭᠣᠳᠣ ᠣᠯᠣᠭᠠᠢ ᠶ᠋ᠢᠨ ᠣᠷᠣᠨ ᠳ᠋ᠤ᠌ ᠡᠪᠡᠳᠬᠦ ᠪᠥᠭᠡᠳ ᠴᠠᠩᠬ᠎ᠠ ᠬᠥᠳᠡᠯᠬᠦ᠂ ᠠᠯᠢ ᠨᠢ ᠴᠦ᠍ ᠰᠢᠯᠢ ᠲᠠᠲᠠᠬᠤ ᠵᠡᠷᠭᠡ ᠪᠡᠷ ᠭᠣᠣᠯᠰᠠᠬᠤ ᠪᠣᠯᠠᠢ᠃ ᠬᠠᠶᠠ ᠵᠠᠷᠢᠮ ᠨᠢᠭᠡ ᠨᠢ ᠳᠣᠲᠣᠭᠰᠢ ᠪᠥᠬᠥᠢᠬᠦ ᠴᠦ᠍ ᠪᠠᠢᠮᠤᠢ᠃
ᠡᠮ ᠨᠢ᠄ ᠤᠷᠢᠳ ᠢ᠋ᠶ᠋ᠠᠷ ᠵᠢᠭᠠᠷ᠂ ᠬᠥᠬᠥᠯ᠂ ᠪᠦᠷᠦᠨᠠᠭ᠋᠂ ᠭᠠᠬᠠᠢ ᠶ᠋ᠢᠨ ᠬᠣᠷᠭᠣᠯ᠂ ᠵᠠᠵᠢᠭ᠋᠂ ᠽᠣᠳ᠂ ᠳ᠋ᠠᠭᠱᠠ ᠶ᠋ᠢᠨ ᠳᠠᠩ ᠢ᠋ ᠴᠢᠯᠥᠭᠡ ᠪᠠᠢᠪᠠᠯ ᠬᠡᠳᠦᠨᠲᠡ ᠰᠢᠲᠦᠭᠦᠯᠪᠡᠰᠦ ᠣᠨᠢᠰᠣ ᠮᠥᠨ᠃ ᠴᠢᠯᠥᠭᠡ ᠦᠭᠡᠢ ᠳ᠋ᠦ᠍ ᠡᠪᠡᠳᠴᠢᠯᠡᠮᠡᠭᠴᠡ ᠷᠢᠳᠤᠭ᠋᠂ ᠵᠢᠭᠠᠷ᠂ ᠷᠢᠨᠴᠢᠨ( ᠪᠠᠭᠠᠰᠤ)ᠢ ᠨᠠᠢᠷᠠᠭᠤᠯᠵᠤ ᠦᠨᠦᠷᠲᠦ ᠤᠰᠤ ᠪᠠᠷ ᠳᠠᠷᠤᠭᠤᠯᠵᠤ ᠨᠢᠭᠡ ᠡᠳᠦᠷ ᠲᠦ᠍ ᠭᠤᠷᠪᠠᠨ ᠤᠳᠠᠭ᠎ᠠ ᠥᠭ᠃ ᠡᠰᠡᠬᠦᠯ᠎ᠡ ᠭᠠᠷᠤᠳᠢ—5 ᠤ᠋ ᠳᠡᠭᠡᠷ᠎ᠡ ᠪᠦᠷᠦᠨᠠᠭ᠂ ᠫᠦᠷᠨᠠᠭ᠋᠂ ᠬᠡᠷᠢᠶᠡᠨ ᠮᠢᠬ᠎ᠠ ᠶ᠋ᠢ ᠨᠡᠮᠡᠵᠦ ᠬᠡᠳᠦᠨᠲᠡ ᠥᠭᠪᠡᠰᠦ ᠲᠤᠰᠠᠲᠠᠢ᠂ ᠡᠰᠡᠬᠦᠯ᠎ᠡ ᠳᠣᠭᠰᠢᠨ ᠪᠦᠬᠦᠨ ᠢ᠋ ᠨᠣᠮᠣᠬᠠᠳᠬᠠᠭᠴᠢ ᠶ᠋ᠢᠨ ᠨᠠᠢᠷᠠᠯᠭ᠎ᠠ᠂ ᠠᠷᠤᠷ᠎ᠠ᠂ ᠽᠢᠮᠪᠠ᠂ ᠵᠢᠭᠠᠷ᠂ ᠳ᠋ᠠᠭᠱᠠ᠂ ᠬᠥᠬᠥᠯ᠂ ᠷᠦᠳᠠ᠂ ᠱᠣᠳᠠᠭ᠂ ᠠᠷᠤ ᠰᠸᠷᠳᠣᠭ᠋᠂ ᠪᠣᠩᠭᠠᠷ᠂ ᠳ᠋ᠢᠭᠳᠠ᠂ ᠭᠢᠸᠠᠩ᠂ ᠱᠦᠭᠼᠧᠷ᠂ ᠪᠠᠷᠠᠬᠱᠦ᠋ᠨ ᠢ᠋ ᠨᠠᠢᠷᠠᠭᠤᠯᠵᠤ ᠦᠨᠦᠷᠲᠦ ᠤᠰᠤ ᠪᠠᠷ ᠳᠠᠷᠤᠭᠤᠯ᠃ ᠨᠢᠶᠠᠨ ᠬᠠᠯᠠᠭᠤᠨ ᠶᠡᠷᠦ ᠬᠢᠭᠡᠳ ᠰᠠᠬᠤᠤ᠂ ᠪᠣᠭᠣᠮ᠎ᠠ᠂ ᠣᠬᠣᠷ ᠬᠠᠳᠬᠤᠯᠠᠭ᠎ᠠ ᠬᠢᠭᠡᠳ ᠢᠯᠠᠩᠭᠤᠶ᠎ᠠ ᠭᠦᠶᠦᠵᠦ ᠤᠨᠠᠬᠤ ᠬᠠᠷ᠎ᠠ ᠶ᠋ᠢᠨ ᠶᠡᠷᠦᠨᠳᠡᠭ ᠮᠥᠨ᠃ ᠥᠭᠡᠷ᠎ᠡ ᠪᠠᠰᠠ ᠷᡁᠬᠠᠪᠤ—13 ᠲᠡᠷᠢᠭᠦᠲᠡᠨ ᠢ᠋ᠶ᠋ᠡᠷ ᠲᠤᠭᠤᠯᠭ᠎ᠠ᠃ ᠡᠨᠡ ᠡᠪᠡᠳᠴᠢᠨ ᠶᠡᠬᠡ ᠬᠦᠴᠢᠷᠲᠡᠢ ᠡᠳᠡᠭᠡᠬᠦᠶ᠎ᠡ ᠪᠡᠷᠬᠡ ᠭᠡᠮᠡᠨ ᠠᠢᠯᠠᠳᠤᠭᠰᠠᠨ ᠪᠣᠯᠪᠠᠴᠤ᠂ ᠳ᠋ᠣᠩᠷᠣᠢ᠂ ᠪᠡᠯᠳᠦᠭ᠂ ᠮᠠᠲᠠᠷ ᠤ᠋ᠨ ᠴᠢᠰᠤ᠂ ᠵᠢᠭᠠᠷ᠂ ᠳ᠋ᠣᠮᠷᡁᠢ ᠶ᠋ᠢ ᠨᠠᠢᠷᠠᠭᠤᠯᠤᠨ ᠣᠭᠣᠲᠣᠨ᠎ᠠ ᠶ᠋ᠢᠨ ᠬᠣᠷᠭᠣᠯ ᠤ᠋ᠨ ᠲᠡᠳᠦᠢ ᠷᠢᠯᠦᠳᠡᠵᠦ᠂ ᠰᠠᠢᠨ ᠰᠢᠩᠬᠤ᠂ ᠵᠣᠭᠯᠠᠮ᠎ᠠ ᠪᠠᠷ ᠬᠤᠪᠴᠠᠯᠠᠵᠤ ᠪᠤᠴᠠᠯᠤᠭᠰᠠᠨ ᠤᠰᠤ ᠪᠠᠷ ᠦᠭᠪᠡᠰᠦ ᠪᠤᠯᠴᠢᠩ ᠤᠷᠪᠠᠬᠤ᠂ ᠳᠣᠲᠣᠷ ᠪᠣᠭᠣᠮ᠎ᠠ᠂ ᠰᠠᠬᠤᠤ᠂ ᠪᠣᠭᠣᠮ᠎ᠠ᠂ ᠬᠠᠳᠬᠤᠯᠠᠭ᠎ᠠ ᠲᠡᠷᠢᠭᠦᠲᠡᠨ ᠴᠠᠭ ᠤ᠋ᠨ ᠮᠠᠭᠤ ᠡᠪᠡᠳᠴᠢᠨ᠂ ᠨᠢᠶᠠᠨ ᠤ᠋ ᠵᠦᠢᠯ ᠦ᠋ᠳ ᠲᠦ᠍ ᠡᠭᠦᠨ ᠲᠡᠢ ᠰᠠᠴᠠᠭᠤ ᠶᠡᠷᠦᠨᠳᠡᠭ ᠴᠤᠬᠠᠭ᠋ ᠲᠤᠯᠠ ᠵᠢᠷᠦᠬᠡᠨ ᠳ᠋ᠡᠭᠡᠨ ᠬᠠᠳᠠᠭᠠᠯᠠᠭᠲᠤᠨ᠃
ᠵᠠᠰᠠᠯ ᠳ᠋ᠤᠷ ᠡᠪᠡᠳᠴᠢᠲᠡᠨ ᠦ᠌ ᠬᠥᠮᠥᠰᠬᠡ ᠶ᠋ᠢᠨ ᠵᠠᠪᠰᠠᠷ ᠢ᠋ ᠵᠡᠭᠦᠦ ᠪᠡᠷ ᠬᠠᠳᠬᠤᠵᠤ ᠴᠢᠰᠤ ᠭᠠᠷᠭᠠᠪᠠᠰᠤ ᠬᠦᠴᠦᠨ ᠨᠢ ᠶᠡᠬᠡ ᠪᠣᠯᠪᠠᠴᠤ ᠡᠳᠡᠭᠡᠷᠡᠮᠦᠢ᠃ ᠬᠦᠵᠦᠭᠦᠦ ᠬᠥᠰᠢᠵᠦ ᠰᠢᠯᠢ ᠲᠡᠳᠡᠨ᠂ ᠴᠡᠭᠡᠵᠢ ᠪᠡᠷ ᠡᠪᠡᠳᠪᠡᠰᠦ ᠰᠢᠯᠢ ᠶ᠋ᠢᠨ ᠬᠣᠩᠬᠣᠷ ᠬᠢᠭᠡᠳ ᠵᠢᠷᠭᠤᠭ᠎ᠠ᠂ ᠳᠣᠯᠣᠳᠤᠭᠠᠷ ᠦᠶᠡᠰ ᠢ᠋ ᠨᠢ ᠲᠥᠭᠡᠨᠡ᠃
ᠢᠯᠠᠩᠭᠤᠶ᠎ᠠ ᠨᠢᠶᠠᠨ ᠡᠪᠡᠳᠴᠢᠨ ᠦ᠌ ᠬᠣᠣᠷ ᠳᠡᠢᠯᠦᠩᠭᠦᠢ ᠪᠡᠷ ᠪᠠᠷᠠᠭᠳᠠᠪᠠᠰᠤ ᠬᠡᠯᠡᠨ ᠦ᠌ ᠳᠣᠣᠷᠠᠬᠢ ᠬᠣᠶᠠᠷ ᠰᠤᠳᠠᠯ ᠣᠯᠠᠩᠬᠢ ᠨᠢ ᠳᠡᠯᠭᠡᠷᠡᠨ᠎ᠡ᠃ ᠲᠡᠭᠦᠨ ᠢ᠋ ᠬᠣᠣᠷ ᠦᠭᠡᠢ ᠬᠤᠷᠴᠠ ᠮᠡᠰᠡ ᠪᠡᠷ ᠴᠣᠭᠣᠯᠬᠤ ᠶ᠋ᠢᠨ ᠦᠶᠡᠰ ᠮᠥᠩᠭᠥᠨ ᠴᠢᠯᠠᠭᠤᠨ ᠥᠩᠭᠡ ᠠᠳᠠᠯᠢ ᠴᠢᠰᠤ ᠠᠷᠪᠢᠨ ᠭᠠᠷᠪᠠᠯ ᠡᠳᠡᠭᠡᠬᠦ ᠨᠢ ᠬᠢᠯᠪᠠᠷ᠃ ᠡᠰᠡ ᠭᠠᠷᠪᠠᠰᠤ ᠴᠠᠭ ᠥᠩᠭᠡᠷᠡᠭᠰᠡᠨ ᠪᠥᠭᠡᠳ ᠦᠯᠦ ᠡᠳᠡᠭᠡᠬᠦ ᠶ᠋ᠢᠨ ᠲᠤᠯᠠ ᠡᠪᠡᠳᠦᠭᠰᠡᠨ ᠳᠠᠷᠤᠢ ᠬᠠᠨᠠᠪᠠᠰᠤ ᠣᠨᠢᠰᠣ ᠲᠠᠢ᠃ ᠭᠠᠳᠠᠷ ᠠᠮᠢᠰᠬᠤᠯ ᠲᠠᠰᠤᠷᠠᠪᠠᠴᠤ ᠵᠠᠷᠢᠮ ᠨᠢᠭᠡᠨ ᠨᠢ ᠡᠳᠡᠭᠡᠬᠦ ᠭᠡᠮᠡᠨ ᠠᠢᠯᠠᠳᠪᠠ᠃
ᠨᠢᠶᠠᠨ ᠤ᠋ ᠵᠦᠢᠯ ᠳ᠋ᠦ᠍ᠷ᠄ ᠬᠠᠨᠠᠬᠤ ᠶ᠋ᠢ ᠬᠣᠷᠢᠭᠰᠠᠨ ᠪᠣᠯᠪᠠᠴᠤ ᠡᠨᠡ ᠪᠣᠯ ᠡᠪᠡᠳᠬᠦ ᠶ᠋ᠢᠨ ᠴᠢᠯᠥᠭᠡ ᠦᠭᠡᠢ ᠦᠬᠦᠬᠦ ᠲᠤᠯᠠ ᠱᠤᠩᠭᠤᠴᠢᠨ ᠤᠨᠠᠬᠤ᠂ ᠳᠣᠲᠣᠷ᠎ᠠ ᠪᠣᠭᠣᠮ᠎ᠠ᠂ ᠪᠤᠯᠴᠢᠩ ᠤᠷᠪᠠᠬᠤ᠂ ᠨᠢᠶᠠᠨ ᠴᠠᠩᠬ᠎ᠠ ᠳᠥᠷᠪᠡ ᠶ᠋ᠢ ᠵᠠᠰᠠᠬᠤ ᠠᠷᠭ᠎ᠠ᠂ ᠵᠠᠰᠠᠯ ᠤ᠋ᠨ ᠲᠤᠢᠯ ᠨᠢ ᠮᠥᠨ ᠪᠣᠯᠠᠢ᠃ ᠠᠨᠠᠭᠠᠬᠤ ᠴᠢᠯᠥᠭᠡ ᠪᠠᠢᠬᠤ ᠨᠤᠭᠤᠳ ᠲᠤ᠌ ᠬᠤᠷᠢᠶᠠᠭᠰᠠᠨ ᠶᠤᠮ᠃

