ᠰᠠᠶ᠋ᠢᠬᠠᠨ ᠡᠷᠲᠡᠨᠢ ᠮᠢᠨᠢ - ᠲᠣ ·ᠨᠠᠨᠲᠢᠨ Сайхан эрдэнэ минь - Т · Нандин
ᠰᠠᠶ᠋ᠢᠬᠠᠨ ᠡᠷᠲᠡᠨᠢ ᠮᠢᠨᠢ
ᠲᠣ · ᠨᠠᠨᠲᠢᠨ
ᠮᠥᠩᠬᠡ ᠬᠥᠬᠡ ᠲᠩᠷᠢ ᠮᠢᠨᠢ ᠰᠠᠶ᠋ᠢᠬᠠᠨ
ᠮᠥᠷᠭᠥᠵᠦ ᠰᠦᠵᠢᠭᠯᠡᠬᠦ ᠣᠪᠣᠬ᠋ᠠ ᠮᠢᠨᠢ ᠰᠠᠶ᠋ᠢᠬᠠᠨ
ᠮᠥᠯᠬᠥᠵᠦ ᠥᠰᠦᠭᠰᠡᠨ ᠨᠤᠲᠤᠭ ᠮᠢᠨᠢ ᠰᠠᠶ᠋ᠢᠬᠠᠨ᠂
ᠰᠦᠮᠡᠯᠵᠡᠨ ᠬᠠᠷᠠᠭᠲᠠᠬᠤ ᠠᠭᠤᠯᠠᠰ ᠮᠢᠨᠢ ᠰᠠᠶ᠋ᠢᠬᠠᠨ
ᠰᠦᠷᠦᠭᠯᠡᠨ ᠪᠡᠯᠴᠢᠬᠦ ᠮᠠᠯ ᠮᠢᠨᠢ ᠰᠠᠶ᠋ᠢᠬᠠᠨ
ᠰᠦᠨ ᠬᠠᠶ᠋ᠢᠷ᠎ᠠ ᠶ᠋ᠢᠨ ᠭᠣᠣᠯ ᠮᠢᠨᠢ ᠰᠠᠶ᠋ᠢᠬᠠᠨ᠂
ᠠᠯᠮᠠᠰ ᠲᠤᠭᠤᠷᠠᠢ ᠲᠠᠢ ᠬᠦᠯᠦᠭ ᠮᠢᠨᠢ ᠰᠠᠶ᠋ᠢᠬᠠᠨ
ᠠᠲᠤᠭᠤᠴᠢᠨ ᠠᠪᠤ ᠶ᠋ᠢᠨ ᠬᠡᠶ᠋ᠢᠮᠣᠷᠢ ᠨᠢ ᠰᠠᠶ᠋ᠢᠬᠠᠨ
ᠠᠲᠠᠷ ᠲᠠᠯ᠎ᠠ ᠶ᠋ᠢᠨ ᠴᠡᠴᠡᠭᠡᠰ ᠨᠢ ᠰᠠᠶ᠋ᠢᠬᠠᠨ᠂
ᠡᠨᠡᠷᠢᠯ ᠦ᠋ᠨ ᠲᠩᠷᠢ ᠡᠵᠢ ᠮᠢᠨᠢ ᠰᠠᠶ᠋ᠢᠬᠠᠨ
ᠡᠩᠬᠡ ᠶ᠋ᠢᠨ ᠠᠷᠢᠭᠤᠨ ᠰᠤᠷᠭᠠᠯ ᠨᠢ ᠰᠠᠶ᠋ᠢᠬᠠᠨ
ᠡᠩ ᠦᠭᠡᠢ ᠬᠠᠶ᠋ᠢᠷ᠎ᠠ ᠶ᠋ᠢ ᠨᠢ ᠤᠯᠠᠮᠵᠢᠯᠠᠬᠤ ᠨᠢ ᠰᠠᠶ᠋ᠢᠬᠠᠨ᠃
2022.6.30
ᠦᠰᠦᠭ ᠠᠮᠢᠯᠠᠭᠤᠯᠤᠭᠴᠢ᠄ ᠣᠤᠠᠬᠠᠨᠰᠣᠠ᠋
ᠬᠢᠨᠠᠭᠴᠢ᠄ ᠠ᠂ ᠰᠠᠷᠠᠩᠭᠡᠷᠡᠯ
2023.7.4
