ᠡᠬᠡ ᠨᠤᠲᠤᠭ ᠤ᠋ᠨ ᠨᠠᠢᠷᠠᠯ - ᠣ ᠂ ᠪᠤᠶᠠᠨ᠌ᠥ᠌ᠯᠵᠡᠢ Эх нутгийн найрал - О᠂ Буянөлзэй ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠨᠤᠲᠤᠭ ᠤ᠋ᠨ ᠨᠠᠢᠷᠠᠯ - ᠣ ᠂ ᠪᠤᠶᠠᠨ᠌ᠥ᠌ᠯᠵᠡᠢ Эх нутгийн найрал - О᠂ Буянөлзэй

ᠡᠬᠡ ᠨᠤᠲᠤᠭ ᠤ᠋ᠨ ᠨᠠᠢᠷᠠᠯ - ᠣ ᠂ ᠪᠤᠶᠠᠨ᠌ᠥ᠌ᠯᠵᠡᠢ Эх нутгийн найрал - О᠂ Буянөлзэй

2023-07-04

253

ᠡᠬᠡ ᠨᠤᠲᠤᠭ ᠤ᠋ᠨ ᠨᠠᠢᠷᠠᠯ

              
                           — ᠦᠭᠡ ᠪᠡᠷ  ᠨᠤᠲ᠋ᠯᠠᠵᠤ ᠦᠰᠦᠭ ᠢ᠋ᠶ᠋ᠡᠷ ᠬᠥᠭᠵᠢᠮᠳᠡᠨ᠎ᠡ ᠪᠢ ᠃  

                1 

       ᠨᠢᠳᠦ ᠦᠭᠡᠢ ᠬᠥᠪᠦᠷᠡᠯ ᠢ᠋ᠶ᠋ᠡᠷ ᠬᠡᠪᠡᠯᠢ ᠳ᠋ᠦ᠍  ᠪᠠᠢᠬᠤ ᠳ᠋ᠤ᠌  《ᠨᠤᠲᠤᠭ ᠤ᠋ᠨ ᠦᠨᠳᠦᠰᠦ 》 ᠭᠡᠵᠦ ᠬᠠᠢᠷᠠᠯᠠᠳᠠᠭ ᠡᠵᠢ ᠶ᠋ᠢᠨ ᠮᠢᠨᠢ᠃ ᠰᠢᠲᠦ ᠦᠭᠡᠢ ᠨᠢᠯᠬ᠎ᠠ ᠪᠠᠷ ᠮᠠᠨᠴᠤᠢ ᠳ᠋ᠤ᠌  ᠪᠠᠢᠬᠤ ᠳ᠋ᠤ᠌ 《 ᠭᠣᠯᠣᠮᠲᠠ ᠶ᠋ᠢᠨ ᠬᠣᠢᠴᠢ 》 ᠭᠡᠵᠦ ᠪᠦᠪᠡᠢᠯᠡᠳᠡᠭ ᠠᠪᠤ ᠶ᠋ᠢᠨ ᠮᠢᠨᠢ ᠬᠠᠢᠷ᠎ᠠ ᠡᠨᠡᠷᠢᠯ ᠬᠦᠰᠡᠯ ᠨᠠᠢᠳᠠᠯᠭ᠎ᠠ ᠪᠦᠷ ᠡᠬᠡ ᠨᠤᠲᠤᠭ ᠴᠢᠮᠠᠲᠠᠢᠭᠠᠨ ᠬᠣᠯᠪᠣᠯᠳᠤᠵᠤ ᠪᠠᠢᠳᠠᠭ ᠢ᠋ᠶ᠋ᠠᠷ ᠢ᠋ᠶ᠋ᠠᠨ 
      — ᠡᠵᠢ ᠶ᠋ᠢᠨ ᠡᠵᠢ ᠨᠤᠲᠤᠭ ᠃ 
      — ᠠᠪᠤ ᠶ᠋ᠢᠨ ᠠᠪᠤ ᠨᠤᠲᠤᠭ ᠃ 

               2 

       ᠬᠠᠨ᠎ᠠ ᠶ᠋ᠢᠨ ᠢᠷᠣᠭᠠᠷ ᠲᠤ᠌  ᠮᠥᠯᠬᠥᠭᠰᠡᠨ ᠮᠥᠷ ᠢ᠋ 
       ᠬᠠᠲᠠᠪᠴᠢ ᠳᠠᠪᠠᠭᠠᠳ ᠭᠢᠰᠬᠢᠭᠰᠡᠨ ᠮᠥᠷ  ᠢ᠋ 
       ᠬᠠᠨᠠᠭᠠᠷ ᠲᠠᠯ᠎ᠠ ᠪᠠᠷ ᠲᠣᠭᠯᠠᠭᠰᠠᠨ ᠮᠥᠷ ᠢ᠋ 
       ᠬᠠᠩᠭᠠᠯ ᠡᠮᠨᠢᠭ ᠴᠢᠬᠢᠳᠡᠭᠰᠡᠨ ᠮᠥᠷ  ᠢ᠋ ᠬᠥᠷᠥᠰᠥᠨ ᠳ᠋ᠡᠭᠡᠨ ᠦᠯᠡᠳᠡᠭᠡᠭᠰᠡᠨ ᠨᠤᠲᠤᠭ ᠮᠢᠨᠢ 
       — ᠪᠣᠷᠣ ᠮᠥᠷ ᠮᠢᠨᠢ ᠲᠡᠨᠳᠡ ᠂ ᠪᠣᠰᠤᠭ᠎ᠠ ᠪᠡᠶ᠎ᠡ ᠮᠢᠨᠢ ᠠᠳᠠ ᠃ 
        ᠪᠣᠷᠣ ᠮᠥᠷ ᠮᠢᠨᠦ ᠥᠮᠴᠢ ᠂ ᠪᠣᠰᠤᠭ᠎ᠠ ᠪᠡᠶ᠎ᠡ ᠴᠢᠨᠦ ᠥᠮᠴᠢ ᠃ 

              3 

       ᠠᠯᠪᠠᠳᠠᠵᠤ ᠪᠣᠯᠳᠠᠭ ᠦᠭᠡᠢ ᠰᠡᠳᠬᠢᠯ ᠡᠴᠡ ᠤᠷᠭᠤᠭᠰᠠᠨ ᠂ ᠠᠶᠤᠯᠭᠠᠵᠤ ᠣᠯᠳᠠᠭ  ᠦᠭᠡᠢ ᠬᠠᠢᠷ᠎ᠠ ᠠ᠋ᠴᠠ ᠨᠠᠬᠢᠶᠠᠯᠠᠭᠰᠠᠨ ᠬᠣᠩᠭᠣᠷ ᠬᠥᠮᠦᠨ ᠦ᠌ ᠵᠢᠷᠦᠬᠡᠨ ᠢᠨᠢᠶᠡᠳᠦ ᠂ ᠬᠣᠣᠰ ᠭᠠᠷ ᠤ᠋ᠨ ᠰᠡᠳᠬᠢᠯ ᠦ᠋ᠨ ᠳᠠᠯᠠᠯᠤᠯᠲᠠ ᠶ᠋ᠢ ᠨᠤᠲᠤᠭ ᠮᠢᠨᠢ ᠨᠠᠳᠠᠳᠤ ᠪᠠᠨ ᠦᠭᠭᠦᠭᠰᠡᠨ ᠡᠴᠡ ᠭᠡᠷ  ᠪᠦᠯᠢ ᠰᠡᠳᠬᠢᠯ ᠬᠠᠯᠠᠰᠬᠠᠵᠤ ᠂ᠭᠠᠯ ᠭᠣᠯᠣᠮᠲᠠ ᠬᠠᠢᠷ᠎ᠠ ᠶ᠋ᠢ ᠬᠥᠭᠵᠢᠭᠡᠨ᠎ᠡ ᠃ 

