ᠡᠬᠡ ᠪᠠᠢᠭᠠᠯᠢ ᠶᠢᠨ ᠡᠪᠦᠷ ᠡᠴᠡ – ᠬᠠᠰᠭ᠋ᠣᠪᠢ Эх баигалийн өврөөс – Хасговь
ᠨᠠᠪᠴᠢ
ᠨᠠᠮᠤᠷ ᠪᠣᠯᠵᠤ ᠨᠠᠮᠠᠭ᠎ᠠ ᠰᠠᠯᠠᠭ᠎ᠠ ᠠ᠋ᠴᠠ ᠪᠠᠨ ᠠᠩᠭᠢᠵᠢᠷᠠᠭᠰᠠᠨ ᠴᠤ᠌ ᠨᠠᠬᠢᠶ᠎ᠠ ᠬᠦᠪᠦᠷᠡᠭᠦᠯᠬᠦ ᠳᠠᠷᠠᠭᠠᠴᠢ ᠶ᠋ᠢᠨ ᠬᠠᠪᠤᠷ ᠢ᠋ ᠬᠦᠯᠢᠶᠡᠨ ᠬᠡᠪᠲᠡᠳᠡᠭ ᠠᠵᠠᠢ!
ᠨᠠᠪᠴᠢᠨ ᠥᠩᠭᠡᠨ ᠳ᠋ᠦ᠍
ᠨᠠᠷᠠᠯᠢᠭ ᠲᠠᠯ᠎ᠠ ᠮᠥᠩᠬᠡ ᠨᠣᠭᠣᠭᠠᠨ !
ᠵᠦᠯᠭᠡ ᠡᠪᠡᠰᠦ
ᠲᠦᠮᠡᠨ ᠠᠮᠢᠲᠠᠨ ᠤ᠋ ᠬᠥᠯ ᠳ᠋ᠦ᠍ ᠭᠢᠰᠬᠢᠭᠳᠡᠭᠰᠡᠨ ᠴᠦ᠍ ᠲᠡᠷᠢᠭᠦᠨ ᠡᠷᠭᠦᠨ ᠰᠡᠷᠪᠡᠯᠵᠡᠭᠡᠳ ᠪᠠᠢᠳᠠᠭ ᠃ ᠬᠤᠭᠤᠷᠠᠬᠤ ᠠ᠋ᠴᠠ ᠪᠢᠰᠢ ᠂ ᠨᠤᠭᠤᠷᠠᠳᠠᠭ ᠦᠭᠡᠢ ᠬᠠᠳᠠᠨ ᠴᠢᠨᠠᠷ ᠴᠢᠨᠢ ᠶᠠᠭᠤᠲᠠᠢ ᠡᠷᠬᠢᠮ !
ᠲᠠᠯ᠎ᠠ ᠶ᠋ᠢᠨ ᠭᠣᠷᠣᠬ᠎ᠠ
ᠤᠷᠭᠤᠮᠠᠯ ᠤ᠋ᠨ ᠦᠨᠳᠦᠰᠦ ᠶ᠋ᠢ ᠤᠭ ᠢ᠋ᠶ᠋ᠠᠷ ᠨᠢ ᠮᠤᠯᠭᠤᠯᠠᠬᠤ ᠶ᠋ᠢ ᠭᠣᠷᠢᠯᠠᠭᠠ ᠦᠭᠡᠢ ᠂ ᠤᠷᠭᠤᠭ᠎ᠠ ᠬᠠᠳᠠ ᠶ᠋ᠢ ᠤᠷᠤᠰᠬᠠᠵᠤ ᠲᠠᠯᠬᠢᠳᠠᠬᠤ ᠶ᠋ᠢ ᠵᠣᠷᠢᠭ᠎ᠠ ᠦᠭᠡᠢ ᠂ ᠤᠷᠤᠰᠬᠠᠯ ᠮᠥᠷᠡᠨ ᠢ᠋ ᠪᠣᠳᠣᠪᠠᠯ ᠤᠲᠠᠰᠤᠨ ᠤᠴᠢᠭ ᠲᠡᠳᠦᠢ ᠪᠣᠯᠪᠠᠴᠤ ᠠᠭᠤᠰᠬᠠᠯ ᠰᠢᠮ᠎ᠡ ᠪᠡᠨ ᠲᠠᠯ᠎ᠠ ᠶ᠋ᠢᠨ ᠬᠥᠷᠥᠰᠥᠨ ᠳ᠋ᠦ᠍ ᠰᠢᠮᠡᠳᠬᠡᠵᠦ ᠯᠡ ᠪᠠᠢᠪᠠᠯ ᠬᠦᠰᠡᠯ ᠵᠣᠷᠢᠯ ᠨᠢ ᠪᠡᠶᠡᠯᠡᠬᠦ ᠨᠢ ᠲᠡᠷᠡ!
ᠰᠢᠭᠦᠳᠡᠷᠢ
ᠱᠠᠭᠢᠶᠠ ᠬᠤᠷ᠎ᠠ ᠰᠢᠭ᠋ ᠰᠠᠭᠰᠠᠭᠤ ᠬᠥᠪᠰᠥᠬᠦᠦ ᠵᠠᠩ ᠪᠠᠢᠳᠠᠭ ᠦᠭᠡᠢ ᠂ ᠳᠤᠰᠤᠯ ᠲᠡᠳᠦᠢ ᠲᠥᠰᠦᠷᠭᠡ ᠪᠡᠨ ᠡᠪᠡᠰᠦ ᠴᠡᠴᠡᠭ ᠲᠦ᠍ ᠰᠡᠮᠡᠭᠡᠷᠬᠡᠨ ᠠᠭᠤᠰᠬᠠᠴᠢᠭᠠᠳ ᠨᠠᠷᠠᠨ ᠤ᠋ ᠭᠡᠷᠡᠯ ᠡᠴᠡ ᠪᠦᠱᠦᠭᠦᠷᠬᠡᠨ ᠵᠠᠢᠯᠠᠴᠢᠳᠠᠭ !
ᠠᠭᠤᠯᠠᠨ ᠵᠥᠷᠢᠭ
ᠪᠤᠲᠠ ᠪᠣᠷᠣᠯᠵᠢᠨ ᠳ᠋ᠤ᠌ ᠣᠷᠢᠶᠠᠯᠳᠤᠵᠤ ᠪᠣᠷᠵᠢᠨ ᠴᠢᠯᠠᠭᠤ ᠪᠠᠷ ᠱᠣᠷᠣᠯᠠᠭᠤᠯᠤᠭᠰᠠᠨ ᠴᠤ᠌ ᠪᠣᠰᠤᠭ᠎ᠠ ᠣᠷᠭᠢᠯ ᠳ᠋ᠤ᠌ ᠠᠪᠢᠷᠠᠭᠴᠢᠳ ᠤ᠋ᠨ ᠪᠣᠷᠪᠢ ᠶ᠋ᠢ ᠡᠷᠭᠦᠬᠦ ᠱᠠᠲᠤ ᠰᠢᠦ ᠳᠡ!
ᠳᠠᠪᠠᠯᠭᠠᠨ
ᠡᠬᠡ ᠬᠠᠭᠤᠷᠠᠢ ᠳ᠋ᠤ᠌ ᠭᠠᠷᠬᠤ ᠭᠡᠳ ᠡᠮᠦᠨ᠎ᠡ ᠬᠣᠢᠨ᠎ᠠ ᠪᠠᠨ ᠲᠦᠯᠬᠢᠯᠴᠡᠭᠰᠡᠨ ᠪᠣᠯᠪᠠᠴᠤ ᠡᠷᠭᠢᠵᠦ ᠤᠷᠪᠠᠭᠠᠳ ᠡᠷᠭᠢᠯᠭᠡᠨᠲᠦ ᠴᠡᠭᠡᠯ ᠳ᠋ᠡᠭᠡᠨ ᠪᠤᠴᠠᠴᠢᠳᠠᠭ ᠃ ᠡᠭᠡᠨᠡᠭᠰᠢᠵᠦ ᠲᠠᠰᠢᠭᠰᠠᠨ ᠨᠤᠲᠤᠭ ᠭᠡᠮ ᠡᠩᠰᠡᠷᠡᠵᠦ ᠰᠠᠯᠬᠤ ᠳ᠋ᠤ᠌ ᠰᠡᠳᠬᠢᠯ ᠲᠦᠪᠳᠡᠨᠡᠦ ?
