ᠤᠯᠠᠭᠠᠭᠴᠢᠨ ᠲᠠᠬᠢᠶ᠎ᠠ ᠵᠢᠯᠲᠡᠳ ᠮᠢᠨᠢУлаагчин тахиа жилдүүд минь ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠭᠴᠢᠨ ᠲᠠᠬᠢᠶ᠎ᠠ ᠵᠢᠯᠲᠡᠳ ᠮᠢᠨᠢУлаагчин тахиа жилдүүд минь

ᠤᠯᠠᠭᠠᠭᠴᠢᠨ ᠲᠠᠬᠢᠶ᠎ᠠ ᠵᠢᠯᠲᠡᠳ ᠮᠢᠨᠢУлаагчин тахиа жилдүүд минь

ᠠᠩᠭᠢᠯᠠᠯ:ᠳᠠᠭᠤᠤ ᠬᠥᠭᠵᠢᠮ
2023-07-06

299

ᠤᠯᠠᠭᠠᠭᠴᠢᠨ ᠲᠠᠬᠢᠶ᠎ᠠ ᠵᠢᠯᠲᠡᠳ ᠮᠢᠨᠢ

ᠤᠯᠠᠭᠠᠭᠴᠢᠨ ᠲᠠᠬᠢᠶ᠎ᠠ ᠵᠢᠯᠲᠡᠳ ᠮᠢᠨᠢ
   
ᠦᠭᠡ᠄ ᠲᠤᠯᠭᠠᠷ
   
ᠠᠶ᠎ᠠ᠄ ᠳᠦᠭᠦᠷᠡᠩᠵᠢᠷᠭᠠᠯ

ᠲᠠᠷᠠᠭ ᠠᠢᠷᠠᠭ ᠤ᠋ᠨ ᠠᠮᠠᠨ ᠬᠡᠰᠢᠭ ᠲᠡᠢ
ᠲᠠᠩᠰᠤᠭ ᠨᠤᠲᠤᠭ ᠤ᠋ᠨ ᠤᠨᠠᠭᠠᠨ ᠦᠷᠡᠰ ᠦ᠋ᠳ
ᠲᠠᠯ᠎ᠠ ᠶ᠋ᠢᠨ ᠴᠢᠮᠡᠭ ᠮᠠᠯ ᠤ᠋ᠨ ᠪᠤᠶᠠᠨ ᠲᠠᠢ
ᠲᠠᠪᠤᠨ ᠬᠣᠰᠢᠭᠤᠲᠤ ᠰᠦᠷᠦᠭ ᠦ᠋ᠨ ᠡᠵᠡᠳ
      
ᠤᠴᠠᠷᠠᠨ ᠵᠣᠯᠭᠠᠵᠤ ᠠᠭᠤᠯᠵᠠᠨ ᠪᠠᠶᠠᠰᠤᠯᠴᠠᠭᠰᠠᠨ
      
ᠤᠯᠠᠭᠠᠭᠴᠢᠨ ᠲᠠᠬᠢᠶ᠎ᠠ ᠵᠢᠯᠲᠡᠳ ᠮᠢᠨᠢ
ᠬᠥᠳᠡᠭᠡ ᠨᠤᠲᠤᠭ ᠤ᠋ᠨ ᠢ᠋ᠶ᠋ᠠᠷ ᠬᠥᠭᠵᠢᠯ ᠳᠡᠪᠰᠢᠯ ᠳ᠋ᠦ᠍
ᠬᠦᠴᠦ ᠪᠡᠨ ᠡᠷᠭᠦᠭᠰᠡᠨ ᠬᠠᠷᠠᠮ ᠦᠭᠡᠢ ᠵᠢᠳᠬᠦᠯᠲᠡᠨ
ᠬᠦᠨᠳᠦ ᠬᠥᠳᠡᠯᠮᠦᠷᠢ ᠳ᠋ᠦ᠍ ᠪᠡᠶ᠎ᠡ ᠪᠥᠬᠡᠵᠢᠵᠦ
ᠬᠦᠴᠢᠷ ᠪᠡᠷᠬᠡᠰᠢᠶᠡᠯ ᠳ᠋ᠦ᠍ ᠤᠬᠠᠭᠠᠨ ᠰᠠᠷᠠᠭᠤᠯᠵᠢᠭᠰᠠᠨ
     
ᠤᠴᠠᠷᠠᠨ ᠵᠣᠯᠭᠠᠵᠤ ᠠᠭᠤᠯᠵᠠᠨ ᠪᠠᠶᠠᠰᠤᠯᠴᠠᠭᠰᠠᠨ
      
ᠤᠯᠠᠭᠠᠭᠴᠢᠨ ᠲᠠᠬᠢᠶ᠎ᠠ ᠵᠢᠯᠲᠡᠳ ᠮᠢᠨᠢ
ᠦᠷ᠎ᠡ ᠠᠴᠢ ᠶ᠋ᠢᠨ ᠢ᠋ᠶ᠋ᠡᠷ ᠭᠠᠷ ᠠ᠋ᠴᠠ ᠬᠥᠲᠥᠯᠦᠭᠰᠡᠨ
ᠦᠶ᠎ᠡ ᠶ᠋ᠢᠨ ᠣᠯᠠᠨ ᠦᠪᠥᠸ ᠢᠵᠢᠢ ᠨᠠᠷ
ᠥᠨᠳᠥᠷ ᠪᠤᠶᠠᠨ ᠤ᠋ ᠵᠠᠶᠠᠭ᠎ᠠ ᠲᠦᠰᠢᠭᠰᠡᠨ
ᠦᠳᠡᠯᠦᠭᠡ ᠨᠠᠰᠤᠨ ᠤ᠋ ᠦᠨᠡᠨ ᠲᠡᠦᠬᠡ ᠲᠡᠢ

      ᠤᠴᠠᠷᠠᠨ ᠵᠣᠯᠭᠠᠵᠤ ᠠᠭᠤᠯᠵᠠᠨ ᠪᠠᠶᠠᠰᠤᠯᠴᠠᠭᠰᠠᠨ
      
ᠤᠯᠠᠭᠠᠭᠴᠢᠨ ᠲᠠᠬᠢᠶ᠎ᠠ ᠵᠢᠯᠲᠡᠳ ᠮᠢᠨᠢ

 

 ᠲᠠᠢᠯᠪᠤᠷᠢ᠄

ᠦᠪᠥᠸ---ᠡᠪᠦᠭᠡ

ᠢᠵᠢᠢ---ᠡᠵᠢ

 

   ᠥᠰᠥᠭ ᠠᠮᠢᠯᠠᠭᠤᠯᠤᠭᠴᠢ᠄ ᠲᠤᠶᠠᠭ᠎ᠠ

   ᠦᠰᠦᠭ ᠬᠠᠳᠠᠭᠴᠢ᠄ ᠳ᠂ ᠡᠷᠬᠢᠮᠪᠠᠭᠠᠲᠤᠷ

   ᠬᠢᠨᠠᠭᠴᠢ ᠪᠠᠭᠰᠢ᠄  ᠣᠤᠠᠬᠣᠨᠴᠡᠴᠡᠭ