( ᠭᠤᠷᠪᠠ) ᠰᠢᠷ᠎ᠠ ᠰᠤᠳᠠᠯ ᠳ᠋ᠤ᠌ ᠭᠦᠶᠦᠬᠦ
ᠰᠢᠷ᠎ᠠ ᠰᠤᠳᠠᠯ ᠳ᠋ᠤ᠌ ᠭᠦᠶᠦᠬᠦ᠂ ᠭᠤᠷᠮᠤᠰᠤᠨ ᠬᠠᠷ᠎ᠠ ᠡᠪᠡᠳᠴᠢᠨ ᠪᠣᠯ ᠡᠯᠢᠭᠡ᠂ ᠰᠥᠰᠥᠨ ᠣᠷᠣᠨ ᠳ᠋ᠤ᠌ ᠪᠠᠭᠤᠭᠰᠠᠨ ᠡᠪᠡᠳᠴᠢᠨ ᠮᠥᠨ ᠪᠥᠭᠡᠳ ᠡᠭᠦᠨ ᠦ᠌ ᠰᠢᠨᠵᠢ ᠶ᠋ᠢᠨ ᠣᠯᠠᠩᠬᠢ ᠨᠢ ᠭᠤᠷᠮᠤᠰᠤᠨ ᠬᠠᠷ᠎ᠠ ᠶ᠋ᠢᠨ ᠰᠢᠨᠵᠢ ᠲᠡᠢ ᠠᠳᠠᠯᠢ ᠪᠣᠯᠪᠠᠴᠤ᠂ ᠡᠭᠦᠨ ᠢ᠋ ᠪᠣᠯᠪᠠᠰᠤᠷᠠᠬᠤ ᠶ᠋ᠢᠨ ᠦᠶᠡᠰ᠂ ᠮᠸᠷᡁᠢ( ᠬᠥᠮᠦᠨ ᠦ᠌ ᠰᠥᠰᠥ)᠂ ᠳ᠋ᠣᠮᠷᡁᠢ᠂ ᠵᠢᠭᠠᠷ᠂ ᠪᠣᠩᠭᠠᠷ᠂ ᠭᠦᠷᠦᠢ᠂ ᠴᠦᠮᠢᠨ᠂ ᠪᠠᠷᠠᠬᠱᠦ᠋ᠨ᠂ ᠶᠦᠩᠸ᠎ᠠ ᠨᠤᠭᠦᠳ ᠢ᠋ ᠨᠠᠢ᠍ᠮᠠᠨ ᠨᠠᠰᠤᠲᠤ ᠶ᠋ᠢᠨ ᠰᠢᠭᠡᠰᠦᠨ ᠳ᠋ᠦ᠍ ᠨᠠᠢᠷᠠᠭᠤᠯᠵᠤ ᠳᠣᠲᠣᠷ᠎ᠠ ᠠ᠋ᠴᠠ ᠨᠢ ᠥᠭ᠃ ᠪᠣᠯᠪᠠᠰᠤᠷᠠᠭᠤᠯᠤᠭᠴᠢ ᠳᠠᠩ ᠯᠤᠭ᠎ᠠ ᠬᠠᠪᠰᠤᠷᠤᠭᠤᠯᠪᠠᠰᠤ ᠰᠠᠢᠨ᠂ ᠡᠰᠡᠬᠦᠯ᠎ᠡ ᠬᠢᠯᠢᠨᠴᠡᠲᠦ ᠬᠣᠷᠣᠬᠠᠢ ᠶ᠋ᠢᠨ ᠮᠢᠬ᠎ᠠ ᠶ᠋ᠢ ᠦᠨᠢᠶᠡᠨ ᠰᠦᠨ ᠳ᠋ᠦ᠍ ᠲᠠᠯᠪᠢᠵᠤ ᠦᠭᠪᠡᠰᠦ ᠪᠠᠶᠠᠨ ᠳ᠋ᠤ᠌ ᠰᠠᠷᠨᠢᠬᠤ ᠪᠥᠭᠡᠳ ᠲᠠᠷᠬᠠᠭᠰᠠᠨ ᠢ᠋ ᠬᠤᠷᠢᠶᠠᠮᠤᠢ᠃ ᠲᠡᠭᠦᠨ ᠦ᠌ ᠬᠣᠢᠨ᠎ᠠ ᠳ᠋ᠦᠷᠵᠢᠳ᠂ ᠲᠠᠷᠨᠤ᠂ ᠷᠸᠵᠠᠭ᠋᠂ ᠶᠠᠵᠢᠮ᠎ᠠ᠂ ᠤᠨᠪᠤ᠂ ᠷᡁᠳᠪᠤ᠂ ᠵᠸᠷᠸ᠎ᠠ ᠶ᠋ᠢᠨ ᠬᠠᠨᠳᠠ ᠨᠤᠭᠤᠳ ᠢ᠋ ᠨᠠᠢᠷᠠᠭᠤᠯᠤᠭᠰᠠᠨ ᠲᠤᠭᠤᠯᠭ᠎ᠠ ᠪᠠᠷ ᠠᠷᠢᠭᠤᠳᠬᠠᠪᠠᠰᠤ ᠤᠪᠠᠳᠢᠰ ᠤ᠋ᠨ ᠣᠨᠢᠰᠣ ᠮᠥᠨ᠃
ᠪᠡᠶ᠎ᠡ ᠨᠢ ᠠᠯᠲᠠᠨ ᠬᠥᠷᠥᠭ ᠮᠡᠲᠦ ᠪᠣᠯᠪᠠᠰᠤ ᠰᠠᠭᠠᠭ ᠤ᠋ᠨ ᠭᠤᠯᠢᠷ ᠢ᠋ ᠤᠰᠤᠨ ᠳ᠋ᠤ᠌ ᠨᠤᠬᠤᠵᠤ᠂ ᠲᠡᠷᠭᠡᠨ ᠦ᠌ ᠲᠣᠯᠣᠭᠠᠢ ᠬᠡᠯᠪᠡᠷᠢᠲᠡᠢ ᠵᠠᠰᠠᠵᠤ᠂ ᠡᠪᠡᠳᠴᠢᠲᠡᠨ ᠦ᠌ ᠬᠦᠢᠰᠦᠨ ᠳᠡᠭᠡᠷ᠎ᠡ ᠨᠠᠭᠠᠯᠳᠤᠭᠤᠯ᠃ ᠲᠡᠭᠦᠨ ᠦ᠌ ᠳᠡᠭᠡᠷ᠎ᠡ ᠬᠢᠲᠠᠳ ᠰᠢᠷ᠎ᠠ ᠴᠠᠭᠠᠰᠤ ᠶ᠋ᠢ ᠣᠷᠢᠶᠠᠨ ᠭᠣᠣᠯ ᠬᠢᠵᠦ ᠬᠤᠩᠯᠠ ᠶ᠋ᠢᠨ ᠲᠣᠰᠣ ᠶ᠋ᠢ ᠳᠦᠷᠭᠢᠨ ᠰᠢᠲᠠᠭᠠᠵᠤ ᠭᠣᠣᠯ ᠨᠢ ᠪᠠᠷᠠᠬᠤ ᠶ᠋ᠢᠨ ᠦᠶ᠎ᠡ ᠳ᠋ᠦ᠍ ᠰᠢᠷ᠎ᠠ ᠥᠩᠭᠡ ᠨᠢ ᠬᠦᠢᠰᠦᠨ ᠨᠦᠬᠡ ᠪᠡᠷ ᠭᠠᠷᠬᠤ ᠪᠣᠯᠤᠨ᠎ᠠ᠃ ᠲᠡᠭᠦᠨᠴᠢᠯᠡᠨ ᠨᠢᠳᠦ ᠬᠢᠭᠡᠳ ᠬᠠᠮᠠᠷ ᠤ᠋ᠨ ᠨᠦᠬᠡ ᠲᠡᠷᠢᠭᠦᠲᠡᠨ ᠳ᠋ᠦ᠍ ᠴᠦ᠍ ᠦᠢᠯᠡᠳ᠃ ᠲᠡᠷᠡ ᠮᠡᠲᠦ ᠣᠯᠠᠨᠲᠠ ᠦᠢᠯᠡᠳᠪᠡᠰᠦ ᠮᠢᠬ᠎ᠠ ᠠᠷᠠᠰᠤᠨ ᠳ᠋ᠤ᠌ ᠲᠠᠷᠬᠠᠭᠰᠠᠨ ᠰᠢᠷ᠎ᠠ ᠶ᠋ᠢ ᠬᠣᠴᠣᠷᠤᠯ ᠦᠭᠡᠢ ᠭᠠᠷᠭᠠᠨ ᠦᠢᠯᠡᠳᠦᠮᠦᠢ᠃

( ᠳᠥᠷᠪᠡ) ᠲᠠᠷᠢᠬᠢᠨ ᠬᠠᠳᠬᠤᠯᠠᠭ᠎ᠠ
ᠲᠠᠷᠢᠬᠢᠨ ᠬᠠᠳᠬᠤᠯᠠᠭ᠎ᠠ ᠶ᠋ᠢᠨ ᠰᠢᠨᠵᠢ᠄ ᠨᠢᠶᠠᠨ ᠬᠠᠯᠠᠭᠤᠨ ᠶᠡᠷᠦ ᠯᠦ᠍ᠭᠡ ᠠᠳᠠᠯᠢ᠃ ᠢᠯᠠᠩᠭᠤᠶ᠎ᠠ ᠲᠠᠷᠢᠬᠢ ᠬᠠᠳᠬᠤᠯᠠᠬᠤ ᠪᠥᠭᠡᠳ ᠬᠠᠮᠠᠷ ᠠ᠋ᠴᠠ ᠴᠢᠰᠤ ᠴᠤᠪᠤᠷᠠᠬᠤ᠂ ᠲᠡᠭᠦᠨ ᠳ᠋ᠦ᠍ ᠶᠡᠷᠦᠨᠳᠡᠭ ᠢ᠋ ᠲᠦᠷᠭᠡᠨ ᠡᠰᠡ ᠰᠢᠲᠦᠭᠦᠯᠪᠡᠰᠦ ᠴᠠᠭ ᠠ᠋ᠴᠠ ᠥᠩᠭᠡᠷᠡᠨ ᠭᠠᠯᠵᠠᠭᠤᠷᠠᠬᠤ ᠪᠥᠭᠡᠳ ᠠᠮᠢᠨ ᠳ᠋ᠤᠷ ᠪᠤᠯᠢᠶᠠᠯᠳᠤᠮᠤᠢ᠃
ᠡᠮ ᠨᠢ᠄ ᠠᠩᠬᠠᠨ ᠳ᠋ᠤᠷ ᠮᠢᠲ᠋ᠤᠳ( ᠬᠥᠮᠦᠨ ᠦ᠌ ᠭᠠᠪᠠᠯᠠ)᠂ ᠪᠦᠷᠦᠢ᠍ᠷᠦᠢ᠂ ᠴᠠᠭᠠᠨ ᠳᠠᠩᠫᠤᠷᠤᠮ᠂ ᠬᠠᠷ᠎ᠠ ᠱ‍ᠢᠪᠠᠭ᠋᠂ ᠬᠥᠬᠥᠯ ᠦ᠋ᠨ ᠳᠠᠩ ᠢ᠋ ᠬᠡᠳᠦᠨᠲᠡ ᠰᠢᠲᠦᠭᠦᠯᠦᠭᠰᠡᠨ ᠦ᠌ ᠬᠣᠢᠨ᠎ᠠ ᠳ᠋ᠦᠮᠪᠦᠷᠸᠷᠡᠯ᠂ ᠴᠠᠭᠠᠨ ᠳᠠᠩᠫᠤᠷᠤᠮ᠂ ᠵᠢᠭᠠᠷ᠂ ᠬᠥᠬᠥᠯ᠂ ᠰᠢᠩᠭᠦᠨ᠂ ᠱᠤᠳᠠᠭ᠂ ᠯᠠᠩᠲ᠋ᠠᠩᠼᠸ᠂ ᠮᠦᠽᠢ᠂ ᠪᠤᠭᠤ ᠶ᠋ᠢᠨ ᠥᠭᠡᠬᠦ᠂ ᠦᠯᠴᠦ᠂ ᠵᠢᠳᠠᠩᠭ᠎ᠠ᠂ ᠯᠤᠤ ᠶ᠋ᠢᠨ ᠶᠠᠰᠤ᠂ ᠬᠥᠮᠦᠨ ᠦ᠌ ᠬᠠᠭᠤᠴᠢᠨ ᠭᠠᠪᠠᠯᠠ᠂ ᠳ᠋ᠢᠭᠳᠡ ᠨᠤᠭᠦᠳ ᠦ᠋ᠨ ᠳᠡᠭᠡᠷᠡᠬᠢ ᠬᠣᠶᠠᠷ ᠢ᠋ ᠡᠷᠬᠢᠮᠯᠡᠨ ᠳᠣᠲᠣᠷ᠎ᠠ ᠠ᠋ᠴᠠ ᠥᠭᠴᠦ ᠤᠲᠤᠭ᠎ᠠ ᠪᠠᠷ ᠨᠢ ᠣᠲᠣᠰᠤᠭᠠᠢ᠃ ᠳᠠᠩᠫᠤᠷᠤᠮ ᠤ᠋ᠨ ᠬᠠᠨᠳᠠ᠂ ᠢᠮᠠᠭᠠᠨ ᠴᠢᠰᠤ᠂ ᠵᠠᠼᠤᠢ ᠶ᠋ᠢ ᠨᠠᠢᠷᠠᠭᠤᠯᠤᠭᠰᠠᠨ ᠪᠦᠬᠦᠨ᠎ᠡ ᠲᠤᠰᠠ ᠲᠡᠭᠦᠯᠳᠡᠷ ᠢ᠋ᠶ᠋ᠡᠷ ᠲᠠᠷᠢᠬᠢᠨ ᠬᠠᠳᠬᠤᠯᠠᠭ᠎ᠠ᠂ ᠨᠢᠶᠠᠨ ᠬᠢᠵᠢᠭ᠂ ᠴᠠᠭᠠᠨ ᠬᠤᠶᠠᠩ ᠬᠡᠢ ᠬᠠᠪᠰᠤᠷᠤᠯᠳᠤᠭᠰᠠᠨ ᠲᠡᠷᠢᠭᠦᠲᠡᠨ ᠲᠠᠨᠢᠭᠳᠠᠬᠤ ᠳ᠋ᠤ᠌ ᠪᠡᠷᠬᠡ ᠲᠣᠯᠣᠭᠠᠢ ᠶ᠋ᠢᠨ ᠡᠪᠡᠳᠴᠢᠨ ᠶᠡᠷᠦ ᠳ᠋ᠦ᠍ ᠲᠤᠰᠠᠯᠠᠬᠤ ᠠᠨᠤ ᠭᠠᠢᠬᠠᠮᠰᠢᠭ᠋ ᠪᠣᠯᠠᠢ᠃

( ᠲᠠᠪᠤ) ᠨᠢᠳᠦᠨ ᠬᠢᠵᠢᠭ
ᠨᠢᠳᠦᠨ ᠬᠢᠵᠢᠭ ᠢᠨᠤ ᠥᠯᠵᠡᠢ ᠪᠤᠰᠤ ᠭᠠᠷᠬᠤ ᠨᠢ ᠤᠷᠢᠳ ᠤ᠋ᠨ ᠢᠷᠣ᠎ᠠ※ ᠮᠥᠨ᠃
ᠡᠮ ᠨᠢ᠄ ᠪᠠᠩᠽᠢ—12 ᠬᠤᠪᠢ ᠲᠡᠭᠦᠯᠳᠡᠷ ᠦ᠋ᠨ ᠳᠡᠭᠡᠷ᠎ᠡ ᠭᠦᠷᠭᠦᠮ᠂ ᠠᠸ᠎ᠠ᠂ ᠲᠡᠮᠦᠷ ᠮᠣᠭᠠᠢ ᠶ᠋ᠢ ᠨᠡᠮᠡᠪᠡᠰᠦ ᠴᠢᠳᠠᠮᠤᠢ᠃

( ᠵᠢᠷᠭᠤᠭ᠎ᠠ) ᠴᠢᠬᠢᠨ ᠰᠤᠳᠠᠰᠤ ᠦᠯᠢᠶᠡᠭᠳᠡᠬᠦ
ᠴᠢᠬᠢᠨ ᠰᠤᠳᠠᠰᠤ ᠦᠯᠢᠶᠡᠭᠳᠡᠬᠦ ᠨᠢ᠄ ᠴᠢᠬᠢᠨ ᠦ᠌ ᠤᠭ ᠢ᠋ᠶ᠋ᠠᠷ ᠯᠤᠭᠰᠢᠵᠤ ᠬᠠᠳᠬᠤᠯᠠᠬᠤ᠂ ᠬᠦᠴᠦᠨ ᠪᠠᠭ᠎ᠠ ᠨᠢ ᠭᠡᠮ ᠦᠭᠡᠢ᠂ ᠬᠦᠴᠦᠨ ᠶᠡᠬᠡ ᠨᠢ ᠴᠢᠬᠢ ᠳᠦᠯᠡᠢᠷᠡᠬᠦ᠂ ᠡᠰᠡᠪᠡᠰᠦ ᠪᠠᠷᠪᠠᠳᠠ ᠶ᠋ᠢᠨ ᠡᠪᠡᠳᠴᠢᠨ ᠪᠣᠯᠬᠤ ᠪᠤᠶᠤ ᠭᠡᠨᠡᠳᠲᠡ ᠬᠠᠪᠤᠳᠴᠤ ᠳᠣᠲᠣᠭᠰᠢ ᠠᠯᠳᠠᠭᠳᠠᠪᠠᠰᠤ ᠦᠬᠦᠬᠦ ᠴᠦ᠍ ᠪᠣᠢ᠃ ᠡᠭᠦᠨ ᠳ᠋ᠦ᠍ ᠭᠠᠷᠤᠳᠢ—5 ᠤ᠋ ᠳᠡᠭᠡᠷ᠎ᠡ ᠬᠥᠬᠥᠯ᠂ ᠳ᠋ᠠᠭᠱᠠ᠂ ᠦᠯᠴᠦ᠂ ᠰᠸᠼᠤᠸᠠ ᠨᠡᠮᠡᠨ ᠦᠭᠪᠡᠰᠦ ᠲᠤᠰᠠᠯᠠᠨ᠎ᠠ᠃