ᠨᠠᠷᠠᠨ ᠬᠤᠸᠠᠷ
ᠨᠠᠷᠠ ᠶ᠋ᠢ ᠳᠠᠭᠠᠵᠤ ᠪᠠᠢᠬᠤ ᠨᠢ ᠨᠠᠷᠠᠨ ᠢ᠋ ᠰᠦᠵᠢᠭᠯᠡᠵᠦ ᠪᠠᠢᠭ᠎ᠠ ᠪᠢᠰᠢ ᠂ ᠨᠠᠪᠴᠢ ᠴᠡᠴᠡᠭ ᠲᠡᠭᠡᠨ ᠰᠢᠮ᠎ᠡ ᠶ᠋ᠢ ᠨᠢ ᠬᠤᠷᠠᠮᠳᠤᠭᠤᠯᠵᠤ ᠪᠠᠢᠭ᠎ᠠ ᠰᠢᠪ ᠳᠡ!
ᠪᠣᠷᠣᠭᠠᠨ
ᠨᠠᠢᠷᠰᠠᠵᠤ ᠡᠯᠢᠭᠡᠳᠡᠭᠰᠡᠨ ᠨᠠᠭᠤᠷ ᠭᠣᠣᠯ ᠢ᠋ᠶ᠋ᠠᠨ ᠰᠠᠨᠠᠭᠠᠳ ᠤᠶᠠᠷᠠᠯ ᠤ᠋ᠨ ᠨᠢᠯᠪᠤᠰᠤ ᠤᠨᠠᠭᠠᠵᠤ ᠪᠠᠢᠨ᠎ᠠ ᠭᠡᠵᠢ ᠦᠦ ?
ᠮᠥᠰᠥ
ᠠᠯᠮᠠᠰ ᠬᠠᠲᠠᠭᠤ ᠵᠢᠷᠦᠬᠡ ᠲᠡᠢ ᠪᠣᠯᠪᠠᠴᠤ ᠬᠠᠪᠤᠷ ᠬᠡᠦᠬᠡᠨ ᠦ᠌ ᠤᠷᠤᠭᠤᠯ ᠤ᠋ᠨ ᠦᠵᠦᠭᠦᠷ ᠲᠦ᠍ ᠤᠶᠠᠷᠠᠯ ᠤ᠋ᠨ ᠨᠢᠯᠪᠤᠰᠤ ᠪᠠᠨ ᠠᠰᠠᠬᠠᠷᠠᠭᠤᠯᠴᠢᠨᠠ ᠰᠢᠦ ᠳᠡ!
ᠵᠠᠳᠠᠭᠠᠢ ᠰᠢᠯᠦᠭ ᠦ᠋ᠨ ᠲᠡᠭᠦᠪᠦᠷᠢ
ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ
1984 ᠣᠨ ᠤ᠋ 6 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1984 ᠣᠨ ᠤ᠋ 7 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ
ᠳᠡᠪᠲᠡᠷ ᠪᠦᠷᠢ ᠄1.45 ᠲᠥᠭᠥᠷᠢᠭ
ᠲᠠᠨ᠎ᠠ – ᠰᠢᠯᠢ ᠶ᠋ᠢᠨ ᠭᠣᠣᠯ ᠠᠢᠮᠠᠭ ᠤ᠋ᠨ ᠵᠡᠭᠦᠨ ᠰᠥᠨᠢᠳ ᠬᠣᠰᠢᠭᠤ
ᠭᠡᠷᠡᠯ – ᠣᠷᠳᠣᠰ ᠬᠣᠲᠠ ᠶ᠋ᠢᠨ ᠦᠦᠰᠢᠨ ᠬᠣᠰᠢᠭᠤ
