ᠴᠣᠯᠮᠣᠨ ( ᠪᠠᠭ᠎ᠠ ᠰᠤᠷᠭᠠᠭᠤᠯᠢ ᠶᠢᠨ ᠬᠡᠯᠡ ᠪᠢᠴᠢᠭ)Цолмон ( Бага сургуулийн хэл бичиг)
ᠴᠣᠯᠮᠣᠨ
ᠤᠷᠤᠯᠲᠤᠵᠤ ᠶᠠᠪᠤᠭᠰᠠᠨ ᠭᠤᠷᠪᠠ ᠶ᠋ᠢ ᠣᠷᠬᠢᠭᠠᠳ
ᠤᠷᠳᠤ ᠪᠠᠨ ᠶᠠᠪᠤᠭᠰᠠᠨ ᠳᠥᠷᠪᠡ ᠶ᠋ᠢ ᠭᠦᠢᠴᠡᠭᠡᠳ
ᠴᠣᠬᠣᠷ ᠳᠠᠬ᠋ᠠ ᠵᠢᠷᠢᠢᠬᠦ ᠪᠡᠷ ᠶ᠋ᠢᠡᠨ ᠵᠢᠷᠢᠢᠨᠡ
ᠴᠣᠯᠮᠣᠨ ᠬᠦᠦ ᠮᠡᠷᠡᠶ᠋ᠢᠬᠦ ᠪᠡᠷ ᠶ᠋ᠢᠡᠨ ᠮᠡᠷᠡᠶ᠋ᠢᠨᠡ᠃
ᠪᠠᠷᠢᠶᠠᠨ ᠪ ᠭᠠᠵᠠᠷ ᠴᠤ᠌ ᠬᠠᠷᠠᠭᠲᠠᠯᠠ᠃
ᠪᠠᠶᠠᠷᠯᠠᠬᠤ ᠴᠠᠭ ᠴᠤ᠌ ᠣᠶ᠋ᠢᠷᠠᠲᠤᠯ᠎ᠠ᠃
ᠭᠠᠨᠵᠤᠤᠷ ᠪᠠᠶᠠᠨ ᠪ ᠬᠤᠷᠲᠤᠨ ᠵᠡᠭᠡᠷᠳᠡ
ᠭᠠᠭᠴᠠᠭᠠᠷ ᠶ᠋ᠢᠠᠨ ᠲᠡᠷᠢᠭᠦᠯᠡᠵᠦ ