ᠮᠠᠷᠢᠶᠠᠯᠠᠬᠤ ᠶ᠋ᠢ ᠰᠡᠷᠭᠡᠶ᠋ᠢᠯᠡᠬᠦ ᠳᠥᠭᠥᠮ ᠠᠷᠬ᠋᠎ᠠ – ᠨᠠᠭᠤᠨᠪᠢᠯᠢᠭ᠌ Мариалахыг сэргийлэх дүгэм арга – Нагунбилиг
ᠮᠠᠷᠢᠶᠠᠯᠠᠬᠤ ᠶ᠋ᠢ ᠰᠡᠷᠭᠡᠶ᠋ᠢᠯᠡᠬᠦ ᠳᠥᠭᠥᠮ ᠠᠷᠬ᠋᠎ᠠ
ᠪᠡᠶ᠎ᠡ ᠰᠡᠳᠬᠢᠯ ᠦ᠋ᠨ ᠪᠢᠯᠢᠭ ᠦ᠋ᠨ ᠷᠠᠰᠢᠶᠠᠨ ––
ᠨᠠᠭᠤᠨᠪᠢᠯᠢᠭ᠌
ᠮᠠᠷᠢᠶᠠᠯᠠᠬᠤ ᠶ᠋ᠢ ᠰᠡᠷᠭᠡᠢᠯᠡᠬᠦ ᠳᠥᠭᠥᠮ ᠠᠷᠭ᠎ᠠ
ᠣᠯᠠᠩᠬᠢ ᠬᠥᠮᠦᠰ ᠢᠳᠡᠷ ᠨᠠᠰᠤᠨ ᠳ᠋ᠤ᠌ ᠬᠥᠷᠦᠭᠰᠡᠭᠷ ᠯᠡ ᠮᠠᠷᠢᠶ᠎ᠠ ᠰᠢᠭᠤᠷᠠᠭᠤᠯᠬᠤ ᠭᠡᠳ ᠵᠣᠪᠠᠵᠤ ᠡᠬᠢᠯᠡᠳᠡᠭ᠃ ᠲᠤᠰᠬᠠᠢ ᠮᠡᠷᠭᠡᠵᠢᠯᠲᠡᠨ ᠦ᠌ ᠦᠵᠡᠬᠦ ᠪᠡᠷ ᠳᠣᠣᠷᠠᠬᠢ ᠬᠡᠳᠦᠨ ᠠᠷᠭ᠎ᠠ ᠨᠢ ᠮᠠᠷᠢᠶᠠᠯᠠᠬᠤ ᠶ᠋ᠢ ᠰᠡᠷᠭᠡᠢᠯᠡᠵᠦ ᠴᠢᠳᠠᠨ᠎ᠠ᠃
1. ᠢᠳᠡᠬᠦ ᠪᠡᠨ ᠪᠠᠭᠠᠰᠬᠠᠬᠤ᠃ ᠪᠠᠭ᠎ᠠ ᠪᠠᠭ᠎ᠠ ᠪᠠᠷ ᠬᠣᠭᠣᠯᠠ ᠪᠠᠨ ᠪᠠᠭᠠᠰᠬᠠᠵᠤ ᠪᠣᠯᠤᠨ᠎ᠠ᠃
2. ᠪᠠᠭ᠎ᠠ ᠢᠳᠡᠵᠦ᠂ ᠠᠷᠪᠢᠨ ᠬᠣᠭᠣᠯᠠᠯᠠᠬᠤ᠃ ᠰᠤᠳᠤᠯᠭᠠᠨ ᠢᠯᠡᠷᠡᠭᠦᠯᠦᠭᠰᠡᠨ ᠢ᠋ᠶ᠋ᠡᠷ ᠪᠠᠭ᠎ᠠ ᠢᠳᠡᠵᠦ᠂ ᠠᠷᠪᠢᠨ ᠬᠣᠭᠣᠯᠠᠯᠠᠬᠤ ᠳᠠᠳᠬᠠᠯ ᠲᠠᠢ ᠬᠥᠮᠦᠰ ᠡᠳᠦᠷ ᠦ᠋ᠨ ᠭᠤᠷᠪᠠᠨ ᠡᠷᠢᠨ ᠦ᠌ ᠬᠣᠭᠣᠯᠠ ᠢᠳᠡᠭᠰᠡᠳ ᠡᠴᠡ ᠪᠡᠶ᠎ᠡ ᠶ᠋ᠢᠨ ᠬᠦᠨᠳᠦ ᠨᠢ ᠬᠥᠩᠭᠡᠨ ᠪᠠᠢᠳᠠᠭ᠃
3. ᠥᠷᠯᠥᠭᠡ ᠶ᠋ᠢᠨ ᠬᠣᠭᠣᠯᠠ ᠪᠠᠨ ᠰᠠᠢᠨ ᠢᠳᠡᠵᠦ᠂ ᠣᠷᠣᠢ ᠶ᠋ᠢᠨ ᠬᠣᠭᠣᠯᠠ ᠪᠠᠨ ᠪᠠᠭ᠎ᠠ ᠢᠳᠡᠬᠦ᠃ ᠥᠷᠯᠥᠭᠡ ᠶ᠋ᠢᠨ ᠬᠣᠭᠣᠯᠠ ᠢᠳᠡᠬᠦ ᠦᠭᠡᠢ ᠪᠣᠯ ᠦᠳᠡ ᠶ᠋ᠢᠨ ᠡᠮᠦᠨᠡᠬᠢ ᠴᠠᠭ ᠲᠤ᠌ ᠴᠢᠨᠦ ᠪᠡᠶ᠎ᠡ ᠳ᠋ᠡᠬᠢ ᠡᠨᠧᠷᠭᠢ ᠶ᠋ᠢ ᠬᠣᠷᠣᠭᠳᠠᠭᠤᠯᠬᠤ ᠮᠥᠷᠲᠡᠭᠡᠨ ᠴᠢᠮᠠᠶ᠋ᠢ ᠨᠡᠩ ᠠᠷᠪᠢᠨ ᠶᠠᠭᠤᠮ᠎ᠠ ᠢᠳᠡᠭᠦᠯᠬᠦ ᠪᠣᠯᠭᠠᠳᠠᠭ᠃ ᠬᠥᠮᠦᠰ ᠣᠷᠣᠢ ᠳ᠋ᠠᠭᠠᠨ ᠬᠥᠳᠡᠯᠭᠡᠭᠡᠨ ᠪᠠᠭ᠎ᠠ ᠬᠢᠳᠡᠭ ᠪᠣᠯᠬᠣᠷ ᠣᠷᠣᠢ ᠶ᠋ᠢᠨ ᠬᠣᠭᠣᠯᠠ ᠶ᠋ᠢ ᠪᠠᠭ᠎ᠠ ᠢᠳᠡᠵᠦ ᠪᠣᠯᠤᠨ᠎ᠠ᠃
4. ᠢᠳᠡᠰᠢ ᠭᠣᠯᠣᠬᠤ ᠦᠭᠡᠢ ᠪᠠᠢᠬᠤ᠃ ᠡᠯ᠎ᠡ ᠵᠦᠢᠯ ᠦ᠋ᠨ ᠢᠳᠡᠭᠡᠨ ᠨᠢ ᠪᠡᠶ᠎ᠡ ᠶ᠋ᠢᠨ ᠡᠷᠡᠭᠦᠯ ᠴᠢᠬᠢᠷᠠᠭ ᠲᠦ᠍ ᠲᠤᠰ ᠲᠤᠰ ᠤ᠋ᠨ ᠦᠢᠯᠡᠳᠦᠯ ᠲᠡᠢ ᠪᠠᠢᠳᠠᠭ ᠲᠤᠯᠠ ᠢᠳᠡᠰᠢ ᠭᠣᠯᠣᠵᠤ ᠪᠣᠯᠬᠤ ᠦᠭᠡᠢ᠃
5. ᠪᠤᠴᠠᠯᠤᠭᠰᠠᠨ ᠤᠰᠤ ᠢᠯᠡᠭᠦᠦ ᠤᠤᠭᠤ᠃ ᠤᠰᠤ ᠨᠢ ᠪᠡᠶ᠎ᠡ ᠮᠠᠬᠠᠪᠣᠳ ᠤ᠋ᠨ ᠰᠢᠨ᠎ᠡ ᠬᠠᠭᠤᠴᠢᠨ ᠰᠣᠯᠢᠭᠳᠠᠯ ᠳ᠋ᠤ᠌ ᠲᠤᠰᠠᠲᠠᠢ ᠪᠥᠭᠡᠳ ᠢᠳᠡᠭᠡᠨ ᠦ᠌ ᠳᠤᠷᠠᠰᠢᠯ ᠢ᠋ ᠬᠣᠷᠢᠭᠯᠠᠬᠤ ᠴᠢᠨᠠᠷᠲᠠᠢ᠃
6. ᠨᠠᠷᠢᠯᠢᠭ᠋ ᠵᠠᠵᠢᠯᠵᠤ᠂ ᠠᠭᠠᠵᠢᠮ ᠵᠠᠯᠭᠢᠨ᠎ᠠ᠃ ᠱᠥᠯᠥ ᠤᠤᠭᠤᠬᠤ ᠪᠤᠶᠤ ᠶᠠᠮᠠᠷᠪᠠ ᠢᠳᠡᠭᠡᠨ ᠢᠳᠡᠭᠰᠡᠨ ᠴᠦ᠍ ᠪᠦᠷ ᠢᠩᠭᠢᠵᠦ ᠬᠢᠭᠡᠷᠡᠢ᠃ ᠬᠣᠭᠣᠯᠠ ᠢᠳᠡᠬᠦ ᠳ᠋ᠡᠭᠡᠨ ᠡᠳᠦᠷ ᠪᠣᠯᠭᠠᠨ ᠤ᠋ ᠲᠣᠭᠲᠠᠭᠰᠠᠨ ᠬᠡᠮᠵᠢᠶ᠎ᠡ ᠡᠴᠡ ᠪᠡᠨ ᠪᠠᠭ᠎ᠠ ᠢᠳᠡᠪᠡᠯ ᠴᠠᠳᠤᠭᠰᠠᠨ ᠦᠭᠡᠢ ᠰᠢᠭ ᠰᠠᠨᠠᠭᠳᠠᠭᠠᠳ ᠪᠠᠢᠳᠠᠭ᠂ ᠭᠡᠪᠡᠴᠦ 20 ᠮᠢᠨᠦ᠋ᠲ ᠥᠩᠭᠡᠷᠡᠪᠡᠯ ᠬᠠᠮᠢᠶ᠎ᠠ ᠦᠭᠡᠢ ᠪᠣᠯᠴᠢᠬᠠᠨ᠎ᠠ᠃
※ ᠢᠷᠡᠯᠲᠡ᠄ ᠮᠡᠳᠡᠯᠭᠡ ᠶ᠋ᠢᠨ ᠥᠷᠥᠭᠡ — ᠨᠣᠮ ᠠ᠋ᠴᠠ ᠰᠣᠩᠭᠣᠪᠠ᠃
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ ᠠ᠋
