ᠮᠥᠰᠥᠨ ᠠᠭᠤᠯᠠ ᠶ᠋ᠢᠨ ᠣᠷᠣᠢ-ᠣᠷᠳᠣᠰ ᠠᠷᠠᠳ ᠤᠨ ᠳᠠᠭᠤᠤ007Мөсөн уулын орой ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠰᠥᠨ ᠠᠭᠤᠯᠠ ᠶ᠋ᠢᠨ ᠣᠷᠣᠢ-ᠣᠷᠳᠣᠰ ᠠᠷᠠᠳ ᠤᠨ ᠳᠠᠭᠤᠤ007Мөсөн уулын орой

ᠮᠥᠰᠥᠨ ᠠᠭᠤᠯᠠ ᠶ᠋ᠢᠨ ᠣᠷᠣᠢ-ᠣᠷᠳᠣᠰ ᠠᠷᠠᠳ ᠤᠨ ᠳᠠᠭᠤᠤ007Мөсөн уулын орой

2023-07-03

289

ᠮᠥᠰᠥᠨ ᠠᠭᠤᠯᠠ ᠶ᠋ᠢᠨ ᠣᠷᠣᠢ

ᠮᠥᠰᠥᠨ ᠠᠭᠤᠯᠠ ᠶ᠋ᠢᠨ ᠣᠷᠣᠢ ᠳ᠋ᠤ᠌ ᠸᠠᠢᠳᠤᠨ 
ᠮᠥᠨᠳᠥᠷ ᠬᠤᠷ᠎ᠠ ᠨᠠᠷᠮᠢᠨ᠎ᠠ ᠳ᠋ᠣᠣ ᠸᠠᠢᠳᠤᠨ 
ᠮᠥᠩᠭᠥ ᠱ᠌ᠢᠷᠦ ᠬᠣᠶᠠᠷ ᠢ᠋ ᠸᠠᠢᠳᠤᠨ 
ᠰᠠᠯᠭᠠᠵᠤ ᠮᠡᠳᠡᠬᠦ ᠶᠦ᠍ᠮ ᠳ᠋ᠣᠣ ᠸᠠᠢᠳᠤᠨ 

ᠴᠠᠭᠠᠨ ᠠᠭᠤᠯᠠ ᠶ᠋ᠢᠨ ᠣᠷᠣᠢ ᠳ᠋ᠤ᠌ ᠸᠠᠢᠳᠤᠨ 
ᠴᠠᠰᠤ ᠬᠤᠷ᠎ᠠ ᠨᠠᠷᠮᠢᠨ᠎ᠠ ᠳ᠋ᠣᠣ ᠸᠠᠢᠳᠤᠨ 
ᠴᠠᠭᠠᠨ ᠪᠤᠭᠤᠷᠤᠯ ᠡᠵᠢ ᠶ᠋ᠢ ᠪᠡᠨ ᠸᠠᠢᠳᠤᠨ 
ᠰᠠᠨᠠᠬᠤ ᠳ᠋ᠤ᠌ ᠪᠠᠨ ᠳᠠᠭᠤᠯᠠᠭᠰᠠ ᠶᠤᠮ ᠳ᠋ᠣᠣ ᠸᠠᠢᠳᠤᠨ 

ᠲᠠᠨ᠎ᠠ ᠶ᠋ᠢᠨ ᠬᠤᠢ ᠲᠠᠢ ᠬᠢᠲᠤᠭ᠎ᠠ ᠶ᠋ᠢ ᠸᠠᠢᠳᠤᠨ  
ᠲᠠᠩᠨᠠᠢ ᠶ᠋ᠢᠨ ᠭᠦᠷᠦᠮᠡᠯ ᠣᠭᠣᠰᠣᠷ ᠲᠠᠢ ᠸᠠᠢᠳᠤᠨ 
ᠲᠠᠨᠢᠬᠤ ᠲᠠᠨᠢᠬᠤ ᠦᠭᠡᠢ ᠬᠣᠶᠠᠷ ᠢ᠋ ᠸᠠᠢᠳᠤᠨ 
ᠠᠪᠠᠬᠠᠢ ᠲᠠ ᠨᠠᠷ ᠠᠢᠯᠠᠳᠬᠠᠨ᠎ᠠ ᠳᠠ ᠸᠠᠢᠳᠤᠨ 

ᠪᠠᠭ ᠤᠯᠠᠭᠠᠨ ᠵᠠᠯᠠᠭ᠎ᠠ ᠲᠠᠢ ᠸᠠᠢᠳᠤᠨ
ᠪᠠᠳᠮ᠎ᠠ ᠱ᠌ᠢᠷᠦ ᠶ᠋ᠢᠨ ᠵᠢᠩᠰᠡ ᠲᠡᠢ ᠸᠠᠢᠳᠤᠨ
ᠰᠢᠭᠦᠷ ᠤᠯᠠᠭᠠᠨ ᠵᠠᠯᠠᠭ᠎ᠠ ᠲᠠᠢ ᠸᠠᠢᠳᠤᠨ
ᠱ᠌ᠢᠷᠦᠨ ᠨᠣᠮᠢᠨ ᠵᠢᠩᠰᠡ ᠲᠡᠢ ᠸᠠᠢᠳᠤᠨ

ᠠᠪᠤ ᠶ᠋ᠢᠨ ᠮᠢᠨᠢ ᠬᠠᠢᠷᠠᠯᠠᠭᠰᠠᠨ ᠸᠠᠢᠳᠤᠨ
ᠠᠷᠪᠠᠨ ᠰᠢᠷᠭ᠎ᠠ ᠮᠣᠷᠢ ᠸᠠᠢᠳᠤᠨ
ᠠᠯᠢ ᠶ᠋ᠢ ᠨᠢ ᠠᠪᠤᠭᠠᠳ ᠤᠨᠤᠪᠠᠴᠤ ᠸᠠᠢᠳᠤᠨ
ᠰᠠᠢᠪᠤᠷ ᠵᠢᠷᠣᠭ᠎ᠠ ᠪᠠᠢᠳᠠᠭ ᠳ᠋ᠣᠣ ᠸᠠᠢᠳᠤᠨ

ᠡᠵᠢ ᠶ᠋ᠢᠨ ᠮᠢᠨᠢ ᠬᠠᠢᠷᠠᠯᠠᠭᠰᠠᠨ ᠸᠠᠢᠳᠤᠨ
ᠠᠷᠪᠠᠨ ᠵᠠᠬᠠᠰ ᠬᠤᠪᠴᠠᠰᠤ ᠶ᠋ᠢ ᠸᠠᠢᠳᠤᠨ
ᠠᠯᠢ ᠶ᠋ᠢ ᠨᠢ ᠠᠪᠤᠭᠠᠳ ᠡᠮᠦᠰᠪᠡᠴᠦ ᠸᠠᠢᠳᠤᠨ
ᠮᠠᠩᠨᠤᠭ ᠲᠣᠷᠭ᠎ᠠ ᠪᠠᠢᠳᠠᠭ ᠳ᠋ᠣᠣ ᠸᠠᠢᠳᠤᠨ

ᠨᠠᠢ᠍ᠮᠠᠨ ᠬᠠᠨ᠎ᠠ ᠲᠠᠢ ᠥᠷᠥᠭᠡᠨ ᠳ᠋ᠦ᠍ ᠪᠡᠨ
ᠨᠠᠷᠠ ᠪᠣᠯᠵᠤ ᠰᠠᠭᠤᠶ᠎ᠠ ᠳᠠ
ᠨᠠᠢ᠍ᠮᠠᠨ ᠵᠠᠰᠠᠭ ᠤ᠋ᠨ ᠡᠮᠦᠨ᠎ᠡ ᠡᠴᠡ
ᠲᠥᠪᠴᠢᠯᠡᠵᠦ ᠰᠠᠭᠤᠶ᠎ᠠ ᠳᠠ

