ᠬᠡᠦᠬᠡᠳ ᠦᠨ ᠰᠡᠳᠬᠢᠯ – ᠤ᠂ ᠴᠣᠯᠮᠣᠨ Хүүхдийн сэтгэл – О ᠂ Цолмон
ᠬᠡᠦᠬᠡᠳ ᠦᠨ ᠰᠡᠳᠬᠢᠯ ᠁
ᠬᠥᠮᠦᠨ ᠦ᠌ ᠣᠷᠴᠢᠯᠠᠩ ᠳ᠋ᠤ᠌ ᠬᠡᠦᠬᠡᠳ ᠦ᠋ᠨ ᠰᠡᠳᠬᠢᠯ ᠬᠠᠮᠤᠭ ᠠ᠋ᠴᠠ ᠬᠥᠭᠡᠷᠦᠬᠦᠢ ᠃
ᠦᠨᠡᠨ ᠬᠥᠭᠡᠷᠦᠬᠦᠢ !
ᠳᠡᠭᠳᠡᠵᠦ ᠪᠠᠢᠭ᠎ᠠ ᠨᠠᠷᠠ ᠶ᠋ᠢ ᠵᠢᠭᠠᠭᠠᠳ ᠳᠡᠪᠡᠭᠡᠷᠴᠦ ᠢᠷᠡᠭᠡᠳ ᠪᠠᠶᠠᠷᠯᠠᠯᠴᠠᠨᠠ ᠂ ᠳᠡᠪᠳᠡᠷᠢᠵᠦ ᠪᠠᠢᠭ᠎ᠠ ᠠᠩᠭᠠᠬᠠᠢ ᠪᠠᠷᠢᠭᠠᠳ ᠦᠰᠦᠷᠦᠭᠡᠳ ᠢᠨᠢᠶᠡᠴᠢᠨᠡ᠂ ᠳᠡᠯᠭᠡᠷᠡᠵᠦ ᠪᠠᠢᠭ᠎ᠠ ᠴᠣᠮᠣᠷᠯᠢᠭ ᠢ᠋ ᠦᠵᠡᠭᠡᠳ ᠳᠡᠷᠭᠡᠳᠡ ᠨᠢ ᠵᠣᠭᠰᠣᠭᠠᠳ ᠮᠦᠰᠢᠶᠡᠴᠢᠨᠡ ᠁
ᠬᠥᠮᠦᠨ ᠦ᠌ ᠣᠷᠴᠢᠯᠠᠩ ᠳ᠋ᠤ᠌ ᠬᠡᠦᠬᠡᠳ ᠦ᠋ᠨ ᠰᠡᠳᠬᠢᠯ ᠯᠡ ᠬᠥᠭᠡᠷᠦᠬᠦᠢ
ᠦᠨᠡᠨ ᠬᠥᠭᠡᠷᠦᠬᠦᠢ ᠳᠡ!
ᠲᠠᠯ᠎ᠠ ᠶ᠋ᠢᠨ ᠴᠡᠴᠡᠭ ᠳᠡᠯᠭᠡᠷᠡᠬᠦ ᠦᠭᠡᠢ ᠭᠡᠳ ᠵᠠᠬ᠎ᠠ ᠳ᠋ᠤ᠌ ᠬᠠᠷᠠᠭᠠᠳ ᠣᠬᠢᠯᠠᠴᠢᠬᠠᠨᠠ ᠂ ᠴᠠᠭᠠᠰᠤᠨ ᠰᠢᠪᠠᠭᠤ ᠪᠠᠨ ᠠᠯᠳᠠᠯ᠎ᠠ ᠭᠡᠳ ᠬᠣᠢᠨ᠎ᠠ ᠠ᠋ᠴᠠ ᠨᠢ ᠰᠢᠷᠲᠡᠭᠡᠳ ᠬᠠᠷᠠᠮᠰᠠᠴᠢᠨᠠ ᠂ ᠡᠷᠪᠡᠬᠡᠢ ᠶ᠋ᠢ ᠠᠢᠯᠤ ᠭᠡᠳ ᠬᠤᠷᠤᠭᠤ ᠪᠠᠷ ᠢ᠋ᠶ᠋ᠠᠨ ᠵᠢᠭᠠᠭᠠᠳ ᠡᠯᠡᠭᠯᠡᠴᠢᠬᠡᠨᠡ ᠃ ᠬᠠᠯᠲᠠᠷ ᠳᠠᠭ᠎ᠠ ᠳ᠋ᠠᠭᠠᠨ ᠬᠠᠶᠠᠭᠳᠠᠯᠠ ᠭᠡᠳ ᠬᠠᠮᠲᠤ ᠨᠠᠢᠵᠢ ᠠ᠋ᠴᠠ ᠪᠠᠨ ᠢᠴᠢᠴᠢᠨᠡ ᠁
ᠬᠡᠦᠬᠡᠳ ᠦ᠋ᠨ ᠰᠡᠳᠬᠢᠯ ᠬᠥᠭᠡᠷᠦᠬᠦᠢ !
ᠦᠨᠡᠨ ᠬᠥᠭᠡᠷᠦᠬᠦᠢ !
