ᠤᠤᠬᠠᠢУухайUuhai ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠤᠬᠠᠢУухайUuhai

ᠤᠤᠬᠠᠢУухайUuhai

2023-07-04

815

《ᠤᠨᠤᠨ》ᠬᠡᠦᠬᠡᠳ ᠪᠥᠵᠢᠭ

ᠳᠡᠯᠡᠬᠡᠢ ᠬᠠᠮᠲᠤᠯᠢᠭ

ᠤᠤᠬᠠᠢ

   ᠠᠶ᠎ᠠ᠄ ᠭ∙ ᠣᠨᠣᠨ 

   ᠦᠭᠡ᠄ ᠬ∙ ᡀᠠᠭᠪᠠᠰᠦ᠋ᠷᠦᠩ 

   ᠳᠠᠭᠤᠴᠢᠨ᠄ ᠳᠡᠯᠡᠬᠡᠢ ᠬᠠᠮᠲᠤᠯᠢᠭ 

   ᠪᠥᠵᠢᠭᠴᠢᠨ᠄ ᠥᠪᠥᠷ ᠮᠣᠩᠭᠣᠯ ᠤᠨ《ᠤᠨᠤᠨ》ᠬᠡᠦᠬᠡᠳ ᠦᠨ ᠤᠷᠠᠯᠢᠭ ᠤᠨ ᠰᠤᠷᠭᠠᠭᠤᠯᠢ ᠶᠢᠨ ᠪᠢᠴᠢᠬᠠᠨ ᠤᠷᠠᠯᠢᠭ᠍ᠴᠢᠳ 

ᠤᠤᠬᠠᠢ 

ᠤᠶᠠᠬᠠᠨ ᠽᠠᠮᠪᠤᠲᠢᠪ ‍ᠤᠨ ᠨᠠᠷᠠ ᠎ᠪᠠᠨ ᠳᠠᠭᠤᠯᠠᠳᠠᠭ ᠬᠦᠮᠦᠨ ᠦ ᠦᠷ᠎ᠡ ᠰᠢᠦ ᠳ᠋ᠡ 

ᠠᠭᠤᠯᠠ ᠤᠰᠤ ᠪᠠᠨ ᠳᠡᠭᠡᠳᠦᠯᠡᠨ ᠥᠰᠦᠭᠰᠡᠨ ᠤᠬᠠᠭᠠᠨ ᠰᠠᠷᠠᠭᠤᠯ ᠮᠣᠩᠭᠣᠯ ᠬᠦᠮᠦᠨ ᠰᠢᠦ ᠳ᠋ᠡ 

ᠤᠶᠠᠩᠭᠠᠲᠤ ᠮᠣᠷᠢᠨ ᠬᠤᠭᠤᠷ ᠤᠨ ᠡᠭᠡᠰᠢᠭ ᠲᠦ ᠤᠶᠠᠷᠠᠵᠤ ᠲᠣᠷᠨᠢᠭᠰᠠᠨ ᠬᠦᠮᠦᠨ ᠦ ᠦᠷ᠎ᠡ ᠰᠢᠦ ᠳ᠋ᠡ 

ᠠᠭᠤᠳᠠᠮ ᠰᠠᠨᠰᠠᠷ ᠲᠤ ᠠᠶᠠᠯᠠᠭᠠᠳ ᠢᠷᠡᠭᠰᠡᠨ ᠤᠳᠤᠮ ᠰᠤᠳᠤᠷᠲᠤ ᠮᠣᠩᠭᠣᠯ ᠬᠦᠮᠦᠨ ᠰᠢᠦ ᠳ᠋ᠡ 

ᠤᠤᠬᠠᠢ 

ᠳᠠᠶᠠᠭᠠᠷ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠳᠠᠶᠠᠩ ᠳᠡᠯᠡᠬᠡᠢ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ

ᠪᠣᠮᠨᠨ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠪᠤᠭᠤᠷᠤᠯ ᠬᠣᠷᠸ᠎ᠠ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ


ᠡᠨᠡ ᠶᠢᠷᠲᠢᠨᠴᠦ ᠶᠢᠨ ᠵᠢᠮ᠎ᠠ ᠶᠢ ᠡᠷᠲᠡᠨ ᠡᠴᠡ ᠲᠠᠨᠢᠭᠰᠠᠨ ᠬᠦᠮᠦᠨ ᠦ ᠦᠷ᠎ᠡ ᠰᠢᠦ ᠳ᠋ᠡ

ᠡᠪᠲᠡᠢ ᠬᠦᠮᠦᠨ ᠪᠦᠲᠦᠭᠡᠳᠡᠭ ᠢ ᠡᠬᠢᠯᠡᠵᠦ ᠦᠵᠡᠭᠰᠡᠨ ᠮᠣᠩᠭᠣᠯ ᠬᠦᠮᠦᠨ ᠰᠢᠦ ᠳ᠋ᠡ

ᠡᠷᠬᠡ ᠶᠢ ᠰᠤᠷᠬᠤ ᠪᠠᠷ ᠪᠡᠷᠬᠡ ᠶᠢ ᠰᠤᠷᠭᠠᠳᠠᠭ ᠡᠷᠳᠡᠮ ᠣᠶᠤᠨᠲᠤ ᠬᠥᠮᠦᠨ ‍ᠦ ᠦᠷ᠎ᠡ ᠰᠢᠦ ᠳ᠋ᠠ

ᠡᠷᠡᠯᠬᠡᠭ ᠳᠠᠢᠴᠢᠨ ᠲᠡᠦᠬᠡ ᠲᠡᠢ ᠡᠵᠡᠨ ᠴᠢᠩᠭᠢᠰ ᠦᠨ ᠮᠣᠩᠭᠣᠯ ᠬᠦᠮᠦᠨ ᠰᠢᠦ ᠳ᠋ᠡ

ᠤᠤᠬᠠᠢ

ᠳᠠᠶᠠᠭᠠᠷ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠳᠠᠶᠠᠩ ᠳᠡᠯᠡᠬᠡᠢ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ

ᠪᠣᠮᠨᠨ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠪᠤᠭᠤᠷᠤᠯ ᠬᠣᠷᠸ᠎ᠠ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ


ᠣᠷᠴᠢᠯᠠᠩ ᠳᠡᠯᠡᠬᠡᠢ ᠶᠢ ᠮᠥᠩᠬᠡᠳᠡ ᠢᠪᠡᠭᠡᠭᠴᠢ ᠳᠡᠭᠡᠳᠦ ᠶᠢᠨ ᠭᠡᠷᠡᠯ ᠨᠢ ᠠᠯᠲᠠᠨ ᠨᠠᠷᠠᠨ ᠰᠢᠦ ᠳ᠋ᠡ

ᠣᠯᠠᠨ ᠲᠦᠮᠡᠨ ᠬᠥᠮᠥᠨ ᠦ ᠣᠷᠣᠢ ᠶᠢᠨ ᠴᠢᠮᠡᠭ ᠨᠢ ᠴᠢᠩᠭᠢᠰ ᠬᠠᠭᠠᠨ ᠰᠢᠦ ᠳ᠋ᠡ

ᠤᠤᠬᠠᠢ

ᠳᠠᠶᠠᠭᠠᠷ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠳᠠᠶᠠᠩ ᠳᠡᠯᠡᠬᠡᠢ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ

ᠪᠣᠮᠨᠨ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠪᠤᠭᠤᠷᠤᠯ ᠬᠣᠷᠸ᠎ᠠ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ


ᠪᠣᠭᠳᠠ ᠴᠢᠩᠭᠢᠰ ᠦᠨ ᠪᠢᠯᠢᠭ ᠤᠬᠠᠭᠠᠨ ᠤᠤᠬᠠᠢ ᠤᠤᠬᠠᠢ

ᠪᠣᠮᠨᠨ ᠴᠡᠷᠢᠭ ᠦᠨ ᠰᠦᠷᠯᠢᠭ ᠲᠦᠷᠡᠯᠭᠡ ᠤᠤᠬᠠᠢ ᠤᠤᠬᠠᠢ

ᠳᠠᠶᠠᠭᠠᠷ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠳᠠᠶᠠᠩ ᠳᠡᠯᠡᠬᠡᠢ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ

ᠪᠣᠮᠨᠨ ᠣᠯᠠᠨ ᠮᠣᠩᠭᠣᠯᠴᠤᠳ ᠮᠢᠨᠢ ᠤᠤᠬᠠᠢ ᠤᠤᠬᠠᠢ

ᠪᠤᠭᠤᠷᠤᠯ ᠬᠣᠷᠸ᠎ᠠ ᠶᠢ ᠬᠠᠢᠷᠠᠯᠠᠵᠤ ᠶᠠᠪᠤᠶ᠎ᠠ ᠤᠤᠬᠠᠢ ᠤᠤᠬᠠᠢ