( ᠳᠣᠯᠣᠭ᠎ᠠ) ᠰᠠᠬᠤᠤ
ᠨᠢᠶᠠᠨ ᠡᠪᠡᠳᠴᠢᠨ ᠬᠣᠭᠣᠯᠠᠢ ᠳ᠋ᠤ᠌ ᠪᠠᠭᠤᠪᠠᠰᠤ ᠰᠠᠬᠤᠤ ᠬᠡᠮᠡᠬᠦ ᠪᠥᠭᠡᠳ ᠢᠯᠭᠠᠯ ᠳ᠋ᠤ᠌ ᠡᠷ᠎ᠡ ᠡᠮ᠎ᠡ ᠲᠡᠷᠢᠭᠦᠲᠡᠨ ᠣᠯᠠᠨ ᠪᠠᠢᠬᠤ᠂ ᠠᠯᠢᠨ ᠴᠤ᠌ ᠨᠢᠶᠠᠨ ᠡᠪᠡᠳᠴᠢᠲᠡᠨ ᠦ᠌ ᠠᠮᠠᠨ ᠤ᠋ ᠦᠨᠦᠷ ᠲᠣᠰᠪᠠᠰᠤ ᠬᠠᠯᠳᠠᠮᠤᠢ᠃
ᠡᠮ ᠨᠢ᠄ ᠡᠬᠢᠯᠡᠭᠡᠳ ᠬᠥᠬᠥᠯ᠂ ᠬᠠᠷ᠎ᠠ ᠱ‍ᠢᠪᠠᠬ ᠤ᠋ᠨ ᠳᠠᠩ ᠢ᠋ ᠥᠭᠭᠦᠭᠰᠡᠨ ᠦ᠌ ᠳᠠᠷᠠᠭ᠎ᠠ ᠭᠠᠷᠤᠳᠢ—5 ᠪᠤᠶᠤ ᠪᠠᠩᠽᠢ—12 ᠣᠨ ᠳᠡᠭᠡᠷ᠎ᠡ ᠯᠢᠰᠢ ᠶ᠋ᠢ ᠡᠷᠬᠢᠮᠯᠡᠨ᠂ ᠮᠣᠷᠢᠨ ᠰᠢᠷᠠᠯᠵᠢ ᠶ᠋ᠢᠨ ᠳᠠᠩ ᠢ᠋ᠶ᠋ᠠᠷ ᠳᠠᠷᠤᠭᠤᠯ᠃

( ᠨᠠᠢ᠍ᠮᠠ) ᠪᠣᠭᠣᠮ᠎ᠠ
ᠪᠣᠭᠣᠮ᠎ᠠ ᠡᠪᠡᠳᠴᠢᠨ ᠦ᠌ ᠰᠢᠯᠲᠠᠭᠠᠨ ᠨᠥᠬᠥᠴᠡᠯ ᠨᠢ ᠨᠢᠶᠠᠨ ᠡᠪᠡᠳᠴᠢᠨ ᠦ᠌ ᠶᠡᠷᠦ ᠯᠦ᠍ᠭᠡ ᠠᠳᠠᠯᠢ ᠪᠣᠯᠪᠠᠴᠤ ᠡᠨᠡ ᠢᠨᠤ ᠰᠠᠯᠬᠢᠨ᠂ ᠦᠨᠦᠷ ᠲᠡᠷᠢᠭᠦᠲᠡᠨ ᠢ᠋ᠶ᠋ᠡᠷ ᠬᠠᠯᠳᠠᠬᠤ ᠨᠢ ᠴᠥᠭᠡᠬᠡᠨ᠂ ᠰᠢᠭᠡᠰᠦᠨ ᠥᠩᠭᠡ ᠬᠠᠷ᠎ᠠ ᠪᠥᠭᠡᠳ ᠳᠡᠭᠡᠷ᠎ᠡ ᠪᠡᠨ ᠲᠤᠩᠭᠠᠯᠠᠭ᠂ ᠢᠷᠣᠭᠠᠷ ᠲᠠᠭᠠᠨ ᠪᠤᠯᠠᠩᠭᠢᠷ ᠠᠭᠤᠷ ᠪᠦᠷᠬᠦᠵᠦ᠂ ᠢᠵᠠᠮᠠᠭ᠋ ᠨᠢ ᠬᠢᠮᠤᠷᠠᠯᠳᠤᠪᠠᠰᠤ ᠮᠠᠭᠠᠳ ᠪᠣᠭᠣᠮ᠎ᠠ ᠮᠥᠨ᠃
ᠡᠮ ᠨᠢ᠄ ᠵᠢᠭᠠᠷ᠂ ᠬᠥᠬᠥᠯ᠂ ᠰᠢᠩᠭᠦᠨ ᠭᠤᠷᠪᠠ ᠶ᠋ᠢ ᠨᠠᠢᠷᠠᠭᠤᠯᠤᠭᠰᠠᠨ ᠨᠣᠵᠢᠳ ᠰᠦᠮ( ᠭᠠᠯᠵᠠᠭᠤᠷᠠᠭᠤᠯᠤᠭᠴᠢ ᠭᠤᠷᠪᠠ) ᠭᠡᠮᠡᠨ ᠪᠣᠭᠣᠮ᠎ᠠ ᠶ᠋ᠢᠨ ᠡᠪᠡᠳᠴᠢᠨ ᠪᠦᠬᠦᠨ ᠢ᠋ ᠠᠷᠢᠯᠭᠠᠬᠤ ᠶ᠋ᠢᠨ ᠳᠡᠭᠡᠳᠦ ᠡᠮ ᠮᠥᠨ᠃ ᠦᠯᠴᠦ—18 ᠤ᠋ ᠨᠠᠢᠷᠠᠯᠭ᠎ᠠ ᠶ᠋ᠢ ᠡᠳᠡᠭᠡᠷᠡᠲᠡᠯ᠎ᠡ ᠥᠭ᠃ ᠪᠠᠰᠠ ᠵᠢᠭᠠᠰᠤ᠂ ᠮᠣᠭᠠᠢ ᠶ᠋ᠢᠨ ᠰᠡᠭᠦᠯ ᠠᠳᠠᠯᠢ᠂ ᠴᠢᠴᠢᠭᠦᠷ ᠬᠣᠷᠣᠬᠠᠢ( ᠳᠥᠷᠪᠡᠨ ᠵᠢᠭᠦᠷᠲᠦ ᠡᠷᠪᠡᠬᠡᠢ ᠮᠡᠲᠦ)᠂ ᠠᠭᠠᠯᠵᠢ ᠶ᠋ᠢᠨ ᠬᠥᠯ ᠠᠳᠠᠯᠢ᠂ ᠬᠢᠯᠢᠨᠴᠡᠲᠦ ᠬᠣᠷᠣᠬᠠᠢ ᠶ᠋ᠢᠨ ᠡᠪᠡᠷ᠂ ᠮᠡᠯᠡᠬᠡᠢ ᠶ᠋ᠢᠨ ᠠᠷᠤ ᠠᠳᠠᠯᠢ᠂ ᠰᠢᠨᠠᠭᠠᠨ ᠬᠣᠷᠣᠬᠠᠢ ᠶ᠋ᠢᠨ ᠲᠣᠯᠣᠭᠠᠢ᠂ ᠵᠠᠯᠠᠭᠤ ᠡᠬᠡᠨᠡᠷ ᠦ᠋ᠨ ᠬᠥᠬᠥ ᠮᠡᠲᠦ ᠶ᠋ᠢ ᠭᠣᠣᠯ ᠳ᠋ᠤᠨᠢ ᠲᠤᠰ ᠲᠤᠰ ᠲᠥᠭᠡᠨᠡ᠃ ᠭᠠᠯ ᠪᠣᠭᠣᠮ᠎ᠠ ᠠ᠋ᠴᠠ ᠪᠤᠰᠤᠳ ᠢ᠋ ᠭᠠᠯ ᠢ᠋ᠶ᠋ᠠᠷ ᠲᠥᠭᠡᠨᠡᠬᠦ ᠨᠢ ᠣᠨᠢᠰᠣ ᠲᠠᠢ᠃ ᠢᠳᠡᠭᠡᠨ ᠳ᠋ᠦ᠍ᠷ ᠴᠠᠭᠠᠨ᠂ ᠠᠮᠲᠠᠯᠢᠭ᠂ ᠢᠯᠵᠢᠷᠬᠡᠢ᠂ ᠢᠰᠬᠦᠯᠡᠩ᠂ ᠬᠠᠯᠠᠭᠤᠨ ᠲᠡᠷᠢᠭᠦᠲᠡᠨ ᠢ᠋ ᠲᠡᠪᠴᠢ᠃ ᠶᠠᠪᠤᠳᠠᠯ ᠮᠥᠷ ᠲᠣᠷ ᠲᠠᠴᠢᠶᠠᠯᠳᠤᠬᠤ᠂ ᠡᠳᠦᠷ ᠤᠨᠲᠠᠬᠤ᠂ ᠬᠠᠲᠠᠭᠤ ᠬᠦᠴᠦᠯᠡᠬᠦ᠂ ᠮᠣᠷᠢ ᠤᠨᠤᠬᠤ᠂ ᠤᠰᠤ ᠭᠠᠲᠤᠯᠬᠤ ᠶ᠋ᠢ ᠰᠠᠬᠤᠤ ᠪᠣᠭᠣᠮ᠎ᠠ ᠬᠣᠶᠠᠷ ᠲᠤ᠌ ᠴᠡᠭᠡᠷᠯᠡ᠃

( ᠶᠢᠰᠦ) ᠣᠬᠣᠷ ᠬᠠᠳᠬᠤᠯᠠᠭ᠎ᠠ
ᠣᠬᠣᠷ ᠬᠠᠳᠬᠤᠯᠠᠭ᠎ᠠ ᠡᠪᠡᠳᠴᠢᠨ ᠦ᠌ ᠶᠡᠷᠦ ᠶ᠋ᠢᠨ ᠰᠢᠨᠵᠢ ᠨᠢ ᠨᠢᠶᠠᠨ ᠲᠠᠢ ᠠᠳᠠᠯᠢ᠃ ᠰᠤᠳᠠᠯ ᠨᠢ ᠣᠬᠣᠷ ᠪᠥᠭᠡᠳ ᠦᠶ᠎ᠡ ᠦᠶ᠎ᠡ ᠣᠯᠠᠨ ᠯᠤᠭᠰᠢᠨ᠎ᠠ᠃ ᠬᠠᠲᠠᠭᠤ ᠳᠣᠭᠰᠢᠨ ᠤ᠋ ᠰᠢᠭᠡᠰᠦᠨ ᠥᠩᠭᠡ ᠨᠢ ᠤᠯᠠᠪᠤᠷ ᠰᠢᠷ᠎ᠠ᠂ ᠦᠨᠦᠷ ᠠᠭᠤᠷ ᠶᠡᠬᠡ᠂ ᠡᠰᠡᠬᠦᠯ᠎ᠡ ᠪᠣᠷᠣ ᠤᠲᠤᠭᠠᠨ ᠤ᠋ ᠥᠩᠭᠡ ᠠᠳᠠᠯᠢ ᠭᠠᠷᠬᠤ᠂ ᠢᠯᠭᠠᠯ ᠨᠢ ᠴᠢᠰᠤᠨ ᠬᠠᠳᠬᠤᠯᠠᠭ᠎ᠠ ᠪᠣᠯ ᠪᠠᠷᠠᠭᠤᠨ ᠲᠠᠯ᠎ᠠ᠂ ᠨᠢᠶᠠᠨ ᠬᠠᠳᠬᠤᠯᠠᠭ᠎ᠠ ᠪᠣᠯ ᠵᠡᠭᠦᠨ ᠲᠠᠯ᠎ᠠ ᠪᠠᠷ᠂ ᠬᠡᠢ ᠬᠠᠳᠬᠤᠯᠠᠭ᠎ᠠ ᠪᠣᠯ ᠬᠠᠮᠢᠭ᠎ᠠ ᠴᠤ᠌ ᠮᠠᠭᠠᠳ ᠦᠭᠡᠢ᠃
ᠰᠡᠷᠭᠡᠢᠯᠡᠬᠦ ᠠᠷᠭ᠎ᠠ ᠨᠢ᠄ ᠭᠠᠪᠤᠷ᠂ ᠬᠥᠬᠥᠯ᠂ ᠳᠠᠪᠤᠰᠤ᠂ ᠮᠦᠽᠢ ᠶ᠋ᠢ ᠵᠡᠭᠦᠨ ᠮᠥᠷᠦᠨ ᠳ᠋ᠦ᠍ᠨᠢ ᠵᠡᠭᠦᠯᠭᠡ᠃
ᠵᠠᠰᠠᠬᠤ ᠠᠷᠭ᠎ᠠ᠄ ᠯᠢᠳᠡᠷᠢ᠂ ᠽᠣᠳ᠂ ᠠᠷᠤᠷ᠎ᠠ ᠶ᠋ᠢᠨ ᠳᠠᠩ᠂ ᠪᠠᠩᠽᠢ—12᠂ ᠬᠠᠯᠠᠵᠠᠢᠳᠠᠪ ᠲᠡᠷᠢᠭᠦᠲᠡᠨ ᠢ᠋ ᠠᠯᠢᠨ ᠳ᠋ᠤ᠌ ᠶᠠᠭᠤ ᠬᠡᠷᠡᠭᠯᠡᠬᠦ ᠶᠡᠷᠦᠨᠳᠡᠭ ᠢ᠋ ᠪᠤᠰᠤᠳ ᠠ᠋ᠴᠠ ᠮᠡᠳᠡᠭᠲᠦᠨ᠃

( ᠠᠷᠪᠠ) ᠨᠢᠶᠠᠨ ᠴᠠᠩᠬ᠎ᠠ
ᠨᠢᠶᠠᠨ ᠴᠠᠩᠬ᠎ᠠ ᠶ᠋ᠢᠨ ᠰᠢᠯᠲᠠᠭᠠᠨ ᠨᠢ ᠳᠡᠭᠡᠷᠡᠬᠢ ᠲᠡᠢ ᠠᠳᠠᠯᠢ᠂ ᠨᠥᠬᠥᠴᠡᠯ ᠨᠢ ᠡᠰᠡ ᠰᠢᠩᠭᠡᠭᠰᠡᠨ᠂ ᠬᠥᠯᠥᠷᠡᠵᠦ ᠲᠠᠭᠠᠷᠠᠭᠰᠠᠨ ᠵᠡᠷᠭᠡ ᠡᠴᠡ ᠪᠣᠯᠵᠤ᠂ ᠲᠡᠭᠦᠨ ᠳ᠋ᠦ᠍ ᠬᠦᠴᠦᠨ ᠶᠡᠬᠡ ᠨᠢ ᠡᠪᠡᠳᠦᠭᠰᠡᠨ ᠳᠠᠷᠤᠢ ᠬᠣᠳᠣᠭᠣᠳᠣᠨ ᠠ᠋ᠴᠠ ᠪᠥᠭᠡᠯᠵᠢᠨ᠂ ᠰᠠᠯᠠᠢᠷᠠᠬᠰᠠᠨ ᠤᠰᠤ ᠭᠠᠷᠪᠠᠰᠤ ᠦᠬᠦᠨ᠎ᠡ᠃ ᠬᠦᠴᠦᠨ ᠳᠤᠮᠳᠠ ᠨᠢ ᠬᠣᠳᠣᠭᠣᠳᠣ ᠶᠡᠬᠡ ᠡᠪᠡᠷᠰᠢᠶᠡᠵᠦ᠂ ᠮᠤᠰᠬᠢᠷᠠᠬᠤ᠂ ᠰᠤᠳᠠᠯ ᠤ᠋ᠨ ᠬᠦᠴᠦᠨ ᠪᠠᠭᠤᠷᠠᠬᠤ᠂ ᠰᠣᠷᠮᠤᠤᠰᠤ ᠤᠷᠤᠭᠤ ᠰᠢᠷᠢᠯᠳᠦᠬᠦ᠂ ᠳᠡᠭᠡᠭᠰᠢ ᠪᠥᠭᠡᠯᠵᠢᠨ᠂ ᠳᠣᠷᠣᠭᠰᠢ ᠰᠠᠭᠤᠯᠭᠠᠵᠤ᠂ ᠪᠤᠯᠴᠢᠩ ᠤᠷᠪᠠᠬᠤ᠂ ᠰᠢᠷ᠎ᠠ ᠦᠰᠦ ᠨᠢᠴᠤᠬᠤ᠂ ᠡᠨᠡ ᠢᠨᠤ ᠭᠦᠶᠦᠵᠦ ᠤᠨᠠᠬᠤ ᠬᠠᠷ᠎ᠠ ᠶ᠋ᠢᠨ ᠢᠵᠠᠭᠤᠷ ᠮᠥᠨ ᠲᠤᠯᠠ ᠰᠢᠲᠦ ᠨᠢ ᠠᠷᠵᠠᠢᠨ ᠢᠨᠢᠶᠡᠬᠦ ᠠᠳᠠᠯᠢ ᠪᠠᠷ ᠦᠬᠦᠬᠦ ᠴᠦ᠍ ᠪᠠᠢᠮᠤᠢ᠃ ᠬᠦᠴᠦᠨ ᠪᠠᠭ᠎ᠠ ᠨᠢ ᠬᠣᠳᠣᠭᠣᠳᠣᠨ ᠳ᠋ᠤ᠌ ᠬᠣᠷᠣᠬᠠᠢ ᠳᠦᠭᠦᠷᠦᠭᠰᠡᠨ ᠰᠢᠭ ᠪᠣᠯᠬᠤ᠂ ᠡᠪᠡᠳᠦᠨ ᠬᠠᠳᠬᠤᠯᠠᠬᠤ᠂ ᠵᠠᠷᠢᠮ ᠳ᠋ᠠᠭᠠᠨ ᠬᠠᠲᠠᠭᠤᠷᠠᠨ ᠦᠢᠯᠡᠳᠬᠦ ᠪᠥᠭᠡᠳ ᠤᠰᠤ ᠠᠳᠠᠯᠢ ᠰᠠᠭᠤᠯᠭᠠᠬᠤ᠂ ᠨᠢᠶᠠᠨ ᠳ᠋ᠤ᠌ ᠬᠣᠣᠷ ᠲᠠᠢ ᠢᠳᠡᠭᠡᠨ ᠢ᠋ ᠰᠢᠲᠦᠭᠰᠡᠨ ᠡᠴᠡ ᠤᠷᠤᠭᠤ ᠣᠳᠪᠠᠰᠤ ᠨᠢᠶᠠᠨ ᠴᠠᠩᠬ᠎ᠠ ᠮᠥᠨ ᠲᠤᠯᠠ ᠪᠦᠬᠦᠨ ᠳ᠋ᠦ᠍ ᠭᠠᠮᠰᠢᠭ ᠢᠷᠡᠮᠦᠢ᠃
ᠡᠮ ᠨᠢ᠄ ᠬᠠᠷ᠎ᠠ ᠭᠠᠪᠤᠷ᠂ ᠪᠠᠷᠠᠬᠱᠦᠢ᠍ᠨ᠂ ᠫᠦᠷᠮᠦᠩ ᠦ᠋ᠨ ᠳᠠᠩ ᠢ᠋ ᠥᠭᠭᠦᠭᠡᠳ ᠭᠠᠷᠤᠳᠢ—5᠂ ᠠᠷᠤᠷ᠎ᠠ—10 ᠬᠢᠭᠡᠳ ᠷᡁᠬᠠᠪᠤ—13 ᠵᠡᠷᠭᠡ ᠶ᠋ᠢᠨ ᠲᠤᠭᠤᠯᠭ᠎ᠠ ᠪᠠᠷ ᠠᠷᠢᠯᠭ᠎ᠠ᠃ ᠪᠠᠰᠠ ᠳᠠᠯᠠᠢ ᠶ᠋ᠢᠨ ᠳᠠᠪᠤᠰᠤ᠂ ᠭᠣᠯᠣᠮᠲᠠ ᠶ᠋ᠢᠨ ᠰᠢᠷᠣᠢ ᠲᠠᠢ ᠨᠠᠢᠷᠠᠭᠤᠯᠤᠭᠰᠠᠨ ᠢ᠋ᠶ᠋ᠠᠷ ᠴᠠᠩᠬ᠎ᠠ ᠶ᠋ᠢ ᠬᠣᠴᠣᠷᠤᠯ ᠦᠭᠡᠢ ᠠᠷᠢᠯᠭᠠᠨ᠎ᠠ᠃

( ᠠᠷᠪᠠᠨ ᠨᠢᠭᠡ) ᠭᠡᠳᠡᠰᠦᠨ ᠬᠠᠳᠬᠤᠯᠠᠭ᠎ᠠ
ᠨᠢᠶᠠᠨ ᠡᠪᠡᠳᠴᠢᠨ ᠭᠡᠳᠡᠰᠦᠨ ᠬᠠᠳᠬᠤᠯᠠᠭ᠎ᠠ ᠳ᠋ᠤ᠌ ᠢᠯᠭᠠᠯ ᠣᠯᠠᠨ ᠪᠠᠢᠬᠤ ᠪᠣᠯᠪᠠᠴᠤ ᠦᠰᠦᠭ ᠣᠯᠠᠳᠠᠬᠤ ᠠ᠋ᠴᠠ ᠬᠢᠴᠢᠶᠡᠵᠦ ᠡᠨᠳᠡ ᠡᠰᠡ ᠪᠢᠴᠢᠪᠡᠢ᠃
ᠶᠡᠷᠦ ᠶ᠋ᠢᠨ ᠰᠢᠨᠵᠢ᠄ ᠳᠥᠷᠪᠡᠨ ᠮᠥᠴᠢ᠂ ᠭᠡᠳᠡᠰᠦ ᠡᠪᠡᠳᠴᠦ᠂ ᠰᠠᠭᠤᠯᠭᠠᠬᠤ᠂ ᠰᠤᠳᠠᠯ ᠨᠢ ᠨᠠᠷᠢᠨ ᠡᠷᠴᠢᠮᠲᠡᠢ᠂ ᠲᠦᠷᠭᠡᠨ᠂ ᠵᠠᠷᠢᠮ ᠦᠶᠡᠰ ᠲᠦ᠍ ᠴᠡᠴᠡᠷᠡᠬᠦ᠂ ᠰᠢᠭᠡᠰᠦ ᠨᠢ ᠤᠯᠠᠭᠠᠨ᠂ ᠦᠨᠦᠷ ᠦᠮᠡᠬᠡᠢ᠂ ᠠᠭᠤᠷ ᠶᠡᠬᠡ᠂ ᠢᠵᠠᠮᠠᠭ᠋ ᠨᠢ ᠮᠠᠰᠢ ᠵᠤᠵᠠᠭᠠᠨ ᠪᠥᠭᠡᠳ ᠬᠠᠯᠠᠭᠤᠨ ᠳ᠋ᠤᠷ ᠤᠷᠪᠠᠬᠤ᠂ ᠲᠡᠷᠡ ᠴᠦ᠍ ᠵᠢᠷᠦᠬᠡᠨ ᠳ᠋ᠦ᠍ᠷ ᠪᠠᠭᠤᠪᠠᠰᠤ ᠲᠠᠮᠢᠷ ᠤ᠋ᠨ ᠴᠢᠰᠤ ᠠᠳᠠᠯᠢ᠃ ᠠᠭᠤᠰᠬᠢᠨ ᠳ᠋ᠤ᠌ ᠪᠠᠭᠤᠪᠠᠰᠤ ᠥᠩᠭᠡ ᠨᠢ ᠴᠠᠭᠠᠨ ᠰᠢᠷ᠎ᠠ ᠰᠡᠪᠰᠡᠭᠡᠷ ᠬᠥᠭᠡᠰᠦ ᠲᠡᠢ ᠪᠡᠷ ᠰᠠᠭᠤᠯᠭᠠᠬᠤ᠂ ᠡᠯᠢᠭᠡᠨ ᠳ᠋ᠦ᠍ ᠪᠠᠭᠤᠪᠠᠰᠤ ᠬᠠᠷ᠎ᠠ ᠴᠢᠰᠤ ᠲᠠᠢ᠂ ᠳᠡᠯᠢᠭᠦᠨ ᠳ᠋ᠦ᠍ ᠪᠠᠭᠤᠪᠠᠰᠤ ᠤᠲᠤᠭᠠᠨ ᠤ᠋ ᠰᠢᠭᠦᠰᠦ ᠠᠳᠠᠯᠢ᠂ ᠪᠥᠭᠡᠷᠡᠨ ᠳ᠋ᠦ᠍ ᠪᠠᠭᠤᠪᠠᠰᠤ ᠢᠯᠵᠢᠷᠬᠡᠢ ᠮᠢᠬ᠎ᠠ ᠠᠳᠠᠯᠢ ᠪᠠᠷ ᠰᠠᠭᠤᠯᠭᠠᠬᠤ᠂ ᠬᠣᠳᠣᠭᠣᠳᠣᠨ ᠠ᠋ᠴᠠ ᠰᠠᠭᠤᠯᠭᠠᠪᠠᠰᠤ ᠭᠤᠯᠢᠷ ᠠᠳᠠᠯᠢ᠂ ᠣᠯᠣᠭᠠᠢ ᠠ᠋ᠴᠠ ᠰᠠᠭᠤᠯᠭᠠᠪᠠᠰᠤ ᠨᠣᠭᠣᠭᠠᠨ᠂ ᠰᠥᠰᠥᠨ ᠡᠴᠡ ᠰᠠᠭᠤᠯᠭᠠᠪᠠᠰᠤ ᠥᠪᠡᠷ ᠦ᠋ᠨ ᠥᠩᠭᠡ ᠪᠡᠷ᠂ ᠭᠡᠳᠡᠰᠦᠨ ᠡᠴᠡ ᠲᠠᠷᠢᠬᠢ ᠠᠳᠠᠯᠢ᠂ ᠳᠠᠪᠤᠰᠠᠩ ᠠ᠋ᠴᠠ ᠰᠠᠯᠢᠰᠤ ᠨᠢ ᠳᠣᠪᠣᠢᠵᠤ ᠰᠣᠯᠣᠩᠭ᠎ᠠ ᠠᠳᠠᠯᠢ᠃
ᠡᠮ ᠨᠢ᠄ ᠡᠬᠢᠯᠡᠭᠡᠳ ᠢᠨᠳᠠᠷ᠎ᠠ—4 ᠳᠠᠩ ᠢ᠋ ᠥᠭ᠃ ᠨᠢᠭᠡ ᠱᠸᠩ ᠰᠢᠭᠡᠰᠦ ᠶ᠋ᠢ ᠪᠤᠴᠠᠯᠭᠠᠭᠠᠳ ᠨᠢᠭᠡ ᠪᠢᠲᠡᠭᠦᠦ ᠶ᠋ᠢᠨ ᠬᠢᠷᠢ ᠦᠯᠡᠳᠡᠭᠡᠭᠡᠳ ᠳᠣᠲᠣᠷ᠎ᠠ ᠨᠢ ᠤᠷᠲᠤ ᠬᠣᠰᠢᠭᠤᠲᠤ ᠠᠷᠤᠷ᠎ᠠ ᠳᠥᠷᠪᠡ ᠶ᠋ᠢ ᠨᠢᠭᠲᠠ ᠲᠠᠯᠬᠠᠳᠠᠨ ᠦᠭᠪᠡᠰᠦ ᠰᠢᠨ᠎ᠡ ᠭᠡᠳᠡᠰᠦᠨ ᠬᠠᠳᠬᠤᠯᠠᠭ᠎ᠠ ᠶ᠋ᠢ ᠬᠦᠴᠦᠲᠦ ᠠᠷᠭ᠎ᠠ ᠪᠠᠷ ᠠᠮᠤᠷᠵᠢᠭᠤᠯᠬᠤ ᠭᠠᠭᠴᠠᠭᠠᠷ ᠴᠢᠳᠠᠭᠴᠢ ᠨᠢᠭᠤᠴᠠ ᠡᠮ ᠪᠣᠯᠤᠨ᠎ᠠ᠃ ᠷᡁᠬᠠᠳᠠᠰᠠᠩᠮ᠎ᠠ( ᠠᠷᠢᠭᠤᠨ ᠴᠢᠰᠤ) ᠶ᠋ᠢ ᠳᠣᠲᠣᠷ᠎ᠠ ᠥᠭᠪᠡᠰᠦ ᠭᠡᠳᠡᠰᠦᠨ ᠬᠠᠳᠬᠤᠯᠠᠭ᠎ᠠ ᠡᠪᠡᠳᠴᠢᠨ ᠢ᠋ᠶ᠋ᠡᠷ ᠦᠬᠦᠬᠦ ᠦᠭᠡᠢ ᠶᠦᠮ᠃ ᠲᠠᠤᠯᠠᠢ ᠶ᠋ᠢᠨ ᠲᠠᠷᠢᠬᠢ ᠴᠤ᠌ ᠭᠡᠳᠡᠰᠦᠨ ᠬᠠᠳᠬᠤᠯᠠᠭ᠎ᠠ ᠳ᠋ᠤ᠌ ᠲᠤᠰᠠᠲᠠᠢ᠃ ᠪᠠᠰᠠ ᠶᠡᠷᠦᠨᠳᠡᠭ ᠡᠮ᠂ ᠰᠡᠷᠭᠡᠢᠯᠡᠬᠦ ᠶᠣᠰᠣ ᠲᠡᠷᠢᠭᠦᠲᠡᠨ ᠢ᠋ ᠪᠤᠰᠤᠳ ᠠ᠋ᠴᠠ ᠨᠢᠭᠲᠠᠯᠠᠨ ᠮᠡᠳᠡᠵᠦ ᠦᠢᠯᠡᠳᠬᠦ ᠬᠡᠷᠡᠭᠲᠡᠢ᠃

( ᠠᠷᠪᠠᠨ ᠬᠣᠶᠠᠷ) ᠨᠢᠶᠠᠨ ᠡᠪᠡᠳᠴᠢᠨ ᠠᠷᠭ᠎ᠠ ᠦᠭᠡᠢ
ᠨᠢᠶᠠᠨ ᠡᠪᠡᠳᠴᠢᠨ ᠠᠷᠭ᠎ᠠ ᠦᠭᠡᠢ ᠬᠡᠮᠡᠬᠦ ᠶ᠋ᠢᠨ ᠰᠢᠯᠲᠠᠭᠠᠨ ᠨᠥᠬᠥᠴᠡᠯ ᠳᠡᠭᠡᠷᠡᠬᠢ ᠲᠡᠢ ᠠᠳᠠᠯᠢ᠃
ᠭᠠᠳᠠᠷ ᠰᠢᠨᠵᠢ᠄ ᠪᠥᠭᠡᠷᠡᠨ ᠰᠤᠳᠠᠰᠤ ᠤᠰᠤᠨ ᠰᠤᠳᠠᠰᠤ᠂ ᠲᠡᠷᠢᠭᠦᠲᠡᠨ ᠬᠠᠮᠢᠭ᠎ᠠ ᠣᠷᠣᠰᠢᠭᠰᠠᠨ ᠰᠤᠳᠠᠰᠤ ᠶ᠋ᠢᠨ ᠳᠡᠭᠡᠷ᠎ᠡ ᠳᠣᠪᠣᠢᠵᠤ ᠬᠠᠪᠤᠳᠤᠮᠤᠢ᠃
ᠵᠠᠰᠠᠬᠤ ᠠᠷᠭ᠎ᠠ᠄ ᠡᠬᠢᠯᠡᠭᠡᠳ ᠪᠤᠷᠤᠭᠤᠯᠠᠬᠤ ᠵᠠᠮ ᠢ᠋ ᠬᠠᠭᠠᠬᠤ ᠲᠤᠯᠠ ᠬᠦᠢᠰᠦ ᠪᠡᠯᠬᠡᠭᠦᠰᠦ ᠵᠡᠷᠭᠡ ᠨᠢᠶᠠᠨ ᠤ᠋ ᠡᠮᠵᠡᠭ ᠭᠠᠵᠠᠷ ᠪᠦᠬᠦᠨ ᠬᠢᠭᠡᠳ ᠬᠠᠮᠢᠭ᠎ᠠ ᠬᠠᠪᠤᠳᠤᠭᠰᠠᠨ ᠰᠤᠳᠠᠰᠤᠨ ᠳᠡᠭᠡᠷ᠎ᠡ ᠬᠦ᠌᠂ ᠵᠢᠭᠠᠷ᠂ ᠨᠣᠬᠠᠢ ᠭᠠᠬᠠᠢ ᠶ᠋ᠢᠨ ᠬᠣᠷᠭᠣᠯ ᠢ᠋ ᠰᠠᠢᠲᠤᠷ ᠨᠤᠬᠤᠭᠰᠠᠨ ᠲᠠᠯᠬ᠎ᠠ ᠪᠠᠷ ᠳᠤᠰᠤᠯ ᠦᠢᠯᠡᠳ᠃ ᠬᠥᠬᠥᠯ᠂ ᠱᠣᠳᠠᠭ᠂ ᠵᠢᠭᠠᠷ ᠢ᠋ ᠪᠤᠴᠠᠯᠭᠠᠭᠰᠠᠨ ᠳᠠᠩ ᠢ᠋ ᠥᠭ᠃ ᠠᠷᠤᠷ᠎ᠠ ᠭᠤᠷᠪᠠᠨ ᠬᠤᠪᠢ᠂ ᠮᠠᠨᠴᠢᠨ ᠲᠡᠭᠦᠨ ᠦ᠌ ᠳᠥᠷᠪᠡᠨ ᠬᠤᠪᠢ᠂ ᠵᠠᠼᠤᠸᠠ ᠲᠡᠭᠦᠨ ᠲᠡᠢ ᠰᠠᠴᠠᠭᠤ᠂ ᠵᠢᠭᠠᠷ᠂ ᠬᠥᠬᠥᠯ᠂ ᠱᠣᠳᠠᠭ᠂ ᠬᠠᠷ᠎ᠠ ᠰᠢᠪᠡᠭ᠂ ᠪᠦᠷᠦᠨᠠᠭ ᠤ᠋ᠨ ᠦᠨᠳᠦᠰᠦ ᠨᠤᠭᠦᠳ ᠢ᠋ ᠰᠠᠢᠲᠤᠷ ᠨᠤᠬᠤᠵᠤ ᠨᠠᠢ᠍ᠮᠠᠨ ᠨᠠᠰᠤᠲᠤ ᠶ᠋ᠢᠨ ᠰᠢᠭᠡᠰᠦᠨ ᠳ᠋ᠦ᠍ ᠮᠦᠬᠦᠯᠢᠭᠳᠡᠵᠦ᠂ ᠤᠤᠭᠤᠬᠤ ᠲᠣᠭ᠎ᠠ ᠶ᠋ᠢ ᠡᠪᠡᠳᠴᠢᠨ ᠦ᠌ ᠬᠦᠴᠦᠨ ᠲᠠᠮᠢᠷ ᠢ᠋ ᠵᠢᠱ᠌ᠢᠵᠦ ᠥᠭᠭᠦᠭᠡᠳ ᠬᠤᠪᠴᠠᠰᠤ ᠪᠠᠷ ᠬᠣᠴᠢ᠃ ᠠᠮᠤᠷᠯᠢᠭᠤᠯᠤᠭᠴᠢ ᠡᠮ ᠢ᠋ᠶ᠋ᠡᠷ ᠡᠰᠡ ᠴᠢᠳᠠᠪᠠᠰᠤ ᠲᠤᠭᠤᠯᠭ᠎ᠠ ᠪᠠᠷ ᠠᠷᠢᠭᠤᠳᠬ᠎ᠠ᠃

( ᠠᠷᠪᠠᠨ ᠭᠤᠷᠪᠠ) ᠪᠤᠯᠴᠢᠩ ᠤᠷᠪᠠᠬᠤ
ᠪᠤᠯᠴᠢᠩ ᠤᠷᠪᠠᠬᠤ ᠡᠪᠡᠳᠴᠢᠨ ᠦ᠌ ᠢᠯᠭᠠᠯ ᠳ᠋ᠤ᠌ ᠳᠥᠷᠪᠡᠨ ᠵᠦᠢᠯ ᠪᠣᠢ᠃ ᠶᠡᠷᠦ ᠶ᠋ᠢᠨ ᠰᠢᠨᠵᠢ᠄ ᠲᠣᠯᠣᠭᠠᠢ ᠡᠪᠡᠳᠴᠦ ᠮᠢᠬ᠎ᠠ ᠨᠢ ᠬᠠᠲᠠᠭᠤᠷᠠᠭᠠᠳ ᠪᠦᠬᠦᠨ ᠢ᠋ᠶ᠋ᠡᠷ ᠡᠪᠡᠳᠴᠦ ᠪᠥᠭᠡᠯᠵᠢᠵᠦ ᠰᠠᠭᠤᠯᠭᠠᠬᠤ ᠪᠥᠭᠡᠳ ᠪᠤᠯᠴᠢᠩ ᠤ᠋ᠳ ᠤᠷᠪᠠᠮᠤᠢ᠃ ᠮᠠᠰᠢ ᠶᠡᠬᠡ ᠬᠦᠴᠦᠲᠡᠢ ᠨᠢ᠄ ᠭᠡᠨᠡᠳᠲᠡ ᠠᠮᠢᠨ ᠳ᠋ᠤ᠌ ᠲᠡᠮᠡᠴᠡᠯᠳᠦᠬᠦ᠂ ᠵᠠᠷᠢᠮ ᠤ᠋ᠳ ᠨᠢ ᠡᠪᠡᠳᠴᠢᠯᠡᠬᠦ ᠦᠭᠡᠢ ᠪᠡᠷ ᠰᠢᠳᠦ ᠪᠡᠨ ᠢᠷᠵᠠᠢᠨ ᠦᠬᠦᠬᠦ ᠴᠦ᠍ ᠪᠣᠢ᠃
ᠡᠮ ᠨᠢ᠄ ᠡᠬᠢᠯᠡᠭᠡᠳ ᠬᠠᠷ᠎ᠠ ᠰᠢᠪᠠᠭ᠂ ᠬᠥᠬᠥᠯ ᠦ᠋ᠨ ᠳᠠᠩ ᠢ᠋ ᠬᠡᠳᠦᠨ ᠤᠳᠠᠭ᠎ᠠ ᠰᠢᠲᠦᠭᠦᠯᠪᠡᠰᠦ ᠡᠨᠡ ᠡᠪᠡᠳᠴᠢᠨ ᠪᠤᠴᠠᠬᠤ ᠴᠤ᠌ ᠪᠠᠢᠮᠤᠢ᠃ ᠶᠡᠷᠦ ᠶ᠋ᠢᠨ ᠡᠮ ᠨᠢ᠄ ᠽᠠᠳᠢ᠂ ᠬᠥᠬᠥᠯ᠂ ᠬᠢᠯᠢᠨᠴᠡᠲᠦ ᠬᠣᠷᠣᠬᠠᠢ᠂ ᠵᠢᠭᠠᠷ᠂ ᠵᠤᠭᠠᠩ᠂ ᠭᠦᠷᠭᠦᠮ᠂ ᠰᠢᠩᠭᠦᠨ᠂ ᠰᠣᠯᠣᠩᠭ᠎ᠠ ᠶ᠋ᠢᠨ ᠮᠢᠬ᠎ᠠ ᠨᠤᠭᠤᠳ ᠢ᠋ ᠰᠠᠢᠲᠤᠷ ᠨᠤᠬᠤᠵᠤ ᠨᠢᠯᠬᠠᠰ ᠤ᠋ᠨ ᠰᠢᠭᠡᠰᠦ ᠪᠡᠷ ᠳᠠᠷᠤᠭᠤᠯᠵᠤ ᠦᠭᠪᠡᠰᠦ ᠡᠳᠡᠭᠡᠷᠡᠬᠦ ᠨᠢ ᠰᠡᠵᠢᠭ ᠦᠭᠡᠢ ᠪᠣᠯᠠᠢ᠃

( ᠠᠷᠪᠠᠨ ᠳᠥᠷᠪᠡ) ᠳᠣᠲᠣᠷ ᠪᠣᠭᠣᠮ᠎ᠠ
ᠨᠢᠶᠠᠨ ᠡᠪᠡᠳᠴᠢᠨ ᠴᠤᠯᠤ ᠰᠠᠪᠠᠨ ᠳ᠋ᠤ᠌ ᠪᠠᠭᠤᠪᠠᠰᠤ ᠳᠣᠲᠣᠷ ᠪᠣᠭᠣᠮ᠎ᠠ ᠬᠡᠮᠡᠮᠦᠢ᠃ ᠠᠮᠢᠨ ᠰᠤᠳᠠᠰᠤᠨ᠎ᠠ ᠪᠠᠭᠤᠪᠠᠰᠤ ᠬᠡᠯᠡᠭᠡᠢᠷᠡᠨ᠂ ᠤᠷᠤᠭᠤᠯ ᠢᠷᠪᠠᠢᠨ᠂ ᠪᠡᠶ᠎ᠡ ᠲᠠᠲᠠᠯᠳᠤᠵᠤ᠂ ᠰᠢᠯᠢ ᠬᠥᠰᠢᠬᠦ ᠪᠠ ᠬᠥᠯᠥᠰᠥ ᠤᠰᠤ ᠮᠡᠲᠦ ᠴᠤᠪᠤᠷᠠᠬᠤ᠂ ᠴᠢᠰᠤ ᠪᠠᠷ ᠪᠥᠭᠡᠯᠵᠢᠵᠦ ᠰᠠᠭᠤᠯᠭᠠᠪᠠᠰᠤ ᠳᠣᠯᠣᠭ᠎ᠠ ᠬᠣᠨᠣᠭ ᠲᠤ᠌ ᠦᠬᠦᠬᠦ᠂ ᠡᠯᠢᠭᠡᠨ ᠳ᠋ᠦ᠍ ᠪᠠᠭᠤᠪᠠᠰᠤ ᠨᠢᠳᠦ ᠤᠯᠠᠢᠨ᠂ ᠠᠮᠢᠰᠬᠤᠯ ᠳᠣᠭᠰᠢᠷᠠᠨ ᠢᠨᠴᠠᠭᠯᠠᠬᠤ᠂ ᠥᠷᠥᠴᠡ ᠶ᠋ᠢ ᠨᠢ ᠬᠢᠲᠤᠭ᠎ᠠ ᠪᠠᠷ ᠬᠡᠷᠴᠢᠬᠦ ᠮᠡᠲᠦ ᠰᠠᠨᠠᠭᠳᠠᠨ᠂ ᠬᠠᠮᠠᠷ ᠠ᠋ᠴᠠ ᠨᠢ ᠴᠢᠰᠤ ᠭᠠᠷᠤᠭᠰᠠᠨ ᠬᠣᠢᠨ᠎ᠠ ᠰᠢᠨᠵᠢ ᠳᠣᠷᠣᠢᠲᠠᠪᠠᠰᠤ ᠭᠤᠷᠪᠠ ᠬᠣᠨᠣᠭ ᠲᠤ᠌ ᠦᠬᠦᠨ᠎ᠡ᠃ ᠪᠥᠭᠡᠷᠡᠨ ᠳ᠋ᠦ᠍ ᠪᠠᠭᠤᠪᠠᠰᠤ ᠴᠠᠩᠬ᠎ᠠ ᠪᠣᠯᠵᠤ ᠬᠥᠯ ᠨᠢ ᠡᠪᠡᠳᠦᠨ᠂ ᠵᠢᠭᠢᠵᠦ ᠠᠲᠤᠷᠢᠬᠤ ᠳ᠋ᠤ᠌ ᠪᠡᠷᠬᠡᠳᠡᠨ᠎ᠡ᠃ ᠥᠴᠦᠬᠡᠨ ᠲᠣᠯᠪᠣ ᠪᠠᠶᠠᠨ ᠳ᠋ᠤᠨᠢ ᠲᠦᠭᠡᠭᠡᠵᠦ᠂ ᠰᠢᠭᠡᠰᠦ ᠨᠢ ᠴᠠᠪᠳᠠᠬᠰᠢᠨ᠂ ᠣᠯᠠᠨᠲᠠ ᠵᠣᠭᠢᠰᠴᠤ᠂ ᠴᠢᠰᠤ ᠴᠤᠪᠤᠷᠠᠨ ᠬᠠᠳᠬᠤᠯᠠᠭ᠎ᠠ ᠡᠰᠡ ᠳᠠᠪᠰᠢᠪᠠᠰᠤ ᠭᠤᠷᠪᠠ ᠬᠣᠨᠣᠭ ᠲᠤ᠌ ᠦᠬᠦᠨ᠎ᠡ᠃ ᠰᠠᠪᠠᠨ ᠳ᠋ᠤ᠌ ᠪᠠᠭᠤᠪᠠᠰᠤ ᠬᠦᠢᠰᠦᠨ ᠳᠣᠣᠷ᠎ᠠ ᠦᠢᠮᠡᠯᠴᠡᠨ ᠬᠠᠳᠬᠤᠯᠠᠵᠤ᠂ ᠶᠠᠰᠤ ᠦᠶᠡᠰ ᠰᠢᠮᠰᠢᠷᠡᠬᠦ᠂ ᠰᠠᠭᠤᠯᠭᠠᠬᠤ ᠪᠥᠭᠡᠳ ᠳᠠᠭᠤᠨ ᠬᠣᠯᠠᠳᠠᠬᠤ᠂ ᠰᠢᠭᠡᠰᠦ ᠨᠢ ᠪᠣᠭᠣᠭᠳᠠᠨ ᠴᠢᠰᠤ ᠪᠠᠷ ᠰᠠᠭᠤᠯᠭᠠᠪᠠᠰᠤ ᠦᠬᠦᠨ᠎ᠡ᠃ ᠬᠠᠮᠢᠭ᠎ᠠ ᠪᠠᠭᠤᠪᠠᠴᠤ ᠬᠣᠭᠣᠯᠠᠢ ᠬᠠᠭᠠᠭᠳᠠᠬᠤ ᠨᠢ ᠣᠯᠠᠨ᠃ ᠲᠠᠩᠫᠤᠷᠤᠮ ᠤ᠋ᠨ ᠦᠨᠡᠰᠦ᠂ ᠪᠦᠷᠦᠨᠠᠭ ᠲᠤ᠌ ᠵᠢᠭᠠᠷ ᠲᠠᠪᠯᠠᠭᠰᠠᠨ ᠤᠶᠠᠨ ᠪᠦᠯᠢᠶᠡᠨ ᠳᠠᠩ ᠢ᠋ ᠳᠠᠬᠢᠨ ᠳᠠᠬᠢᠨ ᠥᠭᠴᠦ᠂ ᠠᠮᠢᠨ ᠰᠤᠳᠠᠯ ᠳ᠋ᠤ᠌ ᠪᠠᠭᠤᠪᠠᠰᠤ ᠬᠠᠷ᠎ᠠ ᠰᠢᠪᠡᠭ᠂ ᠵᠢᠭᠠᠷ᠂ ᠱᠣᠳᠠᠭ ᠢ᠋ ᠨᠠᠢᠷᠠᠭᠤᠯᠵᠤ ᠥᠭ᠂ ᠬᠠᠳᠬᠤᠯᠠᠬᠤ ᠭᠠᠵᠠᠷ ᠲᠤ᠌ ᠱᠣᠳᠠᠭ᠂ ᠪᠠᠩᠭᠦᠢ᠂ ᠵᠢᠭᠠᠷ ᠢ᠋ ᠰᠥᠷᠴᠢ᠃ ᠡᠯᠢᠭᠡᠨ ᠳ᠋ᠦ᠍ ᠪᠠᠭᠤᠪᠠᠰᠤ ᠶᠡᠷᠦᠨᠳᠡᠭ ᠦ᠋ᠨ ᠳᠠᠩ ᠢ᠋ ᠥᠭᠴᠦ ᠰᠦᠷᠴᠢᠬᠦ ᠬᠢᠭᠡᠳ ᠵᠤᠮᠤᠤ( ᠡᠮ᠎ᠡ ᠸᠠᠭᠠᠷ)( ᠬᠠᠭᠤᠴᠢᠨ ᠤ᠋ ᠰᠦᠮ᠎ᠡ ᠪᠠᠢᠰᠢᠩ ᠤ᠋ᠨ ᠣᠷᠣᠢ ᠳᠡᠭᠡᠷ᠎ᠡ ᠲᠠᠯᠪᠢᠭᠰᠠᠨ ᠸᠠᠭᠠᠷ ᠤ᠋ᠨ ᠳᠡᠭᠡᠭᠰᠢ ᠬᠠᠨᠳᠤᠭᠰᠠᠨ ᠡᠮ᠎ᠡ᠂ ᠳᠣᠭᠣᠭᠰᠢ ᠬᠠᠨᠳᠤᠭᠰᠠᠨ ᠢ᠋ ᠡᠷ᠎ᠡ ᠸᠠᠭᠠᠷ ᠭᠡᠳᠡᠭ)᠂ ᠰᠠᠷᠠᠤᠨᠠᠭ᠋᠂ ᠪᠠᠴᠠ( ᠲᠣᠰᠣᠨ ᠲᠥᠮᠦᠰᠦᠨ ᠡᠴᠡ ᠲᠣᠰᠣ ᠭᠠᠷᠭᠠᠬᠤ ᠰᠢᠭᠠᠷᠤ)᠂ ᠰᠢᠭᠡᠰᠦ ᠪᠡᠷ ᠵᠢᠩᠨᠡᠬᠦ ᠪᠠ ᠲᠣᠰᠣᠨ ᠰᠢᠭᠠᠷᠤ᠂ ᠴᠠᠭᠠᠨ ᠰᠠᠷᠢᠮᠰᠠᠭ᠋᠂ ᠰᠢᠪᠠᠭᠤᠨ ᠪᠠᠭᠠᠰᠤ ᠶ᠋ᠢ ᠪᠠᠭᠰᠤᠷᠴᠤ ᠵᠢᠩᠨᠡᠲᠦᠭᠡᠢ᠃ ᠰᠠᠪᠠᠨ ᠳ᠋ᠤ᠌ ᠪᠠᠭᠤᠪᠠᠰᠤ ᠶᠡᠷᠦᠨᠳᠡᠭ ᠦ᠋ᠨ ᠳᠠᠩ ᠢ᠋ ᠥᠭᠴᠦ ᠰᠦᠷᠴᠢᠯᠭᠡ᠂ ᠵᠢᠩᠨᠡᠯᠭᠡ ᠶ᠋ᠢ ᠦᠢᠯᠡᠳ᠃ ᠫᠦᠷᠮᠦᠩ ᠢ᠋ ᠬᠦᠴᠦᠨ ᠲᠡᠭᠦᠯᠳᠡᠷ ᠲᠦᠯᠡᠭᠰᠡᠨ ᠦᠨᠡᠰᠦ ᠶ᠋ᠢ ᠮᠦᠬᠦᠯᠢᠭᠳᠡᠵᠦ᠂ ᠡᠨᠡ ᠦᠶᠡᠰ ᠲᠦ᠍ ᠳᠠᠩ ᠢ᠋ᠶ᠋ᠠᠷ ᠳᠠᠷᠤᠭᠤᠯ᠃ ᠪᠦᠬᠦᠨ ᠳ᠋ᠦ᠍ ᠤᠰᠤᠨ ᠤ᠋ ᠪᠣᠭ᠋※ ᠵᠡᠭᠦᠨᠰᠢ ᠬᠠᠨᠳᠤᠭᠰᠠᠨ ᠬᠤᠯᠤᠭᠠᠨ᠎ᠠ ᠶ᠋ᠢᠨ ᠨᠦᠬᠡᠨ ᠦ᠌ ᠰᠢᠷᠣᠢ ᠪᠠᠷ ᠵᠢᠩᠨᠡ᠃ ᠶᠡᠷᠦ ᠶ᠋ᠢᠨ ᠡᠮ ᠨᠢ᠄ ᠴᠠᠭᠠᠨ ᠲᠠᠩᠫᠤᠷᠤᠮ ᠤ᠋ᠨ ᠦᠨᠳᠦᠰᠦ ᠦᠷ᠎ᠡ ᠶ᠋ᠢ ᠬᠦᠴᠦᠲᠡᠢ ᠲᠦᠯᠡᠭᠰᠡᠨ ᠦᠨᠡᠰᠦ᠂ ᠵᠢᠭᠠᠷ᠂ ᠦᠯᠴᠦ᠂ ᠮᠦᠽᠢ ᠳ᠋ᠣᠸᠤ᠎ᠠ᠂ ᠵᠠᠼᠠ᠂ ᠮᠠᠨᠴᠢᠨ᠂ ᠳᠠᠩᠫᠤᠷᠤᠮ᠂ ᠯᠠᠩᠲ᠋ᠠᠩᠼᠢ᠂ ᠱᠣᠳᠠᠭ᠂ ᠽᠢᠮᠪᠡ᠂ ᠬᠥᠬᠥᠯ᠂ ᠪᠦᠷᠦᠨᠡᠭ᠂ ᠵᠢᠳᠠᠩᠭ᠎ᠠ᠂ ᠮᠠᠷᠦᠢ᠍ᠽᠧ᠂ ᠴᠠᠭᠠᠨ ᠰᠠᠷᠢᠮᠰᠠᠭ᠂ ᠰᠢᠩᠭᠦᠨ᠂ ᠶᠸᠷᠮ᠎ᠡ᠂ ᠴᠠᠬᠢᠯᠳᠠᠭ ᠤ᠋ᠨ ᠦᠷ᠎ᠡ ᠨᠤᠭᠦᠳ ᠢ᠋ ᠮᠦᠬᠦᠯᠢᠭᠳᠡᠵᠦ ᠦᠭᠪᠡᠰᠦ ᠨᠢᠶᠠᠨ ᠡᠪᠡᠳᠴᠢᠨ ᠢ᠋ ᠳᠠᠷᠤᠮᠤᠢ᠃
( ᠠᠷᠪᠠᠨ ᠲᠠᠪᠤ) ᠨᠢᠶᠠᠨ ᠴᠢᠭᠢᠬ᠎ᠠ
ᠨᠢᠶᠠᠨ ᠴᠢᠭᠢᠬ᠎ᠠ ᠶ᠋ᠢᠨ ᠰᠢᠯᠲᠠᠭᠠᠨ ᠨᠥᠬᠥᠴᠡᠯ ᠨᠢ ᠨᠢᠶᠠᠨ ᠬᠢᠵᠢᠭ ᠯᠦ᠍ᠭᠡ ᠠᠳᠠᠯᠢ᠂ ᠢᠯᠭᠠᠯ ᠨᠢ ᠡᠨᠡ ᠦᠶᠡᠰ ᠭᠠᠳᠠᠷ ᠳᠣᠲᠣᠷ ᠬᠣᠶᠠᠷ ᠲᠤ᠌ ᠬᠤᠪᠢᠶᠠᠨ᠎ᠠ᠃
ᠵᠠᠰᠠᠬᠤ ᠠᠷᠭ᠎ᠠ᠄ ᠠᠯᠢ ᠣᠢᠷ᠎ᠠ ᠰᠤᠳᠠᠯ ᠢ᠋ ᠬᠠᠨᠠᠵᠤ᠂ ᠮᠠᠭᠤ ᠴᠢᠰᠤ ᠶ᠋ᠢ ᠭᠠᠷᠭ᠎ᠠ᠃
ᠬᠡᠷᠡᠭᠯᠡᠬᠦ ᠡᠮ᠄ ᠷᡁᠬᠠᠪᠤ—13᠂ ᠭᠠᠷᠤᠳᠢ—5 ᠲᠡᠷᠢᠭᠦᠲᠡᠨ ᠲᠤᠰᠠᠲᠠᠢ᠃

( ᠠᠷᠪᠠᠨ ᠵᠢᠷᠭᠤᠭ᠎ᠠ) ᠪᠤᠯᠴᠢᠷᠬᠠᠢ
ᠪᠤᠯᠴᠢᠷᠬᠠᠢ ᠶ᠋ᠢᠨ ᠰᠢᠯᠲᠠᠭᠠᠨ ᠨᠥᠬᠥᠴᠡᠯ ᠶᠡᠷᠦ ᠯᠦ᠍ᠭᠡ ᠠᠳᠠᠯᠢ ᠪᠣᠯᠪᠠᠴᠤ ᠨᠥᠬᠥᠴᠡᠯ ᠨᠢ ᠬᠠᠲᠠᠭᠤ ᠬᠦᠴᠦᠯᠡᠬᠦ ᠲᠡᠷᠢᠭᠦᠲᠡᠨ ᠢ᠋ᠶ᠋ᠡᠷ ᠬᠡᠢ ᠴᠢᠰᠤ ᠬᠢᠮᠤᠷᠠᠭᠰᠠᠨ ᠶᠤᠮ᠃ ᠢᠯᠭᠠᠯ ᠨᠢ ᠨᠠᠢ᠍ᠮᠠ ᠪᠣᠢ᠃ ᠪᠤᠰᠤᠳ ᠠ᠋ᠴᠠ ᠬᠠᠯᠳᠠᠪᠤᠷᠢᠯᠠᠬᠤ ᠨᠢ ᠣᠯᠠᠨ᠃
ᠬᠡᠷᠡᠭᠯᠡᠬᠦ ᠡᠮ᠄ ᠭᠠᠷᠤᠳᠢ—5 ᠤ᠋ ᠳᠡᠭᠡᠷ᠎ᠡ ᠦᠯᠴᠦ᠂ ᠳ᠋ᠠᠭᠱᠠ᠂ ᠬᠥᠬᠥᠯ᠂ ᠰᠸᠩᠳᠡᠩ ᠢ᠋ ᠨᠡᠮᠡᠵᠦ ᠳᠠᠷᠠᠰᠤ ᠪᠠᠷ ᠳᠠᠷᠤᠭᠤᠯ᠃ ᠡᠰᠡᠬᠦᠯ᠎ᠡ ᠬᠣᠣᠷᠲᠤ ᠬᠣᠷᠣᠬᠠᠢ᠂ ᠪᠡᠷᠡᠮᠬᠢ※ ᠶ᠋ᠢᠨ ᠣᠷᠣᠰᠢᠭᠰᠠᠨ ᠰᠢᠷᠣᠢ ᠶ᠋ᠢ ᠬᠠᠪᠤᠳᠠᠷ ᠲᠤ᠌ ᠳᠦᠷᠭᠢᠪᠡᠰᠦ ᠠᠮᠤᠷᠯᠢᠮᠤᠢ᠃

( ᠠᠷᠪᠠᠨ ᠳᠣᠯᠣᠭ᠎ᠠ) ᠭᠠᠯ ᠨᠠᠮᠤᠰᠤ
ᠭᠠᠯ ᠨᠠᠮᠤᠰᠤ ᠪᠤᠶᠤ ᠣᠴᠢᠲᠤ ᠬᠦᠷᠳᠦ ᠬᠡᠮᠡᠨᠡᠮ᠃ ᠰᠢᠯᠲᠠᠭᠠᠨ ᠨᠢ ᠨᠢᠶᠠᠨ ᠬᠠᠯᠠᠭᠤᠨ ᠶᠡᠷᠦ ᠯᠦ᠍ᠭᠡ ᠠᠳᠠᠯᠢ ᠪᠥᠭᠡᠳ ᠨᠥᠬᠥᠴᠡᠯ ᠨᠢ ᠰᠢᠷ᠎ᠠ ᠤᠰᠤᠨ ᠬᠠᠯᠠᠭᠤᠨ ᠢ᠋ ᠬᠡᠢ ᠪᠡᠷ ᠦᠯᠢᠶᠡᠭᠰᠡᠨ ᠳ᠋ᠦ᠍᠄ ᠦᠯᠴᠦ—18 ᠬᠢᠭᠡᠳ ᠭᠠᠷᠤᠳᠢ—5 ᠶ᠋ᠢ ᠬᠡᠮᠵᠢᠶ᠎ᠡ ᠲᠡᠭᠦᠯᠲᠡᠢ ᠥᠭ᠃ ᠭᠠᠳᠠᠨ᠎ᠠ ᠠ᠋ᠴᠠ ᠵᠠᠼᠠ᠂ ᠶᠦᠩᠭᠠᠷ᠂ ᠱᠣᠳᠠᠭ ᠭᠤᠷᠪᠠ ᠶ᠋ᠢ ᠠᠢᠷᠠᠭ᠋ ᠲᠠᠷᠠᠭ ᠠᠯᠢ ᠪᠣᠯᠬᠤ ᠪᠠᠷ ᠵᠢᠭᠤᠷᠠᠵᠤ ᠳᠦᠷᠭᠢᠭᠡᠳ ᠨᠠᠷᠠᠨ ᠳ᠋ᠤ᠌ ᠰᠢᠷᠠᠭᠲᠤᠨ᠃

( ᠠᠷᠪᠠᠨ ᠨᠠᠢ᠍ᠮᠠ) ᠮᠤᠬᠤᠷ ᠮᠣᠬᠲᠤᠰ
ᠮᠤᠬᠤᠷ ᠮᠣᠬᠲᠣᠰ ᠤ᠋ᠨ ᠮᠥᠨ ᠴᠢᠨᠠᠷ ᠨᠢ ᠶᠡᠷᠦ ᠶ᠋ᠢᠨ ᠨᠢᠶᠠᠨ ᠲᠠᠢ ᠠᠳᠠᠯᠢ᠃ ᠰᠢᠨᠵᠢ ᠨᠢ᠄ ᠬᠦᠵᠦᠭᠦᠦ᠂ ᠬᠣᠭᠣᠯᠠᠢ᠂ ᠰᠢᠯᠢ ᠶ᠋ᠢᠨ ᠣᠢᠷᠠᠯᠴᠠᠭ᠎ᠠ ᠳ᠋ᠤ᠌ ᠥᠨᠳᠡᠭᠡ ᠠᠳᠠᠯᠢ ᠬᠠᠪᠤᠳᠠᠷ ᠭᠠᠷᠴᠤ ᠨᠥᠬᠥᠴᠡᠯ ᠤᠴᠠᠷᠠᠪᠠᠰᠤ ᠡᠪᠡᠷᠰᠢᠶᠡᠯ ᠬᠠᠳᠬᠤᠯᠠᠭ᠎ᠠ ᠨᠢ ᠶᠡᠬᠡᠳᠴᠦ ᠠᠮᠢᠨ ᠳ᠋ᠤ᠌ ᠲᠡᠮᠡᠴᠡᠯ ᠭᠠᠷᠤᠨ᠎ᠠ᠃ ᠭᠠᠷᠤᠳᠢ—5 ᠳᠡᠭᠡᠷ᠎ᠡ ᠬᠥᠬᠥᠯ ᠢ᠋ ᠨᠡᠮᠡᠵᠦ ᠦᠭᠪᠡᠰᠦ ᠲᠤᠰᠠᠲᠠᠢ᠃ ᠰᠦᠷᠴᠢᠬᠦ ᠡᠮ᠄ ᠴᠦᠷᠽᠡ᠂ ᠲᠠᠷᠨᠤ᠂ ᠮᠠᠨᠴᠢᠨ ᠨᠤᠭᠤᠳ ᠢ᠋ ᠦᠨᠢᠶᠡᠨ ᠰᠦᠨ ᠳ᠋ᠦ᠍ ᠡᠭᠡᠳᠡᠮ ᠦ᠋ᠨ ᠲᠡᠳᠦᠢ ᠪᠤᠴᠠᠯᠭᠠᠭᠰᠠᠨ ᠳᠡᠪᠲᠦᠭᠡᠯᠭᠡ ᠶ᠋ᠢ ᠬᠢᠪᠡᠰᠦ ᠰᠠᠢᠨ᠃

( ᠠᠷᠪᠠ ᠶᠢᠰᠦ) ᠬᠠᠲᠠᠭᠢ
ᠬᠠᠲᠠᠭᠢ ᠡᠪᠡᠳᠴᠢᠨ ᠳ᠋ᠦ᠍ ᠵᠠᠴᠤᠢ᠍ᠩ—5 ᠤ᠋ ᠳᠡᠭᠡᠷ᠎ᠡ ᠦᠯᠴᠦ᠂ ᠮᠦᠽᠢ᠂ ᠬᠥᠬᠥᠯ᠂ ᠵᠢᠷᠭᠤᠭᠠᠨ ᠰᠠᠢᠨ᠂ ᠰᠢᠷ᠎ᠠ ᠤᠰᠤᠨ ᠭᠤᠷᠪᠠᠨ ᠡᠮ ᠦ᠋ᠳ ᠢ᠋ ᠨᠠᠢ᠍ᠮᠠᠨ ᠨᠠᠰᠤᠲᠤ ᠶ᠋ᠢᠨ ᠰᠢᠭᠡᠰᠦ ᠪᠡᠷ ᠳᠠᠷᠤᠭᠤᠯᠵᠤ ᠥᠭᠪᠡᠰᠦ ᠮᠠᠭᠠᠳ ᠲᠤᠰᠠᠯᠠᠮᠤᠢ᠃ ᠬᠡᠷᠪᠡ ᠡᠰᠡ ᠲᠤᠰᠠᠯᠠᠪᠠᠰᠤ ᠲᠠᠭᠲᠠᠭ᠎ᠠ᠂ ᠬᠠᠬᠢᠯᠠᠭ᠋᠂ ᠦᠨᠡᠭᠡ᠂ ᠴᠢᠨᠣ᠎ᠠ᠂ ᠲᠠᠤᠯᠠᠢ᠂ ᠬᠤᠯᠤᠭᠠᠨ᠎ᠠ ᠶ᠋ᠢᠨ ᠬᠣᠷᠭᠣᠯ ᠤ᠋ᠳ ᠢ᠋ ᠨᠠᠢᠷᠠᠭᠤᠯᠤᠭᠰᠠᠨ ᠶᠠᠪᠤᠷᠤᠨ—6 ᠤ᠋ ᠰᠢᠪᠠᠭᠠᠰᠤ ᠪᠠᠷ ᠥᠭᠡᠷᠢ ᠶ᠋ᠢ ᠲᠠᠲᠠᠭᠤᠯᠤᠨ ᠴᠤᠭᠤᠯᠪᠠᠰᠤ ᠲᠦᠷᠭᠡᠨ ᠡᠳᠡᠭᠡᠷᠡᠨ᠎ᠡ᠃

( ᠬᠣᠷᠢ) ᠨᠢᠶᠠᠨ ᠰᠢᠷ᠎ᠠ ᠬᠡᠢ ᠳ᠋ᠦ᠍ ᠬᠤᠪᠢᠷᠠᠬᠤ
ᠨᠢᠶᠠᠨ ᠡᠪᠡᠳᠴᠢᠨ ᠰᠢᠷ᠎ᠠ ᠬᠡᠢ ᠳ᠋ᠦ᠍ ᠬᠤᠪᠢᠶᠠᠭᠰᠠᠨ ᠬᠡᠮᠡᠬᠦ ᠢᠨᠤ᠄ ᠢᠯᠵᠢᠷᠬᠡᠢ ᠮᠢᠬ᠎ᠠ᠂ ᠤᠳᠠᠭᠰᠠᠨ ᠠᠷᠢᠬᠢ ᠲᠡᠷᠢᠭᠦᠲᠡᠨ ᠢ᠋ᠶ᠋ᠡᠷ ᠨᠥᠬᠥᠴᠡᠯ ᠪᠣᠯᠵᠤ ᠳᠠᠷᠤᠢ ᠴᠤᠯᠤ ᠰᠠᠪᠠᠨ ᠳ᠋ᠤ᠌ ᠪᠠᠭᠤᠪᠠᠰᠤ ᠲᠦᠷᠭᠡᠨ ᠬᠣᠣᠷᠯᠠᠬᠤ ᠪᠣᠯᠠᠢ᠃ ᠲᠡᠭᠦᠨ ᠳ᠋ᠦ᠍ ᠰᠸᠪᠤᠢ᠍ᠷᠦ᠂ ᠪᠢᠪᠢᠯᠢᠩ᠂ ᠠᠷᠤᠷ᠎ᠠ᠂ ᠭᠦᠷᠭᠦᠮ᠂ ᠴᠦᠮᠡᠨ ᠨᠤᠭᠦᠳ ᠢ᠋ ᠨᠢᠵᠡᠭᠡᠳ ᠭᠡᠮ᠂ ᠱᠠᠴᠢᠨ᠂ ᠰᠢᠩᠭᠦᠨ᠂ ᠽᠠᠳᠢ᠂ ᠵᠢᠭᠠᠷ ᠢ᠋ ᠨᠡᠮᠡᠵᠦ ᠪᠤᠷᠴᠠᠭ ᠤ᠋ᠨ ᠲᠡᠳᠦᠢ ᠮᠥᠬᠥᠯᠢᠭ ᠢ᠋ ᠠᠷᠢᠬᠢ ᠪᠠᠷ ᠳᠠᠷᠤᠭᠤᠯᠵᠤ ᠦᠭᠪᠡᠰᠦ ᠲᠤᠰᠠᠯᠠᠨ᠎ᠠ᠃

