ᠮᠠᠯᠴᠢᠨ ᠴᠢᠨᠠᠷ-ᠬᠠᠷᠬᠠᠲᠠᠨ ᠷ᠂ ᠴᠢᠷᠮᠠᠢᠯᠲᠤМалчин чанар-хархтан р, чармайлт
ᠮᠠᠯᠴᠢᠨ ᠴᠢᠨᠠᠷ
ᠬᠠᠷᠬᠠᠲᠠᠨ ᠷ᠂ ᠴᠢᠷᠮᠠᠢᠯᠳᠤ
ᠬᠥᠯ ᠦᠢᠮᠡᠭᠡᠨ ᠡᠴᠡ ᠵᠠᠢᠳᠠᠭᠤᠬᠠᠨ ᠮᠠᠯᠴᠢᠨ ᠴᠢᠨᠠᠷ
ᠬᠥᠳᠡᠭᠡ ᠭᠠᠳᠠᠭ᠎ᠠ ᠨᠠᠮᠵᠢᠭᠤᠬᠠᠨ ᠮᠠᠯᠴᠢᠨ ᠴᠢᠨᠠᠷ
ᠬᠥᠩᠭᠡᠨ ᠬᠠᠭᠤᠳᠠᠮ ᠭᠡᠵᠦ ᠭᠣᠯᠣᠳᠠᠭ ᠦᠭᠡᠢ ᠮᠠᠯᠴᠢᠨ ᠴᠢᠨᠠᠷ
ᠬᠥᠭᠡᠷᠦᠬᠦᠢ ᠮᠠᠯ ᠢ᠋ᠶ᠋ᠠᠨ ᠭᠡᠵᠦ ᠭᠠᠳᠠᠭᠤᠷᠴᠢᠯᠠᠳᠠᠭ ᠦᠭᠡᠢ ᠮᠠᠯᠴᠢᠨ ᠴᠢᠨᠠᠷ
ᠬᠥᠷᠥᠩᠭᠡ ᠬᠣᠭᠰᠢᠯ ᠳ᠋ᠤ᠌ ᠴᠤ᠌ ᠭᠣᠷᠢᠯᠠᠳᠠᠭ ᠦᠭᠡᠢ ᠮᠠᠯᠴᠢᠨ ᠴᠢᠨᠠᠷ
ᠬᠦᠢᠲᠡᠨ ᠬᠠᠯᠠᠭᠤᠨ ᠢ᠋ ᠴᠦ᠍ ᠣᠢᠰᠢᠶᠠᠳᠠᠭ ᠦᠭᠡᠢ ᠮᠠᠯᠴᠢᠨ ᠴᠢᠨᠠᠷ
ᠬᠥᠯᠥᠰᠥ ᠣᠯᠭᠣᠮᠵᠢ ᠪᠠᠷ ᠴᠦ᠍ ᠬᠡᠮᠵᠢᠳᠡᠭ ᠦᠭᠡᠢ ᠮᠠᠯᠴᠢᠨ ᠴᠢᠨᠠᠷ
ᠬᠡᠳᠦᠢ ᠬᠠᠲᠠᠭᠤᠵᠢᠯᠲᠠᠢ ᠴᠤ᠌ ᠳᠠᠭᠤᠯᠤᠭᠠᠳ ᠯᠠ ᠭᠠᠷᠳᠠᠭ ᠮᠠᠯᠴᠢᠨ ᠴᠢᠨᠠᠷ
ᠮᠠᠯᠴᠢᠨ ᠴᠢᠨᠠᠷ ᠮᠠᠭᠠᠳ ᠢᠯᠡᠷᠡᠭᠦᠯᠦᠭᠡ ᠦᠭᠡᠢ ᠲᠡᠷᠢᠭᠦᠨ ᠴᠢᠨᠠᠷ!
