5-6ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠤᠯᠠᠭᠠᠨ ᠨᠣᠳ᠂ ᠲᠣᠮᠣᠭᠣ ᠲᠠᠭᠰᠢᠭᠤᠷ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 5-6ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠤᠯᠠᠭᠠᠨ ᠨᠣᠳ᠂ ᠲᠣᠮᠣᠭᠣ ᠲᠠᠭᠰᠢᠭᠤᠷ

5-6ᠲᠣᠪᠳᠠᠨᠨᠢᠮ᠎ᠠ ᠶ᠋ᠢᠨ ᠡᠮᠴᠢᠯᠡᠭᠡᠨ ᠦ᠌ ᠵᠣᠷ ᠵᠠᠰᠠᠯ- ᠤᠯᠠᠭᠠᠨ ᠨᠣᠳ᠂ ᠲᠣᠮᠣᠭᠣ ᠲᠠᠭᠰᠢᠭᠤᠷ

ᠠᠩᠭᠢᠯᠠᠯ:ᠡᠷᠡᠭᠦᠯ ᠡᠩᠬᠡ
2023-07-03

260

ᠤᠯᠠᠭᠠᠨ ᠨᠣᠳ᠂ ᠲᠣᠮᠣᠭᠣ ᠲᠠᠭᠰᠢᠭᠤᠷ

ᠵᠢᠷᠭᠤᠭ᠎ᠠ᠂ ᠤᠯᠠᠭᠠᠨ ᠨᠣᠳ
ᠤᠯᠠᠭᠠᠨ ᠨᠣᠳ ᠤ᠋ᠨ ᠰᠢᠯᠲᠠᠭᠠᠨ ᠨᠢ ᠬᠢᠵᠢᠭ ᠬᠠᠯᠠᠭᠤᠨ ᠶᠡᠷᠦ ᠯᠦ᠍ᠭᠡ ᠠᠳᠠᠯᠢ᠂ ᠰᠤᠳᠠᠯ ᠰᠢᠭᠡᠰᠦ ᠨᠢ ᠮᠠᠭᠠᠳ ᠦᠭᠡᠢ᠃ ᠮᠢᠬᠠᠨ ᠤ᠋ ᠥᠩᠭᠡ ᠤᠯᠠᠭᠠᠨ᠂ ᠨᠢᠷᠤᠭᠤᠨ ᠳᠡᠭᠡᠷ᠎ᠡ ᠤᠯᠠᠭᠠᠨ ᠲᠣᠯᠪᠣ ᠭᠠᠷᠴᠤ᠂ ᠨᠢᠳᠦᠨ ᠰᠤᠳᠠᠯ ᠤᠯᠠᠢᠬᠤ᠂ ᠭᠦᠪᠳᠦᠷᠦᠦ ᠨᠢ ᠨᠢᠭᠡ ᠬᠣᠨᠣᠭ ᠥᠩᠭᠡᠷᠡᠪᠡᠯ ᠳᠡᠢᠯᠦᠩᠭᠦᠢ ᠨᠢ ᠬᠠᠲᠠᠬᠤ ᠪᠣᠯᠠᠢ᠃
ᠢᠯᠭᠠᠯ ᠨᠢ᠄ ᠬᠠᠷ᠎ᠠ ᠴᠠᠭᠠᠨ᠂ ᠠᠯᠠᠭ ᠭᠡᠵᠦ ᠭᠤᠷᠪᠠ ᠪᠠᠢᠳᠠᠭ᠋᠃
ᠵᠠᠰᠠᠬᠤ ᠠᠷᠭ᠎ᠠ᠄ ᠪᠤᠴᠠᠯᠤᠭᠰᠠᠨ ᠤᠰᠤ᠂ ᠮᠠᠨᠤ—4 ᠳᠠᠩ ᠢ᠋ ᠰᠢᠲᠦᠭᠦᠯ᠂ ᠴᠢᠰᠤ ᠰᠢᠷ᠎ᠠ ᠶ᠋ᠢᠨ ᠬᠤᠪᠢ ᠶᠡᠬᠡ ᠳ᠋ᠦ᠍ᠨᠢ ᠭᠤᠷᠪᠠᠨ ᠦᠷ᠎ᠡ᠂ ᠬᠥᠬᠥᠯ ᠦ᠋ᠨ ᠳᠠᠩ᠂ ᠪᠠᠩᠽᠢ—12᠂ ᠦᠯᠴᠦ(ᠮᠥᠩᠭᠥᠨ ᠤᠰᠤᠨ) ᠤ᠋ ᠨᠠᠢᠷᠠᠯᠲᠠ ᠲᠡᠷᠢᠭᠦᠲᠡᠨ ᠦ᠌ ᠵᠣᠬᠢᠰ ᠢ᠋ ᠦᠵᠡᠨ ᠠᠳᠠᠯᠢᠳᠬᠠᠨ ᠨᠠᠢᠷᠠᠭᠤᠯᠵᠤ᠂ ᠶᠡᠷᠦ ᠶ᠋ᠢᠨ ᠬᠠᠯᠠᠭᠤᠨ ᠮᠡᠲᠦ ᠵᠠᠰᠠᠭᠲᠤᠨ᠃

ᠳᠣᠯᠣᠭ᠎ᠠ᠂ ᠲᠣᠮᠣᠭᠣ ᠲᠠᠭᠰᠢᠭᠤᠷ
ᠬᠠᠨᠢᠶᠠᠳᠤ ᠶ᠋ᠢᠨ ᠰᠢᠯᠲᠠᠭᠠᠨ ᠨᠢ᠄ ᠶᠡᠷᠦ ᠶ᠋ᠢᠨ ᠬᠢᠵᠢᠭ ᠯᠦ᠍ᠭᠡ ᠠᠳᠠᠯᠢ᠂ ᠲᠡᠷᠡ ᠴᠦ᠍ ᠬᠠᠮᠠᠷ ᠤ᠋ᠨ ᠨᠦᠬᠡ᠂ ᠪᠠᠷᠠᠭᠤᠨ ᠵᠡᠭᠦᠨ ᠷᠣᠮ᠎ᠠ᠂ ᠵᠠᠩᠮ᠎ᠠ ᠬᠣᠶᠠᠷ᠂ ᠳᠣᠷᠣᠭᠰᠢ ᠬᠠᠨᠳᠤᠭᠰᠠᠨ ᠠᠮᠠᠰᠠᠷ ᠨᠢ ᠵᠡᠰ ᠪᠦᠷᠢᠶ᠎ᠡ ᠮᠡᠲᠦ ᠣᠩᠭᠣᠢᠵᠤ᠂ ᠲᠡᠭᠦᠨ᠎ᠡ ᠠᠷᠢᠭᠤᠨ ᠪᠤᠰᠤ ᠢᠳᠡᠭᠡᠨ ᠤᠮᠳᠠᠭᠠᠨ᠂ ᠶᠠᠪᠤᠳᠠᠯ ᠬᠣᠯᠢᠯᠳᠤᠭᠰᠠᠨ ᠪᠠ ᠬᠥᠯᠥᠰᠥ ᠰᠢᠪᠡᠭᠰᠡᠨ᠂ ᠦᠨᠦᠷ ᠲᠤᠰᠤᠭᠰᠠᠨ ᠨᠥᠬᠥᠴᠡᠯ ᠡᠴᠡ ᠮᠥᠨ ᠬᠦ᠌ ᠲᠡᠷᠡ ᠰᠤᠳᠠᠯ ᠬᠠᠨᠢᠶᠠᠳᠤᠨ ᠳ᠋ᠤ᠌ ᠪᠠᠭᠤᠭᠰᠠᠨ ᠲᠤᠯᠠ ᠲᠣᠮᠣᠭᠣ ᠲᠠᠭᠰᠢᠭᠤᠷ ᠭᠡᠮᠡᠨ ᠨᠡᠷᠡᠢᠳᠪᠡ᠃
