ᠳᠣᠭᠰᠢᠨ ᠬᠠᠷ᠎ᠠ ᠯᠤᠤᠰ ᠤ᠋ᠨ ᠬᠠᠭᠠᠨ ᠢ᠋ ᠳᠠᠷᠤᠭᠰᠠᠨ ᠨᠢДогшин хар лусын хааныг Дарсан нь
ᠳᠣᠭᠰᠢᠨ ᠬᠠᠷ᠎ᠠ ᠯᠤᠤᠰ ᠤ᠋ᠨ ᠬᠠᠭᠠᠨ ᠢ᠋ ᠳᠠᠷᠤᠭᠰᠠᠨ ᠨᠢ

ᠡᠷᠲᠡ ᠤᠷᠢᠳᠤ ᠶ᠋ᠢᠨ ᠴᠠᠭ ᠲᠤ᠌᠂ ᠳᠣᠭᠰᠢᠨ ᠬᠠᠷ᠎ᠠ ᠯᠤᠤᠰ ᠤ᠋ᠨ ᠬᠠᠭᠠᠨ ᠤᠰᠤᠨ ᠳᠤ ᠪᠢᠱᠢ ᠠᠭᠤᠵᠢᠮ ᠬᠠᠭᠤᠷᠠᠢ ᠳᠡᠭᠡᠷ᠎ᠡ ᠠᠮᠢᠳᠤᠷᠠᠨ ᠠᠷᠠᠳ ᠲᠦᠮᠡᠨ ᠢ᠋ ᠬᠥᠨᠥᠭᠡᠬᠦ ᠪᠠᠯᠠᠮᠠᠳ ᠬᠡᠷᠡᠭ ᠬᠢᠭᠰᠡᠨ ᠢ᠋ᠶ᠋ᠡᠷ ᠠᠷᠠᠳ ᠲᠦᠮᠡᠨ ᠦ᠌ ᠳᠠᠢᠰᠤᠨ ᠪᠣᠯᠵᠠᠢ᠃ ᠡᠨᠡ ᠦᠶ᠎ᠡ ᠳ᠋ᠦ᠍ ᠬᠥᠮᠦᠨ ᠦ᠌ ᠣᠷᠴᠢᠯᠠᠩ ᠳ᠋ᠤ᠌ ᠲᠥᠭᠡ ᠬᠢᠷᠢ ᠶ᠋ᠢᠨ ᠪᠡᠶ᠎ᠡ ᠲᠡᠢ᠂ ᠬᠣᠶᠠᠷ ᠲᠥᠭᠡ ᠰᠠᠬᠠᠯ ᠲᠠᠢ ᠣᠳᠤᠢ ᠡᠪᠦᠭᠡᠨ ᠪᠠᠢᠵᠠᠢ᠃ ᠡᠪᠦᠭᠡᠨ ᠳ᠋ᠦ᠍ ᠲᠡᠮᠡᠭᠡᠨ ᠬᠦᠵᠦᠭᠦᠨ ᠤᠭᠤᠲᠠ ᠲᠠᠢ᠂ ᠲᠡᠭᠡ ᠶ᠋ᠢᠨ ᠡᠪᠡᠷ ᠤᠨ ᠬᠠᠯᠪᠠᠭ᠎ᠠ ᠲᠠᠢ ᠪᠥᠭᠡᠳ ᠨᠢᠭᠡᠨ ᠤᠬᠤᠨ᠎ᠠ ᠲᠠᠢ ᠪᠠᠢᠵᠠᠢ᠃ ᠨᠢᠭᠡ ᠡᠳᠦᠷ ᠣᠳᠤᠢ ᠡᠪᠦᠭᠡᠨ ᠳᠣᠭᠰᠢᠨ ᠬᠠᠷ᠎ᠠ ᠯᠤᠤᠰ ᠤ᠋ᠨ ᠬᠠᠭᠠᠨ ᠢ᠋ ᠳᠠᠷᠤᠬᠤ ᠪᠠᠷ ᠮᠣᠷᠳᠠᠵᠠᠢ᠃
