ᠮᠣᠩᠭᠣᠯᠴᠤᠳ ᠤ᠋ᠨ ᠭᠠᠯ ᠲᠠᠬᠢᠬᠤ ᠶᠣᠰᠣМонголчуудын гал тахих ёс
ᠮᠣᠩᠭᠣᠯᠴᠤᠳ ᠤ᠋ᠨ ᠭᠠᠯ ᠲᠠᠬᠢᠬᠤ ᠶᠣᠰᠣ
ᠭᠠᠯ ᠲᠠᠬᠢᠬᠤ ᠢᠷᠦᠭᠡᠯ
ᠮᠣᠩᠭᠣᠯᠴᠤᠳ ᠡᠷᠲᠡ ᠢᠵᠠᠭᠤᠷ ᠠ᠋ᠴᠠ ᠪᠠᠨ ᠭᠠᠯ ᠢ᠋ᠶ᠋ᠠᠨ ᠳᠠᠬᠢᠬᠤ ᠵᠠᠩᠰᠢᠯ ᠲᠠᠢ ᠪᠠᠢᠵᠠᠢ᠃ ᠣᠷᠣᠨ ᠨᠤᠲᠤᠭ ᠤ᠋ᠨ ᠴᠢᠨᠠᠷᠲᠠᠢ ᠲᠠᠬᠢᠯᠭ᠎ᠠ ᠪᠠᠢᠳᠠᠭ ᠪᠣᠯᠪᠠᠴᠤ ᠶᠡᠬᠡ ᠲᠥᠰᠥᠪ ᠠᠳᠠᠯᠢᠬᠠᠨ ᠪᠠᠢᠳᠠᠭ᠃ ᠡᠪᠦᠯᠵᠢᠨ ᠰᠠᠷ᠎ᠠ ᠶ᠋ᠢᠨ ᠬᠣᠷᠢᠨ ᠭᠤᠷᠪᠠᠨ᠂ ᠬᠣᠷᠢᠨ ᠳᠥᠷᠪᠡᠨ ᠦ᠌ ᠲᠠᠬᠢᠯᠭ᠎ᠠ ᠪᠣᠯ ᠬᠠᠮᠤᠭ ᠤ᠋ᠨ ᠲᠦᠭᠡᠮᠡᠯ ᠬᠠᠮᠤᠭ ᠤ᠋ᠨ ᠴᠢᠬᠤᠯᠠ ᠲᠠᠬᠢᠯᠭ᠎ᠠ ᠪᠣᠯᠤᠨ᠎ᠠ᠃
ᠭᠠᠯ ᠤ᠋ᠨ ᠲᠠᠬᠢᠯᠭ᠎ᠠ ᠶ᠋ᠢᠨ ᠦᠢᠯᠡ ᠬᠡᠷᠡᠭ ᠪᠣᠯ ᠦᠷᠡᠰ ᠦ᠋ᠨ ᠥᠷᠭᠥᠭᠡ ᠭᠡᠷ ᠦ᠋ᠨ ᠭᠠᠯ ᠭᠣᠯᠣᠮᠲᠠ ᠶ᠋ᠢ ᠥᠨᠳᠥᠷ ᠲᠩᠷᠢ ᠳ᠋ᠦ᠍ ᠣᠷᠣᠰᠢᠬᠤ ᠤᠳᠤᠮ ᠤ᠋ᠨ ᠭᠠᠯ ᠭᠣᠯᠣᠮᠲᠠ ᠲᠠᠢ ᠡᠷᠴᠢᠮ ᠦ᠋ᠨ ᠬᠣᠯᠪᠣᠭᠠᠰᠤ ᠪᠠᠷ ᠬᠣᠯᠪᠣᠬᠤ ᠵᠣᠷᠢᠯᠭ᠎ᠠ ᠲᠠᠢ ᠬᠢᠳᠡᠭ᠃ ᠭᠠᠯ ᠤ᠋ᠨ ᠶᠡᠬᠡ ᠲᠠᠬᠢᠯᠭ᠎ᠠ ᠶ᠋ᠢᠨ ᠨᠠᠮᠤᠷ ᠬᠠᠪᠤᠷ ᠲᠤ᠌ ᠪᠠᠨ ᠤᠯᠠᠭᠠᠴᠢ ᠬᠥᠮᠦᠨ ᠵᠠᠪᠠᠯ ᠳᠦᠭᠦᠷᠭᠡᠬᠦ ᠤᠴᠢᠷᠲᠠᠢ᠃ ᠢᠩᠭᠢᠭᠰᠡᠨ ᠢ᠋ᠶ᠋ᠡᠷ ᠢ᠋ᠶ᠋ᠡᠨ ᠦᠷᠡᠰ ᠦ᠋ᠨ ᠪᠣᠯᠬᠤ ᠦᠭᠡᠢ ᠪᠠᠢᠭ᠎ᠠ ᠦᠢᠯᠡ ᠬᠡᠷᠡᠭ᠂ ᠤᠳᠤᠮ ᠤᠭᠰᠠᠭᠠᠨ ᠳ᠋ᠤ᠌ ᠥᠷᠨᠢᠨ ᠪᠠᠢᠭ᠎ᠠ ᠦᠢᠯᠡ ᠬᠡᠷᠡᠭ ᠢ᠋ ᠴᠡᠭᠴᠡᠯᠡᠨ ᠤᠳᠤᠮ ᠤᠭᠰᠠᠭᠠᠨ ᠤ᠋ ᠦᠷᠡᠰ ᠦ᠋ᠨ ᠠᠵᠢᠯ ᠦᠢᠯᠡᠰ᠂ ᠬᠡᠰᠢᠭ ᠪᠤᠶᠠᠨ ᠢ᠋ ᠳᠡᠯᠭᠡᠷᠡᠭᠦᠯᠦᠨ ᠠᠷᠪᠢᠳᠠᠭᠤᠯᠬᠤ᠂ ᠰᠠᠭᠠᠳ ᠲᠣᠳᠬᠠᠷ ᠢ᠋ ᠠᠷᠢᠯᠭᠠᠬᠤ ᠦᠢᠯᠡᠰ ᠢ᠋ᠶ᠋ᠡᠨ ᠥᠷᠨᠢᠭᠦᠯᠳᠡᠭ᠃ ᠬᠠᠮᠤᠭ ᠤ᠋ᠨ ᠲᠦᠷᠦᠭᠦᠨ ᠳ᠋ᠦ᠍ ᠥᠷᠭᠥᠭᠡ ᠭᠡᠷ ᠦ᠋ᠨ ᠪᠣᠯᠤᠨ ᠤᠳᠤᠮ ᠤ᠋ᠨ ᠪᠦᠬᠦᠢᠯᠡ ᠦᠷᠡᠰ ᠢ᠋ ᠤᠴᠠᠷᠠᠭᠤᠯᠤᠨ ᠨᠢᠭᠡᠳᠦᠭᠦᠯᠦᠭᠰᠡᠨ ᠪᠠᠢᠬᠤ ᠬᠡᠷᠡᠭᠲᠡᠢ ᠪᠠᠢᠳᠠᠭ᠃ ᠤᠳᠤᠮ ᠤᠭᠰᠠᠭᠠᠨ ᠤ᠋ ᠭᠠᠯ ᠤ᠋ᠨ ᠲᠠᠬᠢᠯᠭ᠎ᠠ ᠪᠣᠯ ᠤᠳᠤᠮ ᠤ᠋ᠨ ᠪᠦᠬᠦᠢᠯᠡ ᠦᠷᠡᠰ ᠢ᠋ ᠨᠢᠭᠡᠳᠦᠭᠦᠯᠦᠨ᠎ᠡ᠃ ᠥᠷᠭᠥᠭᠡ ᠭᠡᠷ ᠦ᠋ᠨ ᠬᠢ ᠪᠣᠯ ᠲᠤᠬᠠᠢ ᠶ᠋ᠢᠨ ᠭᠡᠷ ᠦ᠋ᠨ ᠪᠦᠬᠦᠢᠯᠡ ᠭᠠᠯ ᠤ᠋ᠨ ᠲᠠᠬᠢᠯᠭᠠᠨ ᠳ᠋ᠤ᠌ ᠡᠵᠡᠨ ᠪᠡᠶ᠎ᠡ ᠪᠡᠷ ᠢ᠋ᠶ᠋ᠡᠨ ᠣᠷᠣᠯᠴᠠᠨ᠎ᠠ᠃ ᠡᠳᠡᠭᠡᠷ ᠢ᠋ ᠴᠤᠭᠯᠠᠭᠤᠯᠤᠨ ᠬᠤᠷᠠᠭᠤᠯᠵᠤ ᠭᠠᠯ ᠤ᠋ᠨ ᠶᠡᠬᠡ ᠡᠵᠡᠳ ᠲᠦ᠍ ᠪᠡᠨ ᠪᠠᠭᠤᠯᠭᠠᠨ ᠭᠠᠯ ᠤ᠋ᠨ ᠶᠡᠬᠡ ᠲᠠᠬᠢᠯᠭ᠎ᠠ ᠪᠠᠨ ᠬᠢᠨ᠎ᠡ᠃
1᠂ ᠭᠠᠯ ᠭᠣᠯᠣᠮᠲᠠ ᠪᠠᠨ ᠲᠠᠬᠢᠵᠤ ᠪᠠᠢᠭ᠎ᠠ ᠦᠷᠡᠰ ᠢ᠋ ᠨᠡᠷ᠎ᠡ ᠠᠯᠳᠠᠷ ᠢ᠋ ᠨᠢ ᠭᠠᠯ ᠤ᠋ᠨ ᠶᠡᠬᠡ ᠡᠵᠡᠳ ᠲᠦ᠍ ᠪᠡᠨ ᠲᠠᠨᠢᠭᠤᠯᠳᠠᠭ᠃ ᠲᠡᠢᠮᠦ ᠡᠴᠡ ᠪᠦᠬᠦᠢᠯᠡ ᠦᠷᠡᠰ ᠭᠠᠯ ᠭᠣᠯᠣᠮᠲᠠ ᠶ᠋ᠢᠨ ᠶᠡᠬᠡ ᠰᠠᠭᠤᠷᠢᠨ ᠳ᠋ᠤ᠌ ᠢᠷᠣᠭᠠᠷ ᠲᠤ᠌ ᠨᠠᠷᠠᠰᠤ ᠪᠠᠨ ᠰᠢᠪᠰᠢᠭᠰᠡᠨ ᠰᠢᠷ᠎ᠠ ᠲᠣᠰᠣ ᠶ᠋ᠢ ᠲᠠᠯᠪᠢᠨ᠎ᠠ᠃
2᠂ ᠲᠡᠭᠦᠳᠡᠭ ᠢ᠋ᠶ᠋ᠡᠨ ᠨᠣᠶᠠᠨ ᠪᠠᠷᠠᠭᠤᠨ ᠲᠠᠯ᠎ᠠ ᠠ᠋ᠴᠠ ᠨᠢ ᠬᠠᠲᠤᠨ ᠵᠡᠭᠦᠨ ᠲᠠᠯ᠎ᠠ ᠠ᠋ᠴᠠ ᠨᠢ ᠪᠠᠳᠠᠷᠠᠭᠠᠨ᠎ᠠ᠂ ᠢᠩᠭᠢᠵᠦ ᠪᠠᠳᠠᠷᠠᠭᠠᠬᠤ ᠪᠠᠷ ᠭᠠᠯ ᠤ᠋ᠨ ᠶᠡᠬᠡ ᠡᠵᠡᠳ ᠢ᠋ ᠤᠷᠢᠨ ᠳᠠᠭᠤᠳᠠᠵᠤ᠂ ᠭᠠᠯ ᠤ᠋ᠨ ᠡᠵᠡᠳ ᠢ᠋ ᠰᠠᠭᠤᠯᠭᠠᠨ ᠪᠠᠭᠤᠯᠭᠠᠵᠤ᠂ ᠲᠡᠳᠡᠨ ᠢ᠋ ᠲᠡᠳᠬᠦᠨ ᠦᠢᠯᠡ ᠬᠡᠷᠡᠭ ᠢ᠋ᠶ᠋ᠡᠨ ᠡᠬᠢᠯᠡᠭᠦᠯᠦᠨ᠎ᠡ᠃
3᠂ ᠲᠩᠷᠢ ᠳ᠋ᠦ᠍ ᠪᠠᠢᠭ᠎ᠠ ᠤᠳᠤᠮ ᠤᠭᠰᠠᠭᠠᠨ ᠤ᠋ ᠪᠣᠯᠤᠨ ᠭᠠᠯ ᠭᠣᠯᠣᠮᠲᠠ ᠶ᠋ᠢᠨ ᠡᠵᠡᠳ ᠲᠡᠢ ᠪᠡᠨ ᠲᠡᠭᠦᠳᠡᠭ ᠢ᠋ᠶ᠋ᠡᠨ ᠬᠣᠯᠪᠣᠨ ᠬᠡᠰᠢᠭ ᠪᠤᠶᠠᠨ ᠢ᠋ᠶ᠋ᠠᠨ ᠳᠠᠭᠤᠳᠠᠨ ᠳᠠᠯᠠᠯᠤᠨ᠎ᠠ᠃
4᠂ ᠬᠡᠰᠢᠭ ᠪᠤᠶᠠᠨ ᠢ᠋ᠶ᠋ᠠᠨ ᠲᠣᠰᠴᠤ ᠠᠪᠬᠤ ᠶ᠋ᠢᠨ ᠲᠤᠯᠠᠳᠠ ᠭᠠᠯ ᠭᠣᠯᠣᠮᠲᠠ ᠶ᠋ᠢᠨ ᠶᠡᠬᠡ ᠡᠵᠡᠳ ᠢ᠋ ᠬᠥᠭᠵᠢᠶᠡᠨ ᠪᠡᠶᠡᠰᠦᠨ ᠳᠠᠮᠨᠠᠵᠤ ᠬᠥᠭ ᠠᠶᠠᠯᠭᠤ᠂ ᠪᠥᠵᠢᠭ ᠨᠠᠭᠠᠳᠤᠮ ᠤ᠋ᠨ ᠦᠢᠯᠡᠳᠦᠨ᠎ᠡ᠃ ᠢᠷᠦᠭᠡᠯ ᠮᠠᠭᠲᠠᠭᠠᠯ ᠢ᠋ᠶ᠋ᠠᠨ ᠠᠢᠯᠠᠳᠤᠨ᠎ᠠ᠃ ᠡᠨᠡ ᠦᠶ᠎ᠡ ᠳ᠋ᠦ᠍ ᠭᠠᠯ ᠭᠣᠯᠣᠮᠲᠠ ᠶ᠋ᠢᠨ ᠡᠵᠡᠳ ᠤᠯᠠᠭᠠᠴᠢ ᠦᠷᠡᠰ ᠲᠦ᠍ ᠪᠠᠭᠤᠵᠤ ᠢᠷᠡᠨ᠎ᠡ᠃ ᠪᠠᠭᠤᠵᠤ ᠢᠷᠡᠬᠦ ᠦᠭᠡᠢ ᠴᠦ᠍ ᠪᠠᠢᠵᠤ ᠪᠣᠯᠤᠨ᠎ᠠ᠃
5᠂ ᠲᠡᠷᠡ ᠭᠠᠯ ᠭᠣᠯᠣᠮᠲᠠᠳ ᠶᠠᠮᠠᠷ ᠶᠠᠮᠠᠷ ᠢᠳᠡᠭᠡ ᠶ᠋ᠢ ᠬᠡᠷᠬᠢᠨ ᠡᠷᠭᠦᠨ ᠪᠠᠷᠢᠵᠤ ᠪᠠᠢᠨ᠎ᠠ᠃ ᠡᠷᠭᠦᠵᠦ ᠪᠠᠢᠭ᠎ᠠ ᠡᠳ᠋ ᠢ᠋ᠶ᠋ᠡᠨ ᠦᠷᠡᠰ ᠪᠦᠷ ᠬᠤᠪᠢᠶᠠᠵᠤ ᠣᠪᠣᠭ ᠨᠡᠷ᠎ᠡ ᠪᠡᠨ ᠰᠢᠪᠰᠢᠨ ᠬᠡᠨ ᠭᠡᠳᠡᠭ ᠡᠵᠡᠨ ᠳ᠋ᠦ᠍ ᠶᠠᠭᠤ ᠶ᠋ᠢ ᠶᠠᠭᠠᠬᠢᠭᠠᠳ ᠡᠷᠭᠦᠵᠦ ᠪᠠᠢᠭ᠎ᠠ ᠪᠠᠨ ᠠᠢᠯᠠᠳᠤᠨ ᠡᠷᠭᠦᠭᠦᠯᠦᠨᠡ᠃ ᠬᠡᠰᠢᠭ ᠪᠤᠶᠠᠨ ᠳᠠᠭᠤᠳᠠᠬᠤ ᠦᠷ᠎ᠡ᠂ ᠦᠢᠯᠡ ᠬᠡᠷᠡᠭ ᠮᠠᠩᠯᠠᠢᠯᠠᠬᠤ ᠦᠷ᠎ᠡ᠂ ᠦᠢᠯᠡ ᠬᠡᠷᠡᠭ ᠢ᠋ ᠲᠡᠳᠬᠦᠬᠦ ᠦᠷ᠎ᠡ ᠭᠡᠳ ᠦᠷ᠎ᠡ ᠪᠦᠭᠦᠳᠡ ᠪᠡᠨ ᠬᠤᠪᠢᠶᠠᠵᠤ ᠭᠠᠯ ᠭᠣᠯᠣᠮᠲᠠ ᠳ᠋ᠤ᠌ ᠡᠷᠭᠦᠬᠦ ᠡᠳ᠋ ᠦ᠋ᠳ ᠢ᠋ᠶ᠋ᠡᠨ ᠡᠷᠭᠦᠭᠦᠯᠦᠨᠡ᠃ ᠡᠷᠭᠦᠵᠦ ᠪᠣᠢ ᠡᠳ᠋ ᠢ᠋ᠶ᠋ᠡᠨ ᠠᠮᠢᠯᠠᠭᠤᠯᠤᠨ᠎ᠠ᠃ ᠬᠡᠰᠢᠭ ᠪᠤᠶᠠᠨ ᠢ᠋ᠶ᠋ᠠᠨ ᠳᠠᠯᠠᠯᠤᠨ ᠳᠠᠭᠤᠳᠠᠬᠤ ᠣᠴᠢᠭ ᠢ᠋ᠶ᠋ᠠᠷ ᠥᠷᠭᠥᠭᠡ ᠭᠡᠷ ᠦ᠋ᠨ ᠲᠡᠷᠢᠭᠦᠨ ᠦ᠌ ᠪᠦᠰᠡ ᠬᠡᠷᠡᠭᠲᠡᠢ᠃ ᠲᠡᠷᠢᠭᠦᠨ ᠬᠦᠦ ᠬᠤᠶᠠᠭ ᠲᠠᠢ ᠪᠠᠨ᠂ ᠳᠡᠪᠡᠯ ᠲᠡᠢ ᠪᠡᠨ ᠪᠠᠢᠬᠤ ᠶᠣᠰᠣᠲᠠᠢ᠃ ᠬᠡᠰᠢᠭ ᠪᠤᠶᠠᠨ ᠠᠷᠪᠢᠳᠠᠭᠤᠯᠳᠠᠭ᠃ ᠬᠡᠰᠢᠭ ᠪᠤᠶᠠᠨ ᠭᠡᠳᠡᠭ ᠭᠠᠭᠴᠠ ᠵᠣᠭᠣᠰ᠂ ᠢᠳᠡᠭᠡ ᠤᠮᠳᠠᠭ᠎ᠠ ᠪᠠᠷ ᠬᠢᠵᠠᠭᠠᠷᠯᠠᠭᠳᠠᠳᠠᠭ ᠦᠭᠡᠢ᠃
6᠂ ᠠᠭᠤᠯᠠ ᠤᠰᠤᠨ ᠤ᠋ ᠡᠵᠡᠳ ᠲᠦ᠍ ᠵᠠᠪᠠᠯ ᠢᠳᠡᠭᠡ ᠤᠮᠳᠠᠭ᠎ᠠ ᠶ᠋ᠢ ᠪᠡᠨ ᠡᠷᠭᠦᠬᠦ ᠶᠣᠰᠣᠲᠠᠢ᠃ ᠳᠠᠯᠤ 4 ᠥᠨᠳᠥᠷ᠂ ᠴᠠᠭᠠᠨ ᠢᠳᠡᠭᠡ᠂ ᠰᠡᠭᠦᠯ ᠢ᠋ᠶ᠋ᠡᠨ ᠬᠠᠩᠭᠠᠢ ᠳ᠋ᠤ᠌ ᠪᠠᠨ ᠡᠷᠭᠦᠨ᠎ᠡ᠃ ᠡᠷᠭᠦᠬᠦ ᠳ᠋ᠦ᠍ ᠪᠡᠨ ᠮᠥᠨ ᠯᠡ ᠥᠪᠡᠷᠰᠡᠳ ᠦ᠋ᠨ ᠣᠪᠣᠭ ᠨᠡᠷ᠎ᠡ ᠪᠡᠨ ᠳᠠᠭᠤᠯᠭᠠᠵᠤ ᠬᠡᠨ ᠭᠡᠳᠡᠭ ᠡᠵᠡᠨ ᠳ᠋ᠦ᠍ ᠡᠷᠭᠦᠨ᠎ᠡ᠃ ᠢᠳᠡᠭᠡ ᠪᠡᠨ ᠲᠡᠷᠡ ᠣᠪᠣᠭᠲᠠᠢ ᠲᠡᠷᠡ ᠵᠢᠯ ᠲᠡᠢ ᠦᠷᠡᠰ ᠨᠢ᠂ ᠬᠡᠨ ᠳ᠋ᠦ᠍ᠨᠢ ᠪᠠᠷᠢᠨ ᠡᠷᠭᠦᠵᠦ ᠪᠠᠢᠭ᠎ᠠ ᠪᠠᠨ ᠲᠠᠨᠢᠭᠤᠯᠤᠨ ᠮᠠᠭᠲᠠᠨ ᠢᠷᠦᠭᠡᠵᠦ ᠲᠩᠷᠢ ᠳ᠋ᠦ᠍ ᠪᠡᠨ ᠡᠷᠭᠦᠵᠦ ᠭᠡᠷ᠎ᠡ ᠦᠯᠡᠳᠡᠭᠡᠳᠡᠭ᠃
ᠬᠣᠷᠢᠭᠯᠠᠬᠤ ᠵᠦᠢᠯᠡᠰ᠄ ᠭᠠᠯ ᠳ᠋ᠤ᠌ ᠬᠢᠲᠤᠭ᠎ᠠ ᠮᠡᠰᠡ ᠣᠢᠷᠠᠲᠤᠭᠤᠯᠬᠤ ᠦᠭᠡᠢ᠃ ᠭᠠᠯ ᠤ᠋ᠨ ᠬᠠᠵᠠᠭᠤ ᠳ᠋ᠤ᠌ ᠮᠣᠳᠣ ᠴᠠᠪᠴᠢᠬᠤ ᠦᠭᠡᠢ᠂ ᠬᠤᠭᠤᠯᠬᠤ ᠦᠭᠡᠢ᠃ ᠭᠠᠯ ᠳ᠋ᠤ᠌ ᠮᠢᠬ᠎ᠠ᠂ ᠰᠠᠷᠬᠤᠳ ᠡᠷᠭᠦᠬᠦ ᠦᠭᠡᠢ᠃ ᠭᠠᠯ ᠳ᠋ᠤ᠌ ᠪᠠᠨ ᠠᠷᠴᠠ᠂ ᠭᠠᠩᠭ᠎ᠠ᠂ ᠰᠢᠷ᠎ᠠ ᠲᠣᠰᠣ᠂ ᠲᠣᠷᠭ᠎ᠠ᠂ ᠴᠢᠨᠠᠭᠰᠠᠨ ᠰᠡᠭᠦᠯ ᠢ᠋ ᠡᠷᠭᠦᠵᠦ ᠪᠣᠯᠳᠠᠭ᠃