ᠵᠢᠷᠭᠤᠭᠠᠨ ᠬᠠᠨ᠎ᠠ ᠲᠠᠢ ᠥᠷᠥᠭᠡᠨ ᠳ᠋ᠦ᠍ ᠪᠡᠨ
ᠵᠢᠷᠤᠭ ᠪᠣᠯᠵᠤ ᠰᠠᠭᠤᠶ᠎ᠠ ᠳᠠ
ᠵᠢᠷᠭᠤᠭᠠᠨ ᠵᠠᠰᠠᠭ ᠤ᠋ᠨ ᠡᠮᠦᠨ᠎ᠡ ᠡᠴᠡ
ᠲᠥᠪᠴᠢᠯᠡᠵᠦ ᠰᠠᠭᠤᠶ᠎ᠠ ᠳᠠ

ᠬᠤᠸᠠ ᠴᠣᠬᠣᠷ ᠮᠣᠷᠢ ᠨᠢ
ᠬᠣᠷᠢᠨ ᠳᠥᠷᠪᠡᠨ ᠨᠠᠰᠤ ᠲᠠᠢ
ᠬᠠᠭᠤᠴᠢᠨ ᠰᠠᠢᠳ ᠤ᠋ᠨ ᠦᠷ᠎ᠡ ᠨᠢ
ᠳᠡᠯᠮᠡᠯᠵᠡᠭᠦᠯᠦᠭᠰᠡᠭᠡᠷ ᠠᠢᠰᠤᠢ ᠳᠠ

ᠬᠤᠯᠤᠰᠤᠲᠤ ᠨᠠᠭᠤᠷ ᠤ᠋ᠨ ᠵᠠᠬ᠎ᠠ ᠳ᠋ᠤ᠌
ᠬᠤᠯᠠᠨ ᠴᠣᠬᠣᠷ ᠠᠳᠤᠭᠤᠬᠠᠢ ᠲᠠᠢ
ᠬᠤᠷᠢᠶᠠᠬᠤ ᠭᠡᠬᠦ ᠶ᠋ᠢᠨ ᠦᠶ᠎ᠡ ᠳᠦ
ᠦᠦᠷ ᠦ᠋ᠨ ᠴᠣᠯᠮᠣᠨ ᠠᠳᠠᠯᠢᠬᠠᠨ

ᠵᠡᠭᠡᠰᠦᠲᠦ ᠨᠠᠭᠤᠷ ᠤ᠋ᠨ ᠵᠠᠬ᠎ᠠ ᠳ᠋ᠤ᠌
ᠵᠢᠭᠡᠨ ᠴᠣᠬᠣᠷ ᠠᠳᠤᠭᠤᠬᠠᠢ
ᠬᠤᠷᠢᠶᠠᠬᠤ ᠭᠡᠬᠦ ᠶ᠋ᠢᠨ ᠦᠶ᠎ᠡ ᠳᠦ
ᠦᠦᠷ ᠦ᠋ᠨ ᠴᠣᠯᠮᠣᠨ ᠠᠳᠠᠯᠢᠬᠠᠨ

ᠲᠦᠮᠡᠨ ᠠᠭᠲᠠ ᠪᠠᠨ ᠵᠢᠭᠰᠠᠭᠠᠨ
ᠳᠥᠷᠥᠭᠡ ᠬᠠᠰᠢᠵᠤ ᠮᠣᠷᠳᠠᠶ᠎ᠠ
ᠲᠦᠮᠡᠨ ᠲᠥᠷᠥᠯ ᠢ᠋ᠶ᠋ᠡᠨ ᠵᠠᠯᠠᠵᠤ
ᠨᠠᠢᠷᠯᠠᠵᠤ ᠬᠠᠮᠲᠤ ᠰᠠᠭᠤᠶ᠎ᠠ ᠳᠠ

ᠵᠠᠭᠤᠨ ᠠᠭᠲᠠ ᠪᠠᠨ ᠵᠢᠭᠰᠠᠭᠠᠨ
ᠵᠤᠤᠵᠠᠢ ᠬᠣᠯᠪᠣᠵᠤ ᠮᠣᠷᠳᠠᠶ᠎ᠠ
ᠵᠠᠭᠤᠨ ᠲᠥᠷᠥᠯ ᠢ᠋ᠶ᠋ᠡᠨ ᠵᠠᠯᠠᠵᠤ
ᠨᠠᠢᠷᠯᠠᠵᠤ ᠬᠠᠮᠲᠤ ᠰᠠᠭᠤᠶ᠎ᠠ ᠳᠠ