              4 

       ᠤᠬᠠᠭᠠᠨ ᠪᠣᠳᠣᠯ ᠳ᠋ᠤᠨᠢ  ᠬᠦᠯᠦᠭ ᠦ᠋ᠨ  ᠭᠦᠶᠦᠳᠦ ᠶ᠋ᠢ 
       ᠤᠷᠤᠯᠳᠤᠵᠤ ᠰᠢᠯᠭᠠᠮᠠᠷ ᠪᠣᠳᠣᠯᠭᠠᠲᠤ ᠬᠦᠦ ᠲᠡᠢ 
       ᠤᠶᠠᠬᠠᠨ ᠵᠠᠩ ᠳ᠋ᠤᠨᠢ ᠠᠭᠲᠠ ᠶ᠋ᠢᠨ ᠡᠮᠨᠢᠭ  ᠢ᠋ 
       ᠤᠶᠠᠵᠤ ᠰᠣᠢᠮᠠᠷ ᠤᠬᠠᠭᠠᠨᠲᠤ ᠬᠡᠦᠬᠡᠨ ᠲᠡᠢ ᠡᠬᠡ ᠨᠤᠲᠤᠭ ᠮᠢᠨᠢ ᠲᠡᠢᠮᠦ ᠨᠠᠢᠵᠢ ᠲᠠᠢ ᠳ᠋ᠠᠭᠠᠨ  ᠪᠢ ᠣᠮᠣᠭᠰᠢᠵᠤ ᠂ ᠡᠢᠮᠦ ᠦᠷ᠎ᠡ ᠲᠡᠢ  ᠳ᠋ᠡᠭᠡᠨ ᠴᠢ ᠠᠭᠤᠵᠢᠷᠠᠨ᠎ᠠ᠃ 

              5 

       ᠴᠡᠩᠬᠡᠷ ᠲᠡᠭᠷᠢ ᠨᠢ ᠴᠠᠭᠠᠨ ᠴᠢᠮᠡᠭ ᠲᠡᠢ — ᠲᠩᠷᠢ ᠶ᠋ᠢᠨ ᠠᠭᠤᠳᠠᠮ ᠵᠠᠢ ᠪᠠᠷ ᠨᠢ ᠬᠤᠨ ᠨᠢᠰᠦᠭᠡᠳ ᠴᠢᠮᠡᠭᠡᠯᠡᠨ᠎ᠡ ᠃ 
       ᠴᠡᠯᠡᠭᠡᠷ ᠲᠠᠯ᠎ᠠ ᠨᠢ ᠴᠠᠭᠠᠨ ᠴᠢᠮᠡᠭ ᠲᠡᠢ — ᠲᠠᠯ᠎ᠠ ᠶ᠋ᠢᠨ ᠠᠭᠤᠳᠠᠮ ᠵᠠᠢ ᠶ᠋ᠢ ᠨᠢ ᠬᠣᠨᠢ ᠪᠡᠯᠴᠢᠭᠡᠳ ᠴᠢᠮᠡᠭᠡᠯᠡᠨ᠎ᠡ ᠃ 
       ᠴᠡᠩᠬᠡᠷ ᠲᠩᠷᠢ ᠴᠡᠩᠬᠡᠷ ᠨᠠᠭᠤᠷ ᠬᠤᠨ ᠤ᠋ ᠳᠠᠯᠠᠪᠴᠢ ᠪᠠᠷ ᠬᠣᠯᠪᠣᠵᠤ ᠨᠣᠭᠣᠭᠠᠨ ᠲᠠᠯ᠎ᠠ ᠨᠣᠭᠣᠭᠠᠨ ᠬᠣᠲᠠ ᠬᠣᠨᠢ ᠶ᠋ᠢᠨ ᠮᠥᠷ ᠢ᠋ᠶ᠋ᠡᠷ ᠬᠣᠯᠪᠣᠨ᠎ᠠ ᠃ 
      — ᠬᠤᠨ ᠤ᠋ ᠵᠡᠯ᠎ᠡ ᠲᠡᠷᠪᠡᠯᠲᠡ ᠦᠭᠡᠢ  ᠪᠠᠢᠭᠠᠰᠠᠢ 
      — ᠬᠣᠨᠢ ᠶ᠋ᠢᠨ ᠰᠦᠷᠦᠭ ᠦᠷᠭᠦᠯᠲᠡ ᠦᠭᠡᠢ  ᠪᠠᠢᠭᠠᠰᠠᠢ ᠁ 