ᠣᠳᠣᠨ – ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠣᠰᠢᠭᠤ
ᠤᠷᠠᠨ – ᠤᠯᠠᠭᠠᠨᠬᠠᠳᠠ ᠬᠣᠲᠠ ᠶ᠋ᠢᠨ ᠬᠡᠰᠢᠭᠲᠡᠨ ᠬᠤᠰᠢᠭᠤᠨ ᠤ᠋ ᠳᠠᠯᠠᠢᠨᠠᠭᠣᠷ ᠦᠨᠳᠦᠰᠦᠲᠡᠨ ᠦ᠌ ᠲᠤᠷᠰᠢᠯᠲᠠ ᠶ᠋ᠢᠨ ᠪᠠᠭ᠎ᠠ ᠰᠤᠷᠭᠠᠭᠤᠯᠢ ᠳ᠋ᠤ᠌ ᠠᠵᠢᠯᠯᠠᠵᠤ ᠪᠣᠢ ᠂
ᠿᠦᠩ ᠰᠢ – ᠲᠦᠩᠯᠢᠶᠣᠤ ᠬᠣᠲᠠ ᠶ᠋ᠢᠨ ᠬᠦᠷᠢᠶ᠎ᠡ ᠬᠤᠰᠢᠭᠤᠨ ᠤ᠋ ᠬᠦᠷᠢᠶ᠎ᠡ ᠪᠠᠯᠭᠠᠰᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠠᠵᠢᠯᠲᠠᠨ
ᠨᠠᠷᠠᠨᠵᠦ᠋ᠭ – ᠨᠡᠷ᠎ᠡ ᠭᠧᠨ ᠰᠢᠶᠣᠤ ᠂ ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤᠨ ᠤ᠋ ᠬᠣᠨᠳᠣ ᠪᠠᠯᠭᠠᠰᠤ
ᠰᠣᠷᠭᠣᠭ – ᠣᠷᠳᠣᠰ ᠬᠣᠲᠠ ᠶ᠋ᠢᠨ ᠦᠦᠰᠢᠨ ᠬᠣᠰᠢᠭᠤ
ᠰᠠᠷᠠᠨᠲᠤᠶᠠᠭ᠎ᠠ – ᠣᠷᠳᠣᠰ ᠬᠣᠲᠠ ᠶ᠋ᠢᠨ ᠣᠲᠣᠭ ᠬᠣᠰᠢᠭᠤ
ᠥᠪᠥᠷ ᠮᠣᠩᠭᠣᠯ ᠤ᠋ᠨ ᠦᠨᠳᠦᠰᠦᠲᠡᠨ ᠦ᠌ ᠴᠡᠴᠡᠷᠯᠢᠭ ᠦ᠋ᠨ ᠪᠠᠭᠰᠢ ᠶ᠋ᠢᠨ ᠲᠤᠰᠬᠠᠢ ᠮᠡᠷᠭᠡᠵᠢᠯ ᠦ᠋ᠨ ᠳᠡᠭᠡᠳᠦ ᠰᠤᠷᠭᠠᠭᠤᠯᠢ ᠳ᠋ᠤ᠌ ᠪᠠᠭᠰᠢ ᠶ᠋ᠢᠨ ᠠᠯᠪᠠ ᠲᠠᠢ ᠃
ᠪᠤᠤ ᠴᠢᠩ ᠬᠡᠦ – ᠲᠦᠩᠯᠢᠶᠣᠤ ᠬᠣᠲᠠ ᠶ᠋ᠢᠨ ᠬᠦᠷᠢᠶ᠎ᠡ ᠬᠤᠰᠢᠭᠤᠨ ᠤ᠋ ᠮᠠᠩᠬᠠᠨ ᠰᠤᠮᠤ
ᠰᠧ ᠂ ᠵᠢᠷᠭᠠᠯ – ᠤᠯᠠᠭᠠᠨᠬᠠᠳᠠ ᠬᠣᠲᠠ ᠶ᠋ᠢᠨ ᠬᠡᠰᠢᠭᠲᠡᠨ ᠬᠤᠰᠢᠭᠤᠨ ᠤ᠋ ᠤᠤᠭᠠᠯ
ᠬᠢᠨᠠᠭᠴᠢ᠄
ᠪᠠᠯᠵᠢ – ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤ
ᠪᠤᠤ ᠳᠣᠷᠣᠨ᠎ᠠ – ᠪᠤᠤ ᠿᠦᠩ ᠬᠤᠸᠠ᠃ ᠬᠣᠷᠴᠢᠨ ᠵᠡᠭᠦᠨ ᠭᠠᠷᠤᠨ ᠬᠣᠢᠲᠤ ᠬᠤᠰᠢᠭᠤᠨ ᠤ᠋ ᠨᠤᠭᠤᠰᠤᠲᠠᠢ ᠪᠠᠯᠭᠠᠰᠤᠨ ᠤ᠋ ᠭᠣᠣᠯ ᠪᠠᠭ᠎ᠠ ᠰᠤᠷᠭᠠᠭᠤᠯᠢ ᠶ᠋ᠢᠨ ᠲᠣᠭᠠᠨ ᠤ᠋ ᠤᠬᠠᠭᠠᠨ ᠤ᠋ ᠪᠠᠭᠰᠢ ᠃
ᠰ᠂ ᠳᠣᠷᠣᠨ᠎ᠠ – ᠰᠢᠯᠢ ᠶ᠋ᠢᠨ ᠭᠣᠣᠯ ᠠᠢᠮᠠᠭ ᠊ᠤᠨ ᠡᠷᠢᠶᠡᠨ ᠬᠣᠲᠠ ᠶ᠋ᠢᠨ ᠮᠣᠩᠭᠣᠯ ᠪᠠᠭ᠎ᠠ ᠰᠤᠷᠭᠠᠭᠤᠯᠢ ᠶ᠋ᠢᠨ ᠪᠠᠭᠰᠢ
ᠰᠡᠴᠡᠨᠴᠢᠮᠡᠭ – ᠲᠦᠩᠯᠢᠶᠣᠤ ᠬᠣᠲᠠ ᠶ᠋ᠢᠨ ᠨᠠᠢ᠍ᠮᠠᠨ ᠬᠤᠰᠢᠭᠤᠨ ᠤ᠋ ᡁᠢ ᠠᠨ ᠮᠣᠩᠭᠣᠯ ᠪᠠᠭ᠎ᠠ ᠰᠤᠷᠭᠠᠭᠤᠯᠢ ᠶ᠋ᠢᠨ ᠪᠠᠭᠰᠢ ᠃
ᠱᠤᠸᠠᠩ ᠤ᠋ᠨ ᠬᠤᠸᠠ – ᠲᠥᠷᠥᠭᠰᠡᠨ ᠨᠤᠲᠤᠭ ᠲᠦᠩᠯᠢᠶᠣᠤ ᠬᠣᠲᠠ ᠶ᠋ᠢᠨ ᠬᠦᠷᠢᠶ᠎ᠡ ᠬᠣᠰᠢᠭᠤ᠂
ᠣᠳᠣ ᠤᠯᠠᠭᠠᠨᠴᠠᠪ ᠬᠣᠲᠠ ᠶ᠋ᠢᠨ ᠰᠢᠩ ᠾᠧ ᠰᠢᠶᠠᠨ ᠤ᠋ ᠬᠥᠳᠡᠭᠡ ᠲᠣᠰᠬᠣᠨ ᠢ᠋ ᠬᠥᠭᠵᠢᠭᠦᠯᠬᠦ ᠲᠣᠪᠴᠢᠶᠠᠨ ᠳ᠋ᠤ᠌ ᠠᠵᠢᠯᠯᠠᠵᠤ ᠪᠣᠢ
ᠪᠠᠳᠮ᠎ᠠ – ᠣᠷᠳᠣᠰ ᠬᠣᠲᠠ ᠶ᠋ᠢᠨ ᠬᠠᠩᠭᠢᠨ ᠬᠤᠰᠢᠭᠤᠨ ᠤ᠋ ᠰᠢᠨᠡᠪᠠᠯᠭᠠᠰᠤ ᠶ᠋ᠢᠨ ᠠᠷᠠᠳ ᠤ᠋ᠨ ᠵᠠᠰᠠᠭ ᠤ᠋ᠨ ᠣᠷᠳᠣᠨ ᠤ᠋ ᠠᠵᠢᠯᠲᠠᠨ᠃