ᠵᠠᠮ ᠳ᠋ᠤ᠌ ᠪᠠᠨ ᠬᠠᠮᠤᠭ ᠤ᠋ᠨ ᠲᠦᠷᠦᠭᠦᠨ ᠳ᠋ᠦ᠍ ᠶᠡᠬᠡ ᠲᠠᠩᠭᠢᠰ ᠲᠠᠢ ᠠᠭᠤᠯᠵᠠᠪᠠ᠃
《ᠴᠢ ᠬᠠᠮᠢᠭ᠎ᠠ ᠣᠴᠢᠬᠤ ᠪᠣᠢ?》ᠭᠡᠵᠦ ᠶᠡᠬᠡ ᠲᠠᠩᠭᠢᠰ ᠠᠰᠠᠭᠤᠭᠰᠠᠨ ᠳ᠋ᠤ᠌᠄ 《ᠪᠢ ᠳᠣᠭᠰᠢᠨ ᠬᠠᠷ᠎ᠠ ᠯᠤᠤᠰ ᠤ᠋ᠨ ᠬᠠᠭᠠᠨ ᠢ᠋ ᠳᠠᠷᠤᠬᠤ ᠪᠠᠷ ᠶᠠᠪᠤᠵᠤ ᠪᠣᠢ》 ᠭᠡᠵᠦ ᠡᠪᠦᠭᠡᠨ ᠬᠠᠷᠢᠭᠤᠯᠪᠠ᠃
《ᠳᠣᠭᠰᠢᠨ ᠬᠠᠷ᠎ᠠ ᠯᠤᠤᠰ ᠤ᠋ᠨ ᠬᠠᠭᠠᠨ ᠢ᠋ ᠴᠢ ᠶᠠᠭᠠᠬᠢᠵᠤ ᠳᠠᠷᠤᠬᠤ ᠪᠣᠢ?》 ᠭᠡᠵᠦ ᠶᠡᠬᠡ ᠲᠠᠩᠭᠢᠰ ᠡᠪᠦᠭᠡᠨ ᠢ᠋ ᠶᠥᠭᠡᠳᠡᠵᠡᠢ᠃ ᠡᠪᠦᠭᠡᠨ ᠰᠣᠨᠣᠰᠤᠭᠠᠳ ᠶᠡᠬᠡᠳᠡ ᠬᠢᠯᠢᠩᠨᠡᠵᠦ ᠲᠡᠭᠡ ᠶ᠋ᠢᠨ ᠡᠪᠡᠷ ᠦ᠋ᠨ ᠬᠠᠯᠪᠠᠭ᠎ᠠ ᠪᠠᠷ ᠢ᠋ᠶ᠋ᠠᠨ ᠨᠢᠭᠡ ᠤᠳᠬᠤᠭᠰᠠᠨ ᠳ᠋ᠤ᠌ ᠶᠡᠬᠡ ᠲᠠᠩᠭᠢᠰ ᠢ᠋ ᠬᠠᠲᠠᠭᠠᠴᠢᠬᠠᠪᠠ᠃ ᠲᠡᠭᠦᠨ ᠢ᠋ ᠲᠡᠮᠡᠭᠡᠨ ᠬᠦᠵᠦᠭᠦᠨ ᠤᠭᠤᠲᠠᠨ ᠳ᠋ᠤ᠌ ᠪᠠᠨ ᠬᠢᠵᠦ ᠵᠠᠮ ᠢᠶᠠᠨ ᠬᠥᠭᠡᠭᠡᠪᠡ᠃ ᠶᠠᠪᠤᠨ ᠶᠠᠪᠤᠭᠰᠠᠭᠠᠷ ᠦᠨᠡᠭᠡ ᠲᠡᠢ ᠲᠠᠭᠠᠷᠠᠯᠳᠤᠪᠠ᠃