ᠵᠠᠰᠠᠬᠤ ᠠᠷᠭ᠎ᠠ ᠨᠢ᠄ ᠯᠢᠳᠡᠷᠢ᠂ ᠭᠤᠷᠪᠠᠨ ᠦᠷ᠎ᠡ᠂ ᠳ᠋ᠢᠭᠳᠡ᠂ ᠮᠠᠨᠤ᠂ ᠬᠤᠩᠯᠧᠨ ᠦ᠌ ᠳᠠᠩ ᠢ᠋ ᠥᠭᠴᠦ ᠬᠥᠯᠥᠰᠥ ᠭᠠᠷᠭ᠎ᠠ᠃ ᠬᠠᠯᠠᠭᠤᠨ ᠢ᠋ ᠪᠣᠯᠪᠠᠰᠤᠷᠠᠭᠤᠯᠬᠤ ᠪᠠ ᠨᠢᠲᠤᠯᠬᠤ ᠶ᠋ᠢ ᠬᠠᠮᠲᠤᠷᠠᠭᠤᠯᠤᠨ ᠦᠢᠯᠡᠳ᠃ ᠲᠣᠮᠣᠭᠣ ᠬᠠᠨᠢᠶᠠᠳᠤ ᠶ᠋ᠢ ᠶᠡᠷᠦ ᠶ᠋ᠢᠨ ᠬᠢᠵᠢᠭ ᠡᠪᠡᠳᠴᠢᠨ ᠮᠡᠲᠦ ᠵᠠᠰᠠᠭᠲᠤᠨ᠃ ᠬᠠᠮᠠᠷ ᠤ᠋ᠨ ᠬᠠᠨᠢᠶᠠᠳᠤ ᠬᠥᠳᠡᠯᠪᠡᠰᠦ ᠠᠷᠪᠠᠢ ᠶ᠋ᠢᠨ ᠠᠭᠤᠷ ᠤ᠋ᠨ ᠵᠢᠩ ᠢ᠋ ᠣᠯᠠᠨᠲᠠ ᠦᠢᠯᠡᠳ᠃ ᠬᠥᠬᠥᠯ᠂ ᠬᠥᠬᠡ ᠶᠤᠷᠤᠭ᠋᠂ ᠠᠷᠤᠷ᠎ᠠ᠂ ᠠᠷᠨᠠᠭ᠋᠂ ᠯᠠᠩᠲ᠋ᠠᠩᠼᠢ ᠶ᠋ᠢ ᠬᠣᠯᠢᠵᠤ ᠬᠠᠮᠠᠷ ᠢ᠋ᠶ᠋ᠠᠷ ᠣᠲᠣᠪᠠᠰᠤ ᠬᠠᠮᠠᠷ ᠤ᠋ᠨ ᠤᠰᠤ ᠵᠣᠭᠰᠣᠬᠤ᠂ ᠢᠳᠡᠭᠡᠨ ᠶᠠᠪᠤᠳᠠᠯ ᠢ᠋ ᠶᠡᠷᠦ ᠶ᠋ᠢᠨ ᠬᠠᠯᠠᠭᠤᠨ ᠮᠡᠲᠦ ᠮᠡᠳᠡᠵᠦ ᠦᠢᠯᠡᠳ᠃
   ᠦᠰᠦᠭ ᠠᠮᠢᠯᠠᠭᠤᠯᠤᠭᠰᠠᠨ ᠨᠢ᠄ ᠦᠯᠵᠡᠢᠪᠠᠭᠠᠲᠤᠷ
   ᠬᠢᠨᠠᠭᠰᠠᠨ ᠨᠢ᠄ ᠣᠳᠬᠠᠨᠰᠤ᠎ᠠ