              6   

       ᠠᠯᠳᠠᠭᠤᠯ ᠡᠷᠢᠭᠡᠳ ᠬᠡᠭᠡᠷ᠎ᠡ ᠬᠣᠨᠣᠭᠯᠠᠭᠰᠠᠨ ᠳᠡᠭᠡᠳᠦᠰ ᠮᠢᠨᠢ 《ᠳᠣᠯᠣᠭᠠᠨ ᠣᠳᠣ 》 ᠪᠠᠷ ᠵᠦᠭ ᠴᠢᠭ ᠢ᠋ᠶ᠋ᠡᠨ ᠬᠠᠷᠠᠭᠰᠠᠨ ᠂ 
       ᠠᠶᠠᠨ ᠢ᠋ᠶ᠋ᠠᠷ ᠪᠠᠭᠤᠭᠠᠳ ᠮᠥᠴᠡ ᠪᠡᠨ ᠡᠨᠳᠡᠭᠦᠷᠡᠭᠰᠡᠨ ᠭᠠᠯ ᠤ᠋ᠨ ᠬᠢᠨ 《 ᠭᠤᠷᠪᠠᠨ ᠮᠠᠷᠠᠯ 》 ᠢ᠋ᠶ᠋ᠠᠷ ᠴᠠᠭ ᠬᠡᠴᠡ ᠪᠡᠨ ᠬᠡᠮᠵᠢᠭᠰᠡᠨ !
       ᠠᠩᠭᠢᠷ ᠪᠣᠲᠣᠭᠣ ᠶ᠋ᠢᠨ ᠪᠣᠢᠯᠠᠭ᠎ᠠ ᠰᠢᠷ᠎ᠠ ᠪᠦᠷᠦᠢ ᠪᠡᠷ ᠰᠣᠨᠣᠰᠳᠠᠨ᠎ᠠ ᠂ ᠶᠠᠩᠭᠢᠷ ᠲᠡᠭᠡ ᠵᠠ ᠵᠣᠭᠰᠠᠭᠠᠯ ᠴᠠᠭᠠᠨ ᠦᠷ ᠢ᠋ᠶ᠋ᠡᠷ ᠬᠠᠷᠠᠭᠳᠠᠨ᠎ᠠ ᠂ ᠨᠠᠮᠤᠷ ᠤ᠋ᠨ ᠰᠢᠪᠠᠭᠤᠳ ᠤ᠋ᠨ ᠦᠢᠮᠡᠭᠡᠨ ᠬᠠᠰᠠᠭ ᠤ᠋ᠨ ᠬᠢᠬᠤᠨᠠᠭᠠᠨ ᠳ᠋ᠤ᠌ ᠬᠣᠣᠰᠯᠠᠨ ᠲᠣᠭᠣᠯᠳᠤᠨ᠎ᠠ ᠂ ᠬᠠᠪᠤᠷ ᠤ᠋ᠨ ᠰᠠᠯᠬᠢ ᠶ᠋ᠢᠨ ᠱᠤᠤᠭᠢᠶᠠᠨ ᠭᠥᠯᠢᠮ ᠦ᠋ᠨ ᠲᠡᠷᠪᠡᠯᠳᠡ ᠲᠡᠢ ᠳᠡᠭᠳᠡᠨ ᠨᠢᠰᠦᠨ᠎ᠡ ᠃ 
       ᠡᠦᠷᠡᠭᠳᠡᠵᠦ ᠬᠢᠯᠢᠰᠳᠡᠬᠦ ᠳ᠋ᠦ᠍ ᠵᠣᠪᠠᠯᠠᠩ ᠢ᠋ᠶ᠋ᠠᠨ ᠬᠤᠪᠢᠶᠠᠯᠴᠠᠳᠠᠭ ᠨᠢ ᠨᠠᠢᠵᠢ ᠲᠡᠷᠡ ᠂ ᠥᠨᠳᠡᠢᠵᠦ ᠲᠡᠩᠵᠢᠬᠦ ᠳ᠋ᠦ᠍ ᠵᠢᠷᠭᠠᠯ ᠳ᠋ᠠᠭᠠᠨ ᠪᠠᠶᠠᠰᠳᠠᠭ ᠨᠢ ᠨᠥᠬᠥᠷ ᠲᠡᠷᠡ ᠂ ᠦᠬᠦᠵᠦ ᠰᠡᠬᠡᠬᠦ ᠳ᠋ᠦ᠍ ᠭᠤᠨᠢᠭ ᠢ᠋ᠶ᠋ᠠᠨ ᠬᠤᠪᠢᠶᠠᠳᠠᠭ ᠨᠢ ᠬᠠᠨᠢ ᠲᠡᠷᠡ ᠂ ᠦᠳᠡᠯᠡᠵᠦ ᠮᠤᠨᠤᠬᠤ ᠳ᠋ᠤ᠌ ᠡᠷᠭᠦᠵᠦ ᠬᠦᠨᠳᠦᠯᠡᠳᠡᠭ ᠨᠢ ᠦᠷ᠎ᠡ ᠲᠡᠷᠡ ᠃ 