《ᠴᠢ ᠬᠠᠮᠢᠭ᠎ᠠ ᠣᠴᠢᠬᠤ ᠪᠣᠢ?》ᠭᠡᠵᠦ ᠦᠨᠡᠭᠡ ᠲᠡᠭᠦᠨ ᠡᠴᠡ ᠠᠰᠠᠭᠤᠭᠰᠠᠨ ᠳ᠋ᠤ᠌᠄ 《ᠪᠢ ᠳᠣᠭᠰᠢᠨ ᠬᠠᠷ᠎ᠠ ᠯᠤᠤᠰ ᠤ᠋ᠨ ᠬᠠᠭᠠᠨ ᠢ᠋ ᠳᠠᠷᠤᠬᠤ ᠪᠠᠷ ᠶᠠᠪᠤᠵᠤ ᠪᠠᠢᠨ᠎ᠠ》ᠭᠡᠵᠦ ᠡᠪᠦᠭᠡᠨ ᠬᠠᠷᠢᠭᠤᠯᠪᠠ᠃
《ᠴᠢ ᠲᠡᠭᠦᠨ ᠢ᠋ ᠬᠡᠷᠬᠢᠨ ᠡᠷᠬᠡᠰᠢᠶᠡᠯ ᠳ᠋ᠦ᠍ ᠪᠡᠨ ᠣᠷᠣᠭᠤᠯᠬᠤ ᠪᠣᠢ!》 ᠭᠡᠵᠦ ᠦᠨᠡᠭᠡ ᠳᠣᠭᠤᠭᠢ ᠬᠢᠵᠦ ᠬᠡᠯᠡᠪᠡ᠃
ᠡᠪᠦᠭᠡᠨ ᠠᠭᠤᠷᠯᠠᠵᠤ ᠦᠨᠡᠭᠡ ᠶ᠋ᠢ ᠲᠡᠭᠡ ᠶᠢᠨ ᠡᠪᠡᠷ ᠦ᠋ᠨ ᠬᠠᠯᠪᠠᠭ᠎ᠠ ᠪᠠᠷ ᠢᠶᠠᠨ ᠤᠳᠭᠤᠵᠤ ᠲᠡᠮᠡᠭᠡᠨ ᠬᠦᠵᠦᠭᠦᠨ ᠤᠭᠤᠲᠠᠨ ᠳ᠋ᠤ᠌ ᠪᠠᠨ ᠬᠢᠵᠦ ᠴᠠᠭᠠᠱᠢ ᠶᠠᠪᠤᠭᠠᠳ ᠴᠢᠨᠣ᠎ᠠ ᠲᠠᠢ ᠲᠠᠭᠠᠷᠠᠯᠳᠤᠪᠠ᠃
《ᠴᠢ ᠬᠠᠮᠢᠭ᠎ᠠ ᠣᠴᠢᠬᠤ ᠪᠣᠢ?》ᠭᠡᠵᠦ ᠴᠢᠨᠤᠠᠠᠰᠠᠭᠤᠭᠰᠠᠨ ᠳ᠋ᠤ᠌᠄ 《ᠪᠢ ᠳᠣᠭᠰᠢᠨ ᠬᠠᠷ᠎ᠠ ᠯᠤᠤᠰ ᠤ᠋ᠨ ᠬᠠᠭᠠᠨ ᠢ᠋ ᠳᠠᠷᠤᠬᠤ ᠪᠠᠷ ᠶᠠᠪᠤᠵᠤ ᠪᠠᠢᠨ᠎ᠠ》 ᠭᠡᠵᠦ ᠡᠪᠦᠭᠡᠨ ᠬᠠᠷᠢᠭᠤᠯᠪᠠ᠃
《ᠳᠣᠭᠰᠢᠨ ᠬᠠᠷ᠎ᠠ ᠯᠤᠤᠰ ᠤ᠋ᠨ ᠬᠠᠭᠠᠨ ᠢ᠋ ᠴᠢ ᠬᠡᠷᠬᠢᠨ ᠳᠠᠷᠤᠵᠤ ᠴᠢᠳᠠᠬᠤ ᠪᠣᠢ?》 