ᠮᠠᠯᠴᠢᠨ ᠴᠢᠨᠠᠷ ᠮᠢᠩᠭᠠᠨ ᠡᠷᠳᠡᠮ ᠦ᠋ᠨ ᠲᠡᠭᠦᠰ ᠴᠢᠨᠠᠷ
ᠡᠮᠴᠢ᠂ ᠳᠣᠮᠴᠢ᠂ ᠰᠢᠨᠵᠢᠯᠡᠭᠡᠴᠢ᠂ ᠰᠤᠳᠤᠯᠤᠭᠠᠴᠢ ᠮᠠᠯᠴᠢᠨ ᠴᠢᠨᠠᠷ
ᠡᠶᠡᠯᠳᠡᠭ ᠵᠥᠭᠡᠯᠡᠨ ᠠᠰᠠᠷᠠᠭᠴᠢ᠂ ᠰᠤᠪᠢᠯᠠᠭᠴᠢ ᠮᠠᠯᠴᠢᠨ ᠴᠢᠨᠠᠷ
ᠡᠷᠳᠡᠮ ᠲᠡᠭᠦᠰ ᠦᠨᠡᠨ ᠦ᠌ ᠲᠡᠭᠷᠢ ᠮᠠᠯᠴᠢᠨ ᠴᠢᠨᠠᠷ
ᠡᠩ ᠶᠢᠷᠲᠢᠨᠴᠦ ᠶ᠋ᠢᠨ ᠢᠷᠡᠭᠡᠳᠦᠢ ᠶ᠋ᠢᠨ ᠰᠢᠨᠵᠢ ᠮᠠᠯᠴᠢᠨ ᠴᠢᠨᠠᠷ
ᠨᠢᠭᠡᠬᠡᠨ ᠬᠤᠷᠠᠭ᠎ᠠ᠂ ᠠᠷᠪᠠᠭᠠᠳ ᠭᠤᠨ᠎ᠠ ᠶ᠋ᠢ ᠢᠯᠭᠠᠨ ᠦᠵᠡᠳᠡᠭ ᠦᠭᠡᠢ ᠮᠠᠯᠴᠢᠨ ᠴᠢᠨᠠᠷ
ᠨᠢᠰᠭᠡ ᠰᠢᠪᠠᠭᠤ᠂ ᠨᠠᠮᠤᠭ ᠤ᠋ᠨ ᠮᠡᠯᠡᠬᠡᠢ ᠳ᠋ᠦ᠍ ᠠᠳᠠᠯᠢᠬᠠᠨ ᠬᠠᠨᠳᠤᠳᠠᠭ ᠮᠠᠯᠴᠢᠨ ᠴᠢᠨᠠᠷ
ᠨᠡᠢᠲᠡ ᠶ᠋ᠢᠨ ᠰᠦᠷᠦᠭ᠂ ᠬᠠᠮᠲᠤ ᠶ᠋ᠢᠨ ᠥᠪ ᠲᠦ᠍ ᠠᠮᠢᠨ ᠬᠠᠢᠷᠠᠲᠠᠢ ᠮᠠᠯᠴᠢᠨ ᠴᠢᠨᠠᠷ
ᠨᠢᠮᠭᠡᠨ ᠵᠠᠶᠠᠭ᠎ᠠ᠂ ᠵᠤᠵᠠᠭᠠᠨ ᠪᠤᠶᠠᠨ ᠳ᠋ᠤ᠌ ᠢᠵᠢᠯᠬᠡᠨ ᠦᠵᠡᠯᠲᠡ ᠲᠡᠢ ᠮᠠᠯᠴᠢᠨ ᠴᠢᠨᠠᠷ᠁
ᠮᠠᠯᠴᠢᠨ ᠴᠢᠨᠠᠷ ᠮᠠᠭᠠᠳ ᠢᠯᠡᠷᠡᠭᠦᠯᠦᠭᠡ ᠦᠭᠡᠢ ᠲᠡᠷᠢᠭᠦᠨ ᠴᠢᠨᠠᠷ
ᠮᠠᠯᠴᠢᠨ ᠴᠢᠨᠠᠷ ᠮᠢᠩᠭᠠᠨ ᠡᠷᠳᠡᠮ ᠦ᠋ᠨ ᠲᠡᠭᠦᠰ ᠴᠢᠨᠠᠷ!
ᠦᠰᠦᠭ ᠴᠣᠬᠢᠵᠤ ᠠᠮᠢᠯᠠᠭᠰᠠᠨ ᠨᠢ᠄ ᠬᠠᠷᠬᠠᠲᠠᠨ ᠷ᠂ ᠴᠢᠷᠮᠠᠢᠯᠳᠤ
ᠬᠢᠨᠠᠭᠴᠢ᠄ ᠨᠤᠮᠤᠴᠢᠨ ᠪᠢᠯᠢᠭ