       《 ᠡᠨᠡ ᠪᠣᠯ ᠮᠢᠨᠦ ᠴᠡᠳᠡᠭ 》 ᠭᠡᠵᠦ ᠨᠤᠲᠤᠭ ᠨᠠᠳᠠᠳᠤ ᠤᠯᠠᠮᠵᠢᠯᠠᠭᠰᠠᠨ ᠃ 
       《 ᠡᠨᠡ ᠪᠣᠯ ᠠᠮᠢᠳᠤᠷᠠᠯ ᠤ᠋ᠨ ᠬᠥᠭᠵᠢᠮ 》 ᠭᠡᠵᠦ ᠪᠢ ᠬᠥᠮᠦᠨ ᠡᠴᠡ ᠰᠣᠨᠣᠰᠤᠭᠰᠠᠨ ᠃ 
       ᠡᠨᠡ ᠮᠠᠨᠢ ᠬᠦᠩᠭᠢᠨᠡᠮ᠎ᠡ ᠴᠠᠩᠭᠢᠨᠠᠮ᠎ᠠ ᠣᠯᠠᠨ ᠴᠤᠤᠷᠢᠶ᠎ᠠ ᠨᠡᠢᠯᠡᠯᠳᠦᠭᠰᠡᠨ ᠶᠡᠬᠡ ᠨᠠᠢᠷᠠᠯ ᠃ ᠨᠡᠷ᠎ᠡ ᠦᠭᠡᠢ ᠣᠯᠠᠨ ᠬᠥᠭᠵᠢᠮᠴᠢ ᠲᠡᠭᠦᠨ  ᠢ᠋ ᠳᠠᠭᠤᠷᠢᠰᠤᠭᠤᠯᠵᠤ ᠪᠠᠢᠨ᠎ᠠ ᠃ ᠤᠷᠲᠤ ᠣᠭᠵᠣᠮ ᠤ᠋ᠨ ᠡᠬᠡᠰᠢᠭ ᠢ᠋ᠶ᠋ᠡᠷ ᠵᠠᠪᠰᠠᠷᠯᠠᠭᠰᠠᠨ ᠪᠠᠭ᠎ᠠ ᠳᠠᠭᠤᠯᠠᠯ ᠃ ᠶᠠᠯᠢ ᠦᠭᠡᠢ ᠵᠢᠭᠠᠬᠠᠨ ᠤᠶᠠᠩᠭᠠᠴᠢ ᠲᠡᠭᠦᠨ ᠢ᠋ ᠨᠤᠤᠢᠬᠠᠯᠠᠵᠤ ᠪᠠᠢᠨ᠎ᠠ ᠃ 
       《ᠡᠪᠦᠯ ᠦ᠋ᠨ ᠰᠢᠭᠤᠷᠭ᠎ᠠ 》 ᠮᠡᠲᠦ ᠲᠣᠭᠰᠢᠨ ᠠᠢᠵᠢᠮ ᠃ 
       《ᠨᠠᠮᠤᠷ ᠰᠠᠯᠬᠢ 》 ᠰᠢᠭ᠋ ᠬᠠᠩᠭᠢᠨᠠᠭᠰᠠᠨ ᠠᠶᠠᠰ ᠃ 
       《 ᠬᠠᠪᠤᠷ ᠤ᠋ᠨ ᠵᠢᠪᠠᠷ 》 ᠮᠡᠲᠦ ᠤᠶᠠᠷᠠᠭᠤᠨ ᠴᠤᠤᠷᠢᠶ᠎ᠠ ᠃ 
       《 ᠵᠤᠨ ᠤ᠋ ᠬᠤᠷ᠎ᠠ 》 ᠰᠢᠭ᠋ ᠠᠳᠠᠷᠬᠠᠨ ᠴᠣᠬᠢᠯᠭ᠎ᠠ ᠃ 

