ᠬᠠᠯᠠᠭᠤᠨ ᠰᠢᠷᠣᠢ - ᠲ ᠂ ᠪᠤᠶᠠᠨ Халуун шороо - Т ᠂ Буян ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠠᠭᠤᠨ ᠰᠢᠷᠣᠢ - ᠲ ᠂ ᠪᠤᠶᠠᠨ Халуун шороо - Т ᠂ Буян

ᠬᠠᠯᠠᠭᠤᠨ ᠰᠢᠷᠣᠢ - ᠲ ᠂ ᠪᠤᠶᠠᠨ Халуун шороо - Т ᠂ Буян

2023-07-03

242

ᠬᠠᠯᠠᠭᠤᠨ ᠰᠢᠷᠣᠢ


               1 

       ᠰᠢᠷ᠎ᠠ ᠡᠯᠡᠰᠦ ᠂ ᠰᠢᠷᠣᠢ ᠶ᠋ᠢᠨ ᠬᠠᠨᠵᠤ ᠨᠠᠳᠠ ᠶ᠋ᠢ  ᠲᠤᠰᠴᠠᠢ ᠃ ᠴᠠᠭᠠᠨ ᠬᠤᠮᠠᠭ ᠴᠠᠷᠠᠰᠤᠨ ᠥᠯᠥᠭᠡᠢ ᠨᠠᠳᠠ ᠶ᠋ᠢ ᠲᠣᠷᠨᠢᠭᠤᠯᠵᠠᠢ ᠃ 
       ᠪᠥᠭᠡᠯ ᠪᠥᠭᠡᠯ —ᠭᠠᠵᠠᠷ ᠳᠡᠭᠡᠷ᠎ᠡ  ᠪᠡᠨ ᠪᠢ ᠭᠠᠨᠠᠢᠨ ᠵᠣᠭᠰᠣᠯ᠎ᠠ ᠃ ᠪᠥᠮᠪᠥᠷ ᠪᠥᠮᠪᠥᠷ — ᠬᠥᠷᠥᠰᠥᠨ ᠳᠡᠭᠡᠷ᠎ᠡ  ᠪᠡᠨ ᠪᠢ ᠬᠥᠯ ᠳ᠋ᠦ᠍ ᠣᠷᠣᠯ᠎ᠠ ᠃ 
       ᠤᠨᠠᠭᠰᠠᠨ ᠰᠢᠷᠣᠢ ᠳ᠋ᠤ᠌  ᠮᠢᠨᠢ  ᠬᠠᠢᠷ ᠲᠠᠢ ᠰᠠᠢᠷ ᠲᠠᠢ ᠴᠤ᠌ ᠤᠷᠭᠤᠭᠰᠠᠨ ᠵᠢᠷᠦᠬᠡᠨ  ᠳ᠋ᠦ᠍ ᠮᠢᠨᠢ ᠬᠠᠢᠯ ᠲᠠᠢ  ᠤᠢᠯ ᠲᠠᠢ ! 
       ᠠ ᠂ ᠬᠠᠯᠠᠭᠤᠨ ᠰᠢᠷᠣᠢ︕  

               2 

       ᠬᠥᠭᠡᠷᠦᠬᠦᠢ — 
       ᠲᠠᠭᠠᠷᠠᠪᠠᠯ ᠨᠢᠰᠦᠨ ᠣᠳᠴᠤ ᠂ ᠬᠠᠯᠠᠭᠤᠳᠠᠪᠠᠯ ᠪᠤᠴᠠᠨ ᠢᠷᠡᠳᠡᠭ ᠤᠯᠠᠷᠢᠯ ᠤ᠋ᠨ ᠭᠠᠯᠠᠭᠤ ᠁ 

               3 

      ᠣᠮᠤᠭᠰᠢᠯᠲᠠᠢᠶ᠎ᠠ ! ᠣᠳᠣ ᠪᠢ ᠡᠨᠡ ᠰᠢᠷᠣᠢ ᠳᠡᠭᠡᠷ᠎ᠡ ᠪᠡᠨ ᠰᠢᠷᠣᠢ ᠶ᠋ᠢᠨ ᠲᠤᠬᠠᠢ ᠳᠠᠭᠤᠤ ᠶ᠋ᠢ ᠬᠠᠩᠭᠢᠨᠠᠲᠠᠯ᠎ᠠ ᠳᠠᠭᠤᠯᠠᠭᠠᠳ ᠠᠮᠢᠳᠤᠷᠠᠯ ᠤ᠋ᠨ ᠥᠭᠡᠳᠡ ᠭᠠᠷ ᠬᠠᠶᠠᠯᠠᠨ ᠠᠯᠬᠤᠯᠠᠵᠤ ᠪᠠᠢᠨ᠎ᠠ !

               4 

       ᠨᠠᠮᠤᠷ ᠤ᠋ᠨ ᠵᠢᠮᠢᠰ  ᠢ᠋ ᠥᠨᠢᠷ ᠬᠤᠷᠢᠶᠠᠬᠤ ᠶ᠋ᠢᠨ ᠲᠥᠯᠥᠭᠡ ᠬᠠᠪᠤᠷ ᠤ᠋ᠨ ᠦᠷ᠎ᠡ ᠶ᠋ᠢ ᠢᠯᠡᠭᠦᠬᠡᠨ ᠰᠠᠴᠤᠶ᠎ᠠ ! ᠠ ᠂ᠬᠠᠪᠤᠷ  ᠪᠣᠯᠵᠠᠢ ᠰᠢᠦ ᠃ 

               5 

       ᠲᠦᠮᠡᠨ ᠪᠣᠳᠠᠰ ᠲᠡᠭᠰᠢ ᠢᠪᠡᠭᠡᠬᠦ ᠨᠢ ᠲᠦᠭᠡᠮᠡᠯ ᠨᠢᠭᠦᠯᠡᠰᠦᠩᠭᠦᠢ ᠲᠡᠷᠭᠡᠯ ᠨᠠᠷᠠ ᠠ᠋ ! ᠠᠯᠲᠠ ᠨᠠᠷᠠᠨ ᠵᠤᠯᠠᠢ ᠳᠡᠭᠡᠷ᠎ᠡ ᠂ ᠠᠰᠠᠭᠠᠬᠤ ᠭᠡᠷᠡᠯ ᠨᠢ ᠵᠢᠷᠦᠬᠡᠨ ᠳᠡᠭᠡᠷ᠎ᠡ ᠃ ᠠ ᠂  ᠪᠢᠳᠡ ᠪᠣᠯ ᠭᠡᠷᠡᠯ ᠦ᠋ᠨ ᠦᠷᠡᠰ ᠂ ᠨᠠᠷᠠ ᠪᠣᠯ ᠪᠢᠳᠡᠨ ᠦ᠌ ᠰᠦᠯᠳᠡ ᠠ᠋ !