2
ᠬᠥᠮᠦᠨ ᠦ᠌ ᠣᠷᠴᠢᠯᠠᠩ ᠳ᠋ᠤ᠌ ᠬᠡᠦᠬᠡᠳ ᠦ᠋ᠨ ᠰᠡᠳᠬᠢᠯ ᠯᠡ ᠬᠥᠭᠡᠷᠦᠬᠦᠢ ᠬᠠᠮᠤᠭ ᠠ᠋ᠴᠠ ᠬᠥᠭᠡᠷᠦᠬᠦᠢ !
ᠬᠠᠢᠷ᠎ᠠ ᠨᠠᠢᠷ ᠦᠭᠡᠢ ᠠᠮᠢᠳᠤᠷᠠᠯ ᠤ᠋ᠨ ᠴᠣᠬᠣᠷ ᠬᠢᠷᠠᠭᠤ ᠠᠯᠢᠨ ᠳ᠋ᠤᠨᠢ ᠪᠣᠯᠪᠠᠴᠤ ᠲᠠᠭᠤᠭᠰᠠᠨ ᠦᠭᠡᠢ ᠤᠴᠢᠷ ᠂ ᠬᠠᠯᠠ ᠲᠠᠮᠤ ᠲᠠᠢ ᠠᠮᠢᠳᠤᠷᠠᠯ ᠤ᠋ᠨ ᠵᠠᠮ ᠳᠡᠭᠡᠷ᠎ᠡ ᠠᠯᠢ ᠨᠢ ᠪᠣᠯᠪᠠᠴᠤ ᠲᠥᠭᠡᠷᠢᠭᠰᠡᠨ ᠦᠭᠡᠢ ᠤᠴᠢᠷ ᠂ ᠰᠡᠳᠬᠢᠯ ᠨᠢ ᠠᠯᠠᠭ ᠦᠭᠡᠢ ᠬᠥᠭᠡᠷᠦᠬᠦᠢ! ᠰᠠᠨᠠᠭ᠎ᠠ ᠨᠢ ᠬᠬᠢᠷ ᠦᠭᠡᠢ ᠬᠥᠭᠡᠷᠦᠬᠦᠢ!
3
ᠬᠡᠦᠬᠡᠳ ᠦ᠋ᠨ ᠰᠡᠳᠬᠢᠯ ᠦᠨᠡᠨ ᠬᠥᠭᠡᠷᠦᠬᠦᠢ !
ᠴᠡᠯᠭᠡᠷᠡᠵᠦ ᠪᠠᠢᠭ᠎ᠠ ᠠᠷᠤ ᠶ᠋ᠢᠨ ᠭᠣᠪᠢ ᠳ᠋ᠤ᠌ ᠴᠠᠬᠢᠷᠮ᠎ᠠ ᠪᠠᠷ ᠬᠦᠷᠦᠭᠰᠡᠨ ᠲᠠᠰᠢᠭᠤᠷ ᠢ᠋ᠶ᠋ᠠᠨ ᠭᠡᠭᠡᠬᠦ ᠶ᠋ᠢᠨ ᠦᠶ᠎ᠡ ᠳ᠋ᠦ᠍ ᠴᠠᠭᠠᠨ ᠰᠡᠳᠬᠢᠯ ᠢ᠋ᠶ᠋ᠡᠨ ᠳᠣᠲᠣᠷ᠎ᠠ ᠨᠢ ᠪᠤᠤ ᠭᠡᠭᠡᠴᠢᠬᠡ ᠳᠡ ᠁
4
ᠬᠥᠮᠦᠨ ᠦ᠌ ᠶᠢᠷᠲᠢᠨᠴᠦ ᠳ᠋ᠦ᠍ ᠬᠡᠦᠬᠡᠳ ᠦ᠋ᠨ ᠰᠥᠭᠡᠯ ᠯᠡ ᠬᠥᠭᠡᠷᠦᠬᠦᠢ!
ᠰᠢᠬᠢᠷ ᠢᠳᠡᠨ᠎ᠡ ᠭᠡᠳ ᠤᠬᠢᠯᠠᠴᠢᠨᠠ᠃ ᠨᠠᠭᠠᠳᠤᠮ ᠦᠭᠬᠦᠯ᠎ᠡ ᠭᠡᠳ ᠢᠨᠢᠶᠡᠴᠢᠨᠡ᠃ ᠬᠡᠦᠬᠡᠳ ᠦ᠋ᠨ ᠰᠡᠳᠬᠢᠯ ᠢ᠋ᠶ᠋ᠡᠨ ᠭᠡᠭᠡᠭᠰᠡᠨ ᠦᠭᠡᠢ ᠴᠦ᠍ ᠪᠣᠯᠤᠭᠠᠰᠠᠢ ᠪᠢ ! ᠴᠢᠩᠭᠢᠪᠡᠯ ᠬᠥᠮᠦᠨ ᠦ᠌ ᠣᠷᠴᠢᠯᠠᠩ ᠤ᠋ᠨ ᠬᠥᠭᠡᠷᠦᠬᠦᠢ ᠪᠢᠰᠢᠦ ? ᠬᠡᠦᠬᠡᠳ ᠦ᠋ᠨ ᠰᠡᠳᠬᠢᠯ ᠯᠡ ᠬᠥᠭᠡᠷᠦᠬᠦᠢ !ᠦᠨᠡᠨ ᠬᠥᠭᠡᠷᠦᠬᠦᠢ ! ᠁