              7   

       ᠡᠵᠢ ᠮᠢᠨᠢ ᠨᠠᠶᠠᠨ ᠨᠠᠰᠤᠲᠠᠢ ᠃  
       ᠨᠤᠲᠤᠭ ᠮᠢᠨᠢ ᠮᠢᠩᠭᠠᠨ ᠨᠠᠰᠤᠲᠠᠢ ᠃ ᠡᠬᠡ ᠨᠤᠲᠤᠭ ᠮᠢᠨᠢ ᠮᠢᠩᠭᠠᠨ ᠨᠠᠰᠤᠯᠠᠪᠠᠴᠤ ᠬᠡᠵᠢᠶᠡᠳᠡ ᠮᠠᠨ ᠤ᠋ ᠡᠬᠡ ᠃ ᠦᠶ᠎ᠡ ᠰᠤᠨᠵᠤ ( ᠳᠡᠭᠡᠭᠰᠢᠯᠡᠵᠦ ) ᠡᠯᠦᠨᠴᠡ ᠪᠣᠯᠤᠭ᠎ᠠ ᠦᠭᠡᠢ ᠂ ᠦᠶ᠎ᠡ ᠶ᠋ᠢᠨ ᠦᠶ᠎ᠡ ᠳ᠋ᠦ᠍ ᠮᠢᠨᠢ ᠬᠡᠵᠢᠶᠡᠳᠡ ᠲᠥᠷᠥᠭᠰᠡᠨ ᠡᠵᠢ ᠃ ᠦᠰᠦ ᠴᠠᠢᠵᠤ ᠡᠮᠡᠭᠡᠨ ᠪᠣᠯᠤᠭ᠎ᠠ ᠦᠭᠡᠢ ᠂ ᠣᠨ ᠤ᠋ ᠣᠨ ᠥᠨᠢᠳᠡ ᠨᠠᠷᠭᠢᠮ᠎ᠠ ᠵᠠᠯᠠᠭᠤ ᠃ ᠨᠠᠷᠭᠢᠮ᠎ᠠ ᠵᠠᠯᠠᠭᠤ ᠶ᠋ᠢᠨ ᠬᠠᠴᠠᠷ ᠳᠠᠭᠠᠨ ᠨᠣᠭᠣᠭᠠᠨ ᠲᠦᠷᠬᠢᠵᠦ ᠨᠠᠮᠤᠷ ᠤ᠋ᠨ ᠬᠢᠷᠠᠭᠤ ᠳ᠋ᠤ᠌ ᠰᠠᠨᠴᠢᠭ ᠪᠤᠭᠤᠷᠤᠯᠳᠠᠪᠠᠴᠤ ᠬᠠᠪᠤᠷ ᠲᠠᠭᠠᠨ ᠵᠠᠯᠠᠭᠤᠵᠢᠨ᠎ᠠ ᠃ᠲᠠᠯ᠎ᠠ ᠶ᠋ᠢᠨ ᠰᠣᠷᠭᠣᠭ ᠪᠡᠯᠴᠢᠭᠡᠷ ᠡᠴᠡ ᠲᠠᠨ ᠤ᠋ ᠵᠢᠰᠦ ᠶ᠋ᠢ ᠪᠢᠳᠡ ᠬᠠᠷᠠᠯ᠎ᠠ᠃ ᠰᠡᠷᠭᠦᠵᠦ ᠠᠮᠢᠵᠢᠬᠤ ᠶ᠋ᠢ ᠦᠨᠳᠦᠰᠦ ᠪᠡᠷ ᠢ᠋ᠶ᠋ᠡᠨ ᠳᠠᠭᠤᠳᠠᠵᠤ ᠂ ᠰᠡᠷᠡᠢᠵᠦ ᠤᠷᠭᠤᠬᠤ ᠶ᠋ᠢ ᠦᠵᠦᠭᠦᠷ ᠢ᠋ᠶ᠋ᠡᠷ ᠢ᠋ᠶ᠋ᠡᠨ ᠤᠷᠠᠢᠯᠠᠵᠤ ᠂ ᠰᠤᠷ ᠰᠣᠶᠣᠭ᠎ᠠ ᠲᠡᠰᠦᠷᠡᠰᠢ ᠦᠭᠡᠢ ᠲᠠᠯ᠎ᠠ᠎ᠠᠴᠠ ᠡᠬᠡ ᠨᠤᠲᠤᠭ ᠤ᠋ᠨ ᠡᠬᠡ ᠵᠢᠰᠦ ᠶ᠋ᠢ ᠵᠢᠯ ᠪᠦᠷᠢ ᠣᠯᠵᠤ ᠬᠠᠷᠠᠨ᠎ᠠ᠃ ᠨᠠᠰᠤ ᠴᠢᠨᠢ ᠮᠢᠩᠭ᠎ᠠ ᠂ ᠵᠢᠰᠦ ᠴᠢᠨᠢ ᠨᠣᠭᠣᠭᠠᠨ ᠃ 