( ᠬᠣᠷᠢᠨ ᠨᠢᠭᠡ) ᠨᠢᠶᠠᠨ ᠡᠪᠡᠳᠴᠢᠨ ᠬᠣᠩᠬᠣᠢᠨ ᠢᠳᠡᠭᠳᠡᠬᠦ
ᠨᠢᠶᠠᠨ ᠡᠪᠡᠳᠴᠢᠨ ᠬᠣᠩᠬᠣᠢᠨ ᠢᠳᠡᠭᠳᠡᠬᠦ ᠬᠡᠮᠡᠬᠦ ᠨᠢ᠄ ᠨᠢᠶᠠᠨ ᠤ᠋ ᠶᠡᠷᠦ ᠶ᠋ᠢᠨ ᠰᠢᠨᠵᠢ ᠳᠡᠭᠡᠷ᠎ᠡ ᠵᠠᠭᠠᠲᠤᠨᠠᠬᠤ᠂ ᠨᠠᠷᠢᠨ ᠭᠦᠪᠳᠦᠷᠦᠦ ᠬᠣᠭᠯᠠᠵᠤ ᠪᠠᠢᠬᠤ᠂ ᠲᠡᠨᠳᠡᠴᠡ ᠰᠢᠷᠬ᠎ᠠ ᠪᠣᠯᠵᠤ ᠡᠪᠡᠷᠰᠢᠶᠡᠯ ᠬᠠᠳᠬᠤᠯᠠᠭ᠎ᠠ ᠶᠡᠬᠡ ᠪᠥᠭᠡᠳ ᠬᠠᠯᠠᠭᠤᠷᠠᠨ ᠪᠣᠯᠪᠠᠰᠤᠷᠠᠪᠠᠰᠤ ᠭᠠᠳᠠᠨ᠎ᠠ ᠠ᠋ᠴᠠ ᠢᠯᠪᠤᠷᠠᠬᠤ ᠪᠥᠭᠡᠳ ᠶᠠᠷᠠᠰᠢᠵᠤ ᠣᠳᠬᠤ ᠲᠤᠯᠠ ᠬᠢᠴᠢᠶᠡᠨ ᠵᠢᠱ᠌ᠢᠵᠦ ᠵᠠᠰᠠᠨ ᠦᠢᠯᠡᠳ᠃ ᠪᠣᠯᠪᠠᠰᠤᠷᠠᠭᠤᠯᠬᠤ ᠳᠠᠩ ᠤ᠋ᠳ ᠢ᠋ ᠤᠬᠠᠭᠠᠨ ᠢ᠋ᠶ᠋ᠠᠷ ᠵᠢᠱ᠌ᠢᠵᠦ ᠥᠭ᠃ ᠶᠠᠷᠠᠰᠢᠪᠠᠰᠤ ᠭᠠᠳᠠᠷ ᠰᠢᠷᠬᠠᠨ ᠳ᠋ᠤ᠌ ᠵᠢᠭᠠᠰᠤᠨ ᠰᠥᠰᠥ᠂ ᠲᠠᠷᠪᠠᠭ᠎ᠠ᠂ ᠥᠳᠥᠭᠡ᠂ ᠴᠢᠨᠣ᠎ᠠ ᠶ᠋ᠢᠨ ᠰᠥᠰᠥ ᠨᠤᠭᠦᠳ ᠢ᠋ ᠤᠰᠤᠨ ᠳ᠋ᠤ᠌ ᠵᠢᠭᠤᠷᠠᠵᠤ ᠲᠦᠷᠬᠢ᠃ ᠰᠢᠷᠬ᠎ᠠ ᠶ᠋ᠢᠨ ᠵᠠᠬ᠎ᠠ ᠶ᠋ᠢ ᠲᠣᠭᠣᠷᠢᠭᠤᠯᠤᠨ ᠱᠣᠳᠠᠭ᠂᠂ ᠵᠢᠭᠠᠷ᠂ ᠬᠥᠬᠥᠯ᠂ ᠮᠢᠩᠵᠡᠨ᠂ ᠳ᠋ᠠᠭᠱᠠ ᠨᠤᠭᠤᠳ ᠢ᠋ ᠠᠢᠷᠠᠭ ᠲᠤ᠌ ᠨᠠᠢᠷᠠᠭᠤᠯᠵᠤ ᠲᠦᠷᠬᠢ᠃

( ᠬᠣᠷᠢᠨ ᠬᠣᠶᠠᠷ) ᠨᠢᠶᠠᠨ ᠬᠤᠯᠠᠭᠠᠢ ᠡᠪᠡᠳᠴᠢᠨ
ᠨᠢᠶᠠᠨ ᠬᠤᠯᠠᠭᠠᠢ ᠡᠪᠡᠳᠴᠢᠨ ᠢᠨᠤ᠄ ᠰᠤᠳᠠᠯ ᠡᠷᠴᠢᠮᠲᠡᠢ᠂ ᠰᠢᠭᠡᠰᠦᠨ ᠥᠩᠭᠡ ᠤᠯᠠᠭᠠᠨ᠂ ᠶᠡᠬᠡ ᠤᠮᠳᠠᠭᠠᠰᠬᠤ ᠪᠥᠭᠡᠳ ᠵᠠᠷᠢᠮ ᠦᠶ᠎ᠡ ᠰᠡᠪᠰᠡᠭᠡᠷ ᠴᠠᠷ ᠲᠠᠢ ᠬᠠᠨᠢᠶᠠᠵᠤ᠂ ᠪᠣᠯᠪᠠᠰᠤᠷᠠᠪᠠᠰᠤ ᠪᠣᠢ ᠪᠦᠬᠦᠢ ᠰᠢᠷ᠎ᠠ ᠤᠰᠤᠨ ᠤ᠋ ᠨᠦᠬᠡᠨ ᠳ᠋ᠦ᠍ ᠭᠡᠴᠢ( ᠭᠠᠢᠮᠤ) ᠶ᠋ᠢᠨ ᠲᠡᠳᠦᠢ ᠤᠯᠠᠭᠠᠨ ᠲᠣᠯᠪᠣ ᠲᠦᠭᠡᠮᠡᠯ ᠪᠣᠯᠬᠤ ᠳ᠋ᠤ᠌ ᠭᠠᠷᠤᠳᠢ ᠶ᠋ᠢᠨ ᠵᠢᠷᠦᠬᠡ᠂ ᠴᠢᠰᠤ᠂ ᠰᠤᠳᠠᠰᠤ᠂ ᠰᠢᠷᠪᠥᠰᠥ( ᠭᠠᠷᠤᠳᠢ ᠶ᠋ᠢᠨ ᠵᠢᠷᠦᠬᠡ ᠨᠢ ᠮᠠᠨᠴᠢᠨ᠂ ᠴᠢᠰᠤ ᠨᠢ ᠯᠠᠷᠽᠢ᠂ ᠶᠠᠰᠤ ᠨᠢ ᠷᠦᠳᠠ᠂ ᠰᠤᠳᠠᠰᠤ ᠰᠢᠷᠪᠥᠰᠥ ᠨᠢ ᠱᠣᠳᠠᠭ᠂ ᠮᠢᠬ᠎ᠠ ᠨᠢ ᠠᠷᠤᠷ᠎ᠠ)᠂ ᠮᠢᠬ᠎ᠠ ᠨᠤᠭᠤᠳ ᠤ᠋ᠨ ᠬᠤᠪᠢ ᠶ᠋ᠢ ᠨᠢᠭᠡ᠂ ᠬᠣᠶᠠᠷ᠂ ᠭᠤᠷᠪᠠ᠂ ᠳᠥᠷᠪᠡ ᠬᠢᠭᠡᠳ ᠳᠥᠷᠪᠡᠨ ᠦ᠌ ᠬᠠᠭᠠᠰ ᠤ᠋ᠨ ᠳᠡᠭᠡᠷ᠎ᠡ ᠭᠢᠸᠠᠩ᠂ ᠬᠥᠬᠥᠯ᠂ ᠳ᠋ᠠᠭᠱᠠ᠂ ᠪᠣᠩᠭᠠᠷ ᠤ᠋ᠳ ᠤ᠋ᠨ ᠬᠤᠪᠢ ᠶ᠋ᠢ ᠨᠢᠵᠡᠭᠡᠳ ᠨᠡᠮᠡᠵᠦ ᠰᠠᠢᠲᠤᠷ ᠨᠤᠬᠤᠭᠠᠳ ᠬᠦᠢᠲᠡᠨ ᠤᠰᠤ ᠪᠠᠷ ᠳᠠᠷᠤᠭᠤᠯᠵᠤ ᠥᠭᠪᠡᠰᠦ ᠡᠪᠡᠳᠴᠢᠨ ᠲᠡᠭᠦᠨ ᠦ᠌ ᠶᠡᠷᠦᠨᠳᠡᠭ ᠮᠥᠨ ᠭᠡᠮᠡᠨ ᠨᠣᠮᠯᠠᠭᠰᠠᠨ᠃ ᠰᠦᠷᠴᠢᠬᠦ ᠡᠮ᠄ ᠡᠪᠦᠯ ᠦ᠋ᠨ ᠴᠠᠭ ᠪᠣᠯᠪᠠᠰᠤ ᠲᠠᠷᠨᠤ ᠶ᠋ᠢᠨ ᠦᠨᠳᠦᠰᠦ᠂ ᠵᠤᠨ ᠤ᠋ ᠴᠠᠭ ᠪᠣᠯ ᠨᠠᠪᠴᠢ ᠶ᠋ᠢ ᠰᠠᠢᠲᠤᠷ ᠨᠤᠬᠤᠵᠤ ᠰᠦᠷᠴᠢᠪᠡᠯ ᠡᠪᠡᠷᠰᠢᠶᠡᠯᠡᠨ ᠬᠠᠳᠬᠤᠯᠠᠬᠤ ᠶ᠋ᠢ ᠳᠠᠷᠤᠮᠤᠢ᠃ ᠢᠯᠵᠢᠷᠬᠡᠢ ᠮᠢᠬ᠎ᠠ ᠶ᠋ᠢ ᠭᠠᠷᠭᠠᠬᠤ ᠪᠥᠭᠡᠳ ᠨᠢᠯᠬ᠎ᠠ ᠮᠢᠬ᠎ᠠ ᠶ᠋ᠢ ᠲᠡᠵᠢᠭᠡᠨ ᠦᠢᠯᠡᠳᠦᠮᠦᠢ᠃

( ᠬᠣᠷᠢᠨ ᠭᠤᠷᠪᠠ) ᠶᠣᠯᠮᠣ( ᠰᠢᠭᠦᠷᠡᠬᠦ ᠬᠠᠪᠤᠳᠠᠷ)
ᠶᠣᠯᠮᠣ ᠡᠪᠡᠳᠴᠢᠨ ᠬᠡᠮᠡᠬᠦ ᠨᠢ᠄ ᠶᠡᠷᠦ ᠶ᠋ᠢᠨ ᠰᠢᠨᠵᠢ ᠨᠢ ᠬᠢᠵᠢᠭ ᠠᠳᠠᠯᠢ ᠪᠣᠯᠪᠠᠴᠤ ᠪᠠᠶᠠᠨ ᠳ᠋ᠤ᠌ ᠭᠦᠪᠳᠦᠷᠦᠦ ᠳᠠᠷᠬᠠᠨ᠂ ᠬᠠᠪᠤᠳᠠᠷ ᠭᠠᠷᠴᠤ᠂ ᠤᠰᠤ ᠴᠤᠪᠤᠷᠠᠨ᠂ ᠶᠡᠬᠡᠳᠡ ᠬᠠᠪᠤᠳᠤᠨ ᠡᠪᠡᠷᠰᠢᠶᠡᠯ ᠥᠴᠦᠬᠡᠨ᠂ ᠰᠢᠷ᠎ᠠ ᠤᠰᠤ ᠴᠤᠪᠤᠷᠠᠬᠤ᠂ ᠬᠡᠢ ᠦᠯᠢᠶᠡᠪᠡᠰᠦ ᠪᠡᠶ᠎ᠡ ᠶ᠋ᠢᠨ ᠭᠡᠰᠢᠭᠦᠦ ᠪᠦᠭᠦᠳᠡ ᠬᠠᠪᠤᠳᠤᠨ᠎ᠠ᠃
ᠶᠡᠷᠦ ᠶ᠋ᠢᠨ ᠬᠡᠷᠡᠭᠯᠡᠬᠦ ᠡᠮ᠄ ᠳ᠋ᠦ‍ᠳᠽᠢᠯᠤᠮ᠎ᠠ᠂ ᠰᠢᠩᠭᠦᠨ᠂ ᠵᠢᠭᠠᠷ ᠭᠤᠷᠪᠠ ᠶ᠋ᠢ ᠨᠠᠢ᠍ᠮᠠᠨ ᠨᠠᠰᠤᠲᠤ ᠶ᠋ᠢᠨ ᠰᠢᠭᠡᠰᠦ ᠪᠡᠷ ᠳᠠᠷᠤᠭᠤᠯᠪᠠᠰᠤ ᠡᠳᠡᠭᠡᠵᠦ ᠪᠣᠯᠬᠤ ᠶᠤᠮ᠃
ᠥᠪᠡᠷᠮᠢᠴᠡ ᠲᠠᠷᠬᠠᠮᠠᠯ ᠶᠣᠯᠮᠣ ᠡᠪᠡᠳᠴᠢᠨ ᠢᠨᠤ᠄ ᠤᠰᠤ ᠴᠤᠪᠤᠷᠠᠬᠤ ᠳ᠋ᠤ᠌ ᠤᠤᠭᠤᠬᠤ ᠡᠮ ᠳᠡᠭᠡᠷᠡᠬᠢ ᠲᠡᠢ ᠠᠳᠠᠯᠢ᠂ ᠶᠸᠷᠮ᠎ᠡ ᠬᠢᠭᠡᠳ ᠡᠪᠡᠷ᠂ ᠶᠠᠰᠤ᠂ ᠮᠣᠷᠢᠨ ᠲᠤᠭᠤᠷᠠᠢ᠂ ᠮᠣᠷᠢᠨ ᠬᠤᠯᠤᠩᠰᠤ ᠶ᠋ᠢ ᠲᠦᠯᠡᠭᠰᠡᠨ ᠦᠨᠡᠰᠦ ᠶ᠋ᠢ ᠨᠡᠮᠡᠵᠦ᠂ ᠲᠡᠭᠦᠨ ᠦ᠌ ᠳᠡᠭᠡᠷ᠎ᠡ ᠭᠤᠯᠢᠷ ᠲᠠᠢ ᠵᠢᠭᠤᠷᠠᠵᠤ ᠨᠠᠭᠠᠭᠠᠳ ᠴᠠᠭᠠᠰᠤᠨ ᠭᠤᠤᠷᠰᠤ ᠦᠢᠯᠡᠳ᠃ ᠬᠡᠢ ᠦᠯᠢᠶᠡᠭᠰᠡᠨ ᠳ᠋ᠦ᠍ ᠴᠦ᠍ ᠤᠤᠭᠤᠬᠤ ᠡᠮ ᠨᠢ ᠤᠷᠢᠳ ᠯᠤᠭ᠎ᠠ ᠠᠳᠠᠯᠢ᠃ ᠪᠠᠷᠠᠬᠱᠤᠢ᠍ᠨ᠂ ᠳ᠋ᠦ‍ᠷᠸ᠎ᠠ᠂ ᠬᠢᠲᠠᠷᠤᠤ ᠶ᠋ᠢᠨ ᠲᠠᠷᠢᠬᠢᠨ ᠰᠢᠭᠦᠰᠦ᠂ ᠭᠠᠵᠠᠷ ᠤ᠋ᠨ ᠬᠥᠷᠥᠰᠥ ᠶ᠋ᠢ ᠲᠦᠭᠦᠬᠡᠢ ᠭᠤᠯᠢᠷ ᠤ᠋ᠨ ᠰᠢᠭᠦᠰᠦᠨ ᠳ᠋ᠦ᠍ ᠵᠢᠭᠤᠷᠠᠵᠤ ᠳᠠᠷᠤ᠃ ᠲᠡᠭᠦᠨ ᠦ᠌ ᠳᠡᠭᠡᠷ᠎ᠡ ᠤᠷᠢᠳᠴᠢᠯᠠᠨ ᠴᠠᠭᠠᠰᠤᠨ ᠭᠤᠤᠷᠰᠤ ᠦᠢᠯᠡᠳ᠃
ᠢᠳᠡᠭᠡᠨ ᠦ᠌ ᠴᠡᠭᠡᠷᠯᠡᠯ᠄ ᠴᠠᠭᠠᠨ ᠢᠳᠡᠭᠡᠨ᠂ ᠢᠰᠬᠦᠯᠡᠩ᠂ ᠰᠣᠩᠭᠢᠨ᠎ᠠ᠂ ᠰᠠᠷᠢᠮᠰᠠᠭ᠂ ᠵᠢᠭᠠᠰᠤᠨ ᠮᠢᠬ᠎ᠠ ᠶ᠋ᠢ ᠲᠡᠪᠴᠢ᠃

( ᠬᠣᠷᠢᠨ ᠳᠥᠷᠪᠡ) ᠨᠢᠶᠠᠨ ᠡᠪᠡᠳᠴᠢᠨ ᠲᠣᠯᠣᠭᠠᠢ ᠶ᠋ᠢᠨ ᠬᠠᠪᠤᠳᠠᠷ
ᠨᠢᠶᠠᠨ ᠡᠪᠡᠳᠴᠢᠨ ᠲᠣᠯᠣᠭᠠᠢ ᠶ᠋ᠢᠨ ᠬᠠᠪᠤᠳᠠᠷ ᠠᠨᠤ᠄ ᠨᠢᠶᠠᠨ ᠬᠢᠵᠢᠭ ᠶᠡᠷᠦ ᠯᠦ᠍ᠭᠡ ᠠᠳᠠᠯᠢ ᠪᠣᠯᠪᠠᠴᠤ ᠨᠢᠭᠤᠷ ᠤ᠋ᠨ ᠠᠯᠢ ᠨᠢᠭᠡᠨ ᠬᠤᠪᠢ ᠳ᠋ᠤ᠌ ᠮᠠᠭᠠᠳ ᠦᠭᠡᠢ ᠮᠠᠭᠠᠵᠢᠭᠤᠷ ᠭᠠᠷᠤᠭᠰᠠᠨ ᠬᠣᠢᠨ᠎ᠠ ᠭᠡᠨᠡᠳᠲᠡ ᠬᠠᠪᠤᠳᠠᠷ ᠪᠣᠯᠵᠤ ᠬᠣᠭᠣᠯᠠᠢ ᠳ᠋ᠤ᠌ ᠬᠦᠷᠪᠡᠰᠦ ᠦᠬᠦᠬᠦ ᠪᠣᠯᠠᠢ᠃ ᠵᠠᠷᠢᠮ ᠬᠦᠴᠦᠨ ᠶᠡᠬᠡ ᠲᠡᠢ ᠨᠢ ᠨᠢᠭᠡ ᠡᠳᠦᠷ ᠳᠣᠲᠣᠷ᠎ᠠ ᠦᠬᠦᠬᠦ᠂ ᠲᠡᠭᠦᠨ ᠡᠴᠡ ᠪᠤᠰᠤ ᠣᠯᠠᠩᠬᠢ ᠨᠢ ᠭᠤᠷᠪᠠ᠂ ᠳᠥᠷᠪᠡ᠂ ᠲᠠᠪᠤ ᠬᠣᠨᠣᠭ ᠲᠤ᠌ ᠦᠬᠦᠨ᠎ᠡ᠃ ᠡᠩ ᠲᠡᠷᠢᠭᠦᠨ ᠳ᠋ᠦ᠍ ᠮᠠᠨᠤ—4 ᠳᠠᠩ ᠲᠡᠷᠢᠭᠦᠲᠡᠨ ᠪᠣᠯᠪᠠᠰᠤᠷᠠᠭᠤᠯᠬᠤ ᠳᠠᠩ ᠢ᠋ ᠬᠡᠳᠦᠨ ᠤᠳᠠᠭ᠎ᠠ ᠥᠭᠭᠦᠭᠰᠡᠨ ᠬᠣᠢᠨ᠎ᠠ᠂ ᠬᠥᠯᠥᠰᠥ ᠭᠠᠷᠪᠠᠰᠤ ᠮᠠᠰᠢ ᠰᠠᠢᠨ᠃ ᠭᠠᠷᠤᠳᠢ—5 ᠶ᠋ᠢ ᠬᠡᠮᠵᠢᠶ᠎ᠡ ᠲᠡᠭᠦᠯᠲᠡᠢ ᠥᠭᠪᠡᠰᠦ ᠡᠳᠡᠭᠡᠵᠦ ᠪᠣᠯᠤᠮᠤᠢ᠃ ᠰᠦᠷᠴᠢᠬᠦ ᠡᠮ᠄ ᠶᠸᠷᠮ᠎ᠡ᠂ ᠬᠤᠵᠢᠷ᠂ ᠳ᠋ᠠᠭᠱᠠ᠂ ᠴᠦᠷᠽᠡ᠂ ᠳ᠋ᠦ‍ᠷᠦ᠎ᠡ᠂ ᠡᠪᠡᠷ ᠦ᠋ᠨ ᠬᠢᠷᠪᠤᠰᠤ ᠰᠡᠯᠲᠡ ᠶ᠋ᠢ ᠬᠥᠮᠦᠨ ᠦ᠌ ᠰᠦᠨ ᠳ᠋ᠦ᠍ ᠵᠢᠭᠤᠷᠠᠵᠤ ᠬᠠᠪᠤᠳᠠᠷ ᠲᠤ᠌ ᠳᠦᠷᠭᠢᠪᠡᠰᠦ ᠲᠤᠰᠠᠲᠠᠢ᠃

( ᠬᠣᠷᠢᠨ ᠲᠠᠪᠤ) ᠲᠠᠩᠭᠠᠷᠢᠭ ᠤ᠋ᠨ ᠡᠪᠡᠷ
ᠲᠠᠩᠭᠠᠷᠢᠭ ᠤ᠋ᠨ ᠡᠪᠡᠷ ᠦ᠋ᠨ ᠣᠭ᠋ ᠢᠷᠡᠯᠲᠡ ᠶ᠋ᠢᠨ ᠲᠤᠬᠠᠢ᠄
ᠭᠠᠳᠠᠭᠠᠳᠤ ᠳᠣᠲᠣᠭᠠᠳᠤ ᠶ᠋ᠢᠨ ᠬᠦᠴᠦᠨ ᠴᠢᠳᠠᠯ ᠢ᠋ᠶ᠋ᠠᠨ ᠲᠡᠩᠴᠡᠨ ᠮᠥᠷᠥᠢᠴᠡᠬᠦ ᠦᠶᠡᠰ᠂ ᠭᠠᠳᠠᠭᠠᠳᠤ ᠲᠡᠷᠰᠬᠦᠳ ᠢ᠋ᠶ᠋ᠡᠷ ᠬᠠᠷ᠎ᠠ ᠠᠮᠢᠲᠠᠨ ᠤ᠋ ᠡᠪᠡᠷ ᠳᠣᠲᠣᠷ᠎ᠠ ᠡᠪᠡᠳᠴᠢᠨ ᠦ᠌ ᠡᠵᠡᠳ ᠢ᠋ ᠬᠢᠮᠤᠷᠠᠭᠤᠯᠤᠨ ᠦᠢᠯᠡᠳᠬᠦ ᠬᠦᠷᠳᠦ ᠣᠷᠣᠭᠤᠯᠵᠤ᠂ ᠪᠦᠲᠦᠭᠡᠯ ᠬᠢᠭᠰᠡᠨ ᠦ᠌ ᠬᠣᠣᠷ ᠢ᠋ᠶ᠋ᠠᠷ ᠠᠪᠢᠳᠠᠷᠮ᠎ᠠ ᠶ᠋ᠢᠨ ᠬᠠᠷ᠎ᠠ ᠲᠠᠩᠭᠠᠷᠢᠭ ᠢ᠋ ᠬᠢᠮᠤᠷᠠᠭᠤᠯᠤᠭᠰᠠᠨ ᠨᠥᠬᠥᠴᠡᠯ ᠢ᠋ᠶ᠋ᠡᠷ ᠭᠠᠷᠤᠭᠰᠠᠨ ᠲᠤᠯᠠ ᠡᠭᠦᠨ ᠦ᠌ ᠨᠡᠷ᠎ᠡ ᠶ᠋ᠢ ᠲᠠᠩᠭᠠᠷᠢᠭ᠋ ᠬᠢᠮᠤᠷᠠᠭᠰᠠᠨ ᠭᠡᠬᠦ ᠪᠤᠶᠤ ᠲᠠᠩᠭᠠᠷᠢᠭ ᠤ᠋ᠨ ᠡᠪᠡᠷ ᠡᠪᠡᠳᠴᠢᠨ ᠭᠡᠮᠡᠨ ᠠᠢᠯᠠᠳᠪᠠ᠃
ᠲᠡᠭᠦᠨ ᠦ᠌ ᠰᠢᠯᠲᠠᠭᠠᠨ ᠨᠥᠬᠥᠴᠡᠯ ᠨᠢᠶᠠᠨ ᠬᠢᠵᠢᠭ ᠶᠡᠷᠦ ᠯᠦ᠍ᠭᠡ ᠠᠳᠠᠯᠢ ᠴᠤ᠌ ᠭᠠᠳᠠᠷ ᠰᠢᠨᠵᠢ᠄ ᠶᠠᠰᠤ᠂ ᠦᠶᠡᠰ᠂ ᠲᠣᠯᠣᠭᠠᠢ ᠬᠢᠭᠡᠳ ᠭᠤᠶ᠎ᠠ ᠪᠡᠯᠬᠡᠭᠦᠰᠦ ᠪᠡᠷ ᠡᠪᠡᠳᠬᠦ᠂ ᠳᠣᠲᠣᠷ ᠰᠢᠨᠵᠢ᠄
ᠰᠤᠳᠠᠯ ᠨᠢ ᠪᠦᠳᠦᠭᠦᠨ ᠪᠥᠭᠡᠳ ᠳᠡᠯᠭᠡᠷᠡᠵᠦ᠂ ᠬᠥᠯᠪᠡᠷᠢᠩᠭᠦᠢ᠂ ᠰᠢᠭᠡᠰᠦᠨ ᠥᠩᠭᠡ ᠨᠢ ᠪᠣᠷᠣ ᠪᠥᠭᠡᠳ ᠢᠵᠠᠮᠠᠭ ᠨᠢ ᠪᠤᠭᠡᠮᠨᠡᠷᠡᠨ ᠬᠤᠢᠯᠠᠷᠠᠵᠤ᠂ ᠨᠢᠳᠦᠨ ᠳ᠋ᠦ᠍ ᠴᠢᠰᠤᠨ ᠵᠢᠷᠤᠭ ᠭᠠᠷᠬᠤ ᠪᠥᠭᠡᠳ ᠴᠢᠷᠮᠡᠬᠦᠶ᠎ᠡ ᠪᠡᠷᠬᠡ᠃ ᠨᠢᠭᠤᠴᠠ ᠰᠢᠨᠵᠢ ᠨᠢ᠄ ᠨᠣᠢᠷ ᠦᠭᠡᠢ᠂ ᠡᠷᠢᠶᠡᠯᠵᠡᠨ ᠳᠦᠢᠷᠡᠵᠦ ᠴᠢᠬᠢ ᠳᠦᠯᠡᠢᠷᠡᠬᠦ᠃ ᠭᠠᠳᠠᠷ᠂ ᠳᠣᠲᠣᠷ᠂ ᠨᠢᠭᠤᠴᠠ ᠰᠢᠨᠵᠢ ᠡᠳᠡᠭᠡᠷ ᠪᠦᠬᠦᠨ ᠪᠦᠷᠢᠳᠪᠡᠰᠦ ᠡᠨᠳᠡᠭᠦᠷᠡᠯ ᠦᠭᠡᠢ ᠲᠠᠩᠭᠠᠷᠢᠭ ᠤ᠋ᠨ ᠡᠪᠡᠷ ᠭᠡᠮᠡᠨ ᠲᠠᠨᠢᠨ ᠪᠠᠷᠢᠵᠤ᠂ ᠵᠠᠰᠠᠬᠤ ᠠᠷᠭ᠎ᠠ ᠳ᠋ᠤ᠌ ᠰᠢᠮᠳᠠᠭᠲᠤᠨ᠃
ᠬᠡᠷᠡᠭᠯᠡᠬᠦ ᠡᠮ᠄ ᠵᠢᠭᠠᠷ᠂ ᠬᠥᠬᠥᠯ᠂ ᠳ᠋ᠠᠭᠱᠠ᠂ ᠭᠦᠷᠭᠦᠮ᠂ ᠳ᠋ᠢᠭᠳᠡ᠂ ᠰᠸᠪᠢᠮᠸᠳᠤᠭ᠋᠂ ᠰᠧᠩᠳᠧᠩ᠂ ᠵᠢᠷᠤ᠎ᠠ᠂ ᠯᠢᠳᠡᠷᠢ᠂ ᠭᠠᠨᠳᠠᠭᠠᠷᠢ᠂ ᠠᠷᠤᠷ᠎ᠠ᠂ ᠪᠠᠷᠠᠬᠱᠤᠢ᠍ᠨ ᠨᠤᠭᠤᠳ ᠢ᠋ ᠵᠡᠷᠭᠡ ᠪᠡᠷ ᠥᠰᠬᠡᠵᠦ᠂ ᠤᠬᠠᠭᠠᠨ ᠢ᠋ᠶ᠋ᠠᠷ ᠢ᠋ᠶ᠋ᠠᠨ ᠵᠢᠱ᠌ᠢᠵᠦ ᠬᠥᠯᠭᠡ ᠶ᠋ᠢ ᠬᠤᠪᠢᠯᠤᠭᠤᠯ᠃ ᠪᠠᠰᠠ ᠠᠭᠠᠷᠤ᠂ ᠽᠢᠮᠪᠠ᠂ ᠮᠠᠨᠴᠢᠨ᠂ ᠵᠤᠭᠠᠩ᠂ ᠽᠠᠳᠢ᠂ ᠭᠣᠨᠢᠶᠣᠳ᠂ ᠰᠥᠭᠮᠸᠯ᠂ ᠰᠡᠯᠲᠡ ᠶ᠋ᠢ ᠠᠷᠢᠬᠢ ᠬᠢᠭᠡᠳ ᠶᠠᠰᠤᠨ ᠱᠥᠯᠥ᠂ ᠬᠠᠯᠠᠭᠤᠨ ᠤᠰᠤ ᠲᠡᠷᠢᠭᠦᠲᠡᠨ ᠦ᠌ ᠬᠥᠯᠭᠡ ᠪᠡᠷ ᠳᠠᠷᠤᠭᠤᠯᠪᠠᠰᠤ ᠡᠪᠡᠳᠴᠢᠨ ᠡᠭᠦᠨ ᠦ᠌ ᠶᠡᠷᠦᠨᠳᠡᠭ ᠮᠥᠨ ᠭᠡᠮᠡᠨ ᠨᠣᠮᠯᠠᠭᠰᠠᠨ ᠪᠢᠯᠡ᠃ ᠬᠡᠢ ᠳ᠋ᠦ᠍ ᠽᠠᠳᠢ᠂ ᠰᠢᠷ᠎ᠠ ᠳ᠋ᠤ᠌ ᠳ᠋ᠢᠭᠳᠡ᠂ ᠪᠠᠳᠬᠠᠨ ᠳ᠋ᠤ᠌ ᠨᠠᠯᠢᠱᠠᠮ( ᠫᠣᠸᠠᠷᠢ) ᠴᠢᠰᠤᠨ ᠳ᠋ᠤ᠌ ᠵᠦᠷᠦᠷ᠎ᠠ᠂ ᠰᠢᠷ᠎ᠠ ᠤᠰᠤᠨ ᠬᠤᠪᠢ ᠶᠡᠬᠡ ᠪᠣᠯ ᠰᠧᠩᠳᠧᠩ ᠢ᠋ ᠨᠡᠮᠡᠨ ᠦᠢᠯᠡᠳ᠃ ᠬᠡᠢ ᠶ᠋ᠢᠨ ᠰᠢᠨᠵᠢ ᠲᠡᠭᠦᠰᠪᠡᠰᠦ ᠦᠶᠡᠰ ᠦ᠋ᠨ ᠨᠢᠭᠤᠴᠠ ᠶ᠋ᠢ ᠲᠥᠭᠡᠨᠡᠬᠦ ᠪᠠ ᠲᠦᠷᠬᠢᠵᠦ ᠢᠯᠢᠬᠦ ᠶ᠋ᠢ ᠦᠢᠯᠡᠳᠬᠦ ᠢᠨᠤ ᠮᠡᠷᠭᠡᠳ ᠦ᠋ᠨ ᠶᠣᠰᠣ ᠮᠥᠨ᠃
ᠡᠨᠡᠯᠭᠡᠭᠴᠢ ᠨᠢᠶᠠᠨ ᠡᠪᠡᠳᠴᠢᠨ ᠦ᠌ ᠭᠣᠳᠮᠠᠺᠠ※ ᠶ᠋ᠢᠨ ᠲᠦᠢᠮᠡᠷ ᠲᠦ᠍
ᠡᠷᠬᠢᠮ ᠮᠡᠷᠭᠡᠳ ᠦ᠋ᠨ ᠲᠤᠰᠬᠠᠢ ᠨᠣᠮᠯᠠᠯ ᠳᠠᠯᠠᠢ ᠮᠡᠲᠦ ᠪᠣᠯᠪᠠᠴᠤ
ᠡᠨᠳᠡ ᠢᠨᠤ ᠤᠤᠭᠤᠴᠢ ᠶ᠋ᠢᠨ ᠲᠡᠳᠦᠢ ᠷᠠᠰᠢᠶᠠᠨ ᠢ᠋ ᠪᠠᠷᠢᠪᠠᠢ
ᠡᠨᠡᠯᠦᠭᠳᠡᠭᠰᠡᠨ ᠠᠮᠢᠲᠠᠨ ᠨᠤᠭᠤᠳ ᠠᠮᠤᠷᠵᠢᠬᠤ ᠪᠣᠯᠲᠤᠭᠠᠢ!

   ᠦᠰᠦᠭ ᠠᠮᠢᠯᠠᠭᠤᠯᠤᠭᠰᠠᠨ ᠨᠢ᠄ ᠦᠯᠵᠡᠢᠪᠠᠭᠠᠳᠤᠷ
   ᠬᠢᠨᠠᠭᠴᠢ᠄ ᠣᠳᠬᠠᠨᠰᠣ᠎ᠠ