ᠭᠡᠵᠦ ᠴᠢᠨᠣ᠎ᠠ ᠡᠪᠦᠭᠡᠨ ᠢ᠋ ᠱᠣᠭᠯᠠᠭᠰᠠᠨ ᠳ᠋ᠤ᠌ ᠡᠪᠦᠭᠡᠨ ᠶᠡᠬᠡ ᠠᠭᠤᠷᠯᠠᠵᠤ ᠲᠡᠭᠦᠨ ᠲᠡᠭᠡ ᠶ᠋ᠢᠨ ᠡᠪᠡᠷ ᠦ᠋ᠨ ᠬᠠᠯᠪᠠᠭ᠎ᠠ ᠪᠠᠷ ᠢ᠋ᠶ᠋ᠠᠨ ᠬᠠᠯᠪᠠᠭᠠᠳᠠᠵᠤ᠂ ᠲᠡᠮᠡᠭᠡᠨ ᠬᠦᠵᠦᠭᠦᠨ ᠤᠭᠤᠲᠠᠨ ᠳ᠋ᠤ᠌ ᠪᠠᠨ ᠬᠢᠭᠡᠳ ᠳᠠᠬᠢᠨ ᠴᠠᠭᠠᠱᠢ ᠪᠠᠨ ᠶᠠᠪᠤᠪᠠ᠃ ᠶᠠᠪᠤᠭᠰᠠᠭᠠᠷ ᠪᠠᠢᠵᠤ ᠳᠣᠭᠰᠢᠨ ᠬᠠᠷ᠎ᠠ ᠯᠤᠤᠰ ᠤ᠋ᠨ ᠬᠠᠭᠠᠨ ᠤ᠋ ᠣᠷᠳᠣᠨ ᠤ ᠠᠷᠤ ᠳ᠋ᠤ᠌ ᠬᠦᠷᠪᠡ᠃ ᠡᠪᠦᠭᠡᠨ ᠳᠠᠯᠠᠨ ᠬᠤᠸᠠ ᠶ᠋ᠢᠨ ᠣᠷᠣᠢ ᠳᠡᠭᠡᠷ᠎ᠡ ᠭᠠᠷᠴᠤ᠄
《ᠪᠢ ᠬᠥᠮᠦᠨ ᠲᠥᠷᠥᠯᠬᠢᠲᠡᠨ ᠦ᠌ ᠵᠠᠨᠤᠯᠲᠤ ᠳᠠᠢᠰᠤᠨ ᠳᠣᠭᠰᠢᠨ ᠬᠠᠷ᠎ᠠ ᠯᠤᠤᠰ ᠤ᠋ᠨ ᠬᠠᠭᠠᠨ ᠢ᠋ ᠳᠠᠷᠤᠬᠤ ᠪᠠᠷ ᠢᠷᠡᠵᠡᠢ!》ᠭᠡᠵᠦ ᠲᠩᠷᠢ ᠭᠠᠵᠠᠷ ᠢ᠋ ᠳᠣᠷᠭᠢᠲᠠᠯ᠎ᠠ ᠯᠤᠤᠰ ᠤᠨ ᠵᠢᠷᠦᠬᠡ ᠶ᠋ᠢ ᠴᠡᠴᠡᠷᠡᠲᠡᠯ᠎ᠡ ᠬᠠᠰᠬᠢᠷᠪᠠ᠃ ᠶᠡᠬᠡᠮᠰᠦᠭ ᠵᠠᠩ ᠲᠠᠢ ᠳᠣᠭᠰᠢᠨ ᠬᠠᠷ᠎ᠠ ᠯᠤᠤᠰ ᠤ᠋ᠨ ᠬᠠᠭᠠᠨ ᠡᠪᠦᠭᠡᠨ ᠦ᠌ ᠬᠠᠰᠬᠢᠷᠤᠭᠰᠠᠨ ᠢ᠋ ᠰᠣᠨᠣᠰᠤᠭᠠᠳ᠄
《ᠥᠴᠦᠬᠡᠨ ᠠᠮᠢᠲᠠᠨ ᠴᠢ ᠢᠩᠭᠢᠵᠦ ᠠᠶᠤᠮᠱᠢᠭ ᠦᠭᠡᠢ ᠠᠭᠠᠱᠢᠯᠠᠪᠠᠯ ᠪᠢ ᠲᠦᠮᠡᠨ ᠬᠣᠨᠢ ᠲᠠᠯᠪᠢᠵᠤ ᠪᠤᠵᠢᠭᠢᠨᠠᠭᠰᠠᠨ ᠲᠣᠭᠣᠰᠣ ᠪᠠᠷ ᠨᠢ ᠴᠢᠮ᠎ᠠ ᠶ᠋ᠢ ᠳᠠᠷᠤᠵᠤ ᠠᠯᠠᠨ᠎ᠠ!》ᠭᠡᠳ ᠲᠦᠮᠡᠨ ᠬᠣᠨᠢ ᠪᠠᠨ ᠲᠠᠯᠪᠢᠵᠠᠢ᠃
ᠡᠪᠦᠭᠡᠨ ᠬᠠᠷᠠᠵᠤ ᠪᠠᠢᠲᠠᠯ᠎ᠠ ᠬᠣᠨᠢᠨ ᠰᠦᠷᠦᠭ ᠢᠷᠡᠪᠡ᠃ ᠲᠡᠮᠡᠭᠡᠨ ᠬᠦᠵᠦᠭᠦᠨ ᠤᠭᠤᠲᠠᠨ ᠠᠴᠠ ᠪᠡᠨ ᠴᠢᠨᠣ᠎ᠠ ᠪᠠᠨ ᠭᠠᠷᠭᠠᠪᠠ᠃ ᠴᠢᠨᠣ᠎ᠠ ᠶ᠋ᠢ ᠦᠵᠡᠭᠰᠡᠨ ᠬᠣᠨᠢ ᠳᠥᠷᠪᠡᠨ ᠵᠦᠭ ᠲᠦ᠍ ᠰᠠᠷᠨᠢᠨ ᠬᠠᠷᠠᠭᠳᠠᠬᠤ ᠦᠭᠡᠢ ᠪᠣᠯᠪᠠ᠃
ᠳᠣᠭᠰᠢᠨ ᠬᠠᠷ᠎ᠠ ᠯᠤᠤᠰ ᠤ᠋ᠨ ᠬᠠᠭᠠᠨ ᠡᠭᠦᠨ ᠢ᠋ ᠦᠵᠡᠭᠡᠳ ᠰᠠᠨᠳᠤᠷᠤᠨ᠄ 《ᠬᠠᠰᠠᠷ ᠬᠤᠰᠠᠷ ᠬᠣᠶᠠᠷ ᠨᠣᠬᠠᠢ ᠪᠠᠨ ᠲᠠᠯᠪᠢᠵᠤ ᠮᠠᠭᠤ ᠡᠪᠦᠭᠡᠨ ᠴᠢᠮ᠎ᠠ ᠶ᠋ᠢ ᠲᠠᠰᠤᠳᠠᠵᠤ ᠬᠠᠶᠠᠶ᠎ᠠ》ᠭᠡᠳ ᠬᠣᠶᠠᠷ ᠨᠣᠬᠠᠢ ᠪᠠᠨ ᠥᠭᠡᠳᠡ ᠡᠴᠡ ᠪᠡᠨ ᠲᠠᠯᠪᠢᠭᠠᠳ ᠬᠠᠭᠠᠨ ᠰᠡᠳᠬᠢᠯ ᠠᠭᠤᠵᠢᠷᠠᠨ ᠰᠠᠭᠤᠪᠠ᠃
ᠬᠠᠷᠠᠵᠤ ᠪᠠᠢᠲᠠᠯ᠎ᠠ ᠬᠣᠶᠠᠷ ᠨᠣᠬᠠᠢ ᠭᠦᠶᠦᠨ ᠢᠷᠡᠪᠡ᠃ ᠡᠪᠦᠭᠡᠨ ᠤᠭᠤᠲᠠᠨ ᠡᠴᠡ ᠪᠡᠨ ᠦᠨᠡᠭᠡ ᠶ᠋ᠢ ᠭᠠᠷᠭᠠᠭᠰᠠᠨ ᠳ᠋ᠤ᠌ ᠬᠠᠰᠠᠷ ᠬᠤᠰᠠᠷ ᠬᠣᠶᠠᠷ ᠨᠣᠬᠠᠢ ᠲᠡᠭᠦᠨ ᠢ᠋ ᠬᠥᠭᠡᠭᠡᠵᠦ ᠪᠠᠷ᠎ᠠ ᠨᠢ ᠴᠦ᠍ ᠦᠵᠡᠭᠳᠡᠬᠦ ᠪᠡᠨ ᠪᠣᠯᠢᠪᠠ᠃
ᠡᠭᠦᠨ ᠳ᠋ᠦ᠍ ᠳᠣᠭᠰᠢᠨ ᠬᠠᠷ᠎ᠠ ᠯᠤᠤᠰ ᠤ᠋ᠨ ᠬᠠᠭᠠᠨ ᠠᠷᠵᠠᠰᠬᠢᠵᠦ ᠡᠬᠢᠯᠡᠪᠡ᠃ ᠲᠡᠷᠡ ᠲᠦᠮᠡᠨ ᠴᠡᠷᠢᠭ ᠳᠠᠭᠠᠭᠤᠯᠵᠤ ᠡᠪᠦᠭᠡᠨ ᠢ᠋ ᠪᠦᠰᠡᠯᠡᠨ ᠳᠠᠭᠠᠷᠢᠵᠠᠢ᠃
ᠣᠳᠣᠢ ᠡᠪᠦᠭᠡᠨ ᠰᠠᠨᠳᠤᠷᠴᠤ ᠪᠠᠴᠢᠮᠳᠠᠭᠰᠠᠨ ᠴᠤ᠌ ᠦᠭᠡᠢ ᠪᠡᠷ ᠳᠣᠭᠰᠢᠨ ᠬᠠᠷ᠎ᠠ ᠯᠤᠤᠰ ᠤ᠋ᠨ ᠬᠠᠭᠠᠨ ᠤ᠋ ᠴᠡᠷᠢᠭ ᠦ᠋ᠳ ᠦ᠋ᠨ ᠳᠥᠭᠥᠨ ᠢᠷᠡᠬᠦ ᠶ᠋ᠢ ᠬᠦᠯᠢᠶᠡᠵᠦ ᠪᠠᠢᠵᠠᠢ᠃ ᠴᠡᠷᠢᠭ ᠦ᠋ᠳ ᠳᠥᠭᠥᠨ ᠢᠷᠡᠬᠦ ᠳ᠋ᠦ᠍ ᠲᠡᠮᠡᠭᠡᠨ ᠬᠦᠵᠦᠭᠦᠨ ᠤᠭᠤᠲᠠᠨ ᠳ᠋ᠠᠬᠢ ᠤᠰᠤ ᠪᠠᠨ ᠴᠢᠳᠬᠤᠭᠰᠠᠨ ᠳ᠋ᠤ᠌ ᠳᠣᠭᠰᠢᠨ ᠬᠠᠷ᠎ᠠ ᠯᠤᠤᠰ ᠤ᠋ᠨ ᠬᠠᠭᠠᠨ ᠪᠣᠯᠤᠨ ᠲᠡᠭᠦᠨ ᠦ᠌ ᠣᠷᠳᠣᠨ ᠬᠠᠷᠰᠢ ᠨᠢ ᠲᠩᠷᠢ ᠲᠤᠯᠤᠭᠰᠠᠨ ᠶᠡᠬᠡ ᠤᠰᠤᠨ ᠳᠠᠪᠠᠯᠭᠠᠨ ᠳ᠋ᠤ᠌ ᠤᠷᠤᠰᠤᠨ ᠠᠯᠠᠭ᠎ᠠ ᠪᠣᠯᠵᠠᠢ᠃
ᠲᠡᠭᠦᠨ ᠡᠴᠡ ᠬᠣᠢᠰᠢ ᠳᠣᠭᠰᠢᠨ ᠬᠠᠷ᠎ᠠ ᠯᠤᠤᠰ ᠤ᠋ᠨ ᠬᠠᠭᠠᠨ ᠡᠬᠡ ᠭᠠᠵᠠᠷ ᠳᠡᠭᠡᠷ᠎ᠡ ᠭᠠᠷᠴᠤ ᠳᠤᠷ᠎ᠠ ᠪᠠᠷ ᠢᠶᠠᠨ ᠠᠭᠠᠱᠢᠯᠠᠬᠤ ᠪᠠᠨ ᠪᠣᠯᠢᠭᠠᠳ ᠤᠰᠤᠨ ᠳᠤ ᠠᠮᠢᠳᠤᠷᠠᠬᠤ ᠪᠣᠯᠤᠭᠰᠠᠨ ᠶᠤᠮ ᠭᠡᠨ᠎ᠡ᠃