              8  

       ᠴᠢᠳᠥᠷ  ᠢ᠋ ᠨᠢ ᠲᠠᠢᠯᠤᠭᠰᠠᠨ ᠬᠦᠯᠦᠭ ᠦ᠋ᠨ ᠲᠤᠭᠤᠷᠠᠢ ᠰᠢᠭ᠋ ᠵᠢᠷᠪᠢᠯᠵᠡᠭᠰᠡᠨ ᠨᠤᠲᠤᠭ ᠮᠢᠨᠢ ᠂ ᠬᠥᠰᠬᠡ ᠶ᠋ᠢ ᠨᠢ ᠶᠡᠭᠦᠯᠡᠭᠰᠡᠨ ᠲᠡᠮᠡᠭᠡ ᠶ᠋ᠢᠨ ᠠᠯᠬᠤᠭ᠎ᠠ ᠰᠢᠭ᠋ ᠲᠡᠨᠢᠭᠦᠬᠡᠨ ᠨᠤᠲᠤᠭ ᠮᠢᠨᠢ ᠂ 《 ᠠᠶ᠎ᠠ ᠬᠥᠭᠡᠷᠦᠬᠦᠢ ᠂ ᠡᠨᠡ ᠳᠡᠯᠡᠬᠡᠢ ᠪᠦᠷ ᠬᠥᠭᠡᠷᠦᠬᠦᠢ 》 ᠭᠡᠵᠦ ᠴᠢ ᠬᠡᠯᠡᠬᠦ ᠰᠢᠭ ᠃ ᠢᠩᠭᠢᠬᠦ ᠳ᠋ᠡᠭᠡᠨ ᠯᠡ ᠴᠢᠨᠦ ᠡᠯᠢᠭᠡᠨ ᠳ᠋ᠦ᠍ ᠵᠦᠢᠯ ᠵᠦᠢᠯ ᠦ᠋ᠨ ᠡᠪᠡᠰᠦ ᠤᠷᠭᠤᠵᠤ ᠂ ᠶᠠᠩᠵᠤ ᠶᠠᠩᠵᠤ ᠶ᠋ᠢᠨ ᠠᠮᠢᠲᠠᠨ ᠠᠷᠢᠶᠠᠲᠠᠨ ᠣᠷᠣᠰᠢᠨ᠎ᠠ ᠃ 
       ᠠᠶᠠᠭ᠎ᠠ ᠴᠡᠭᠡ ᠤᠤᠭᠤᠴᠢᠭᠰᠠᠨ ᠴᠡᠭᠡᠵᠢ ᠰᠢᠭ ᠠᠭᠤᠵᠢᠮ ᠨᠤᠲᠤᠭ ᠮᠢᠨᠢ 《 ᠠᠢ ᠬᠥᠭᠡᠷᠦᠬᠦᠢ ᠂ ᠡᠨᠡ ᠳᠡᠯᠡᠬᠡᠢ ᠪᠦᠷ ᠬᠥᠭᠡᠷᠦᠬᠦᠢ ︾ᠭᠡᠵᠦ ᠳᠠᠪᠲᠠᠨ ᠬᠡᠯᠡᠨ᠎ᠡ ᠃ ᠳᠠᠬᠢᠨ ᠬᠡᠯᠡᠨ᠎ᠡ ᠃ 
       《ᠲᠠᠯ᠎ᠠ ᠶ᠋ᠢᠨ ᠪᠠᠷᠠᠭᠤᠨ ᠳ᠋ᠤ᠌ ᠲᠤᠶᠠᠭ᠎ᠠ ᠲᠣᠰᠤᠯ᠎ᠠ ᠂ ᠠᠭᠤᠯᠠ ᠶ᠋ᠢᠨ ᠵᠡᠭᠦᠨ ᠡᠴᠡ ᠨᠠᠷᠠ ᠤᠳᠠᠯ ᠦᠭᠡᠢ ᠤᠷᠭᠤᠨ᠎ᠠ ᠃ 》 ᠠᠭᠲᠠ ᠶ᠋ᠢᠨ ᠳᠦᠪᠦᠷᠭᠡ ᠰᠣᠨᠣᠰᠳᠠᠵᠤ ᠂ ᠠᠪᠠ ᠶ᠋ᠢᠨ  ᠨᠣᠬᠠᠢ ᠬᠤᠴᠠᠯᠳᠤᠵᠤ ᠮᠠᠯᠴᠢᠳ ᠤ᠋ᠨ ᠬᠥᠭᠵᠢᠯᠲᠦ ᠬᠥᠳᠡᠯᠮᠦᠷᠢ 《 ᠴᠢᠨᠣ᠎ᠠ ᠶ᠋ᠢᠨ ᠠᠪᠠ 》 ᠶ᠋ᠢᠨ  ᠬᠢᠨᠢ ᠠᠢᠰᠤᠢ ᠃ 
       ᠨᠤᠲᠤᠭ ᠮᠢᠨᠢ ᠂ ᠦᠷ᠎ᠡ ᠴᠢᠨᠠᠷ ᠨᠢᠭᠡ ᠦᠭᠡ ᠨᠡᠮᠡᠰᠦᠭᠡᠢ !  
       《ᠠᠢ ᠵᠠᠨᠤᠯᠲᠠᠢ ᠂ ᠡᠨᠡ ᠳᠡᠯᠡᠬᠡᠢ ᠶ᠋ᠢᠨ ᠴᠢᠨᠣ᠎ᠠ ᠪᠣᠷ ᠵᠠᠨᠤᠯᠲᠠᠢ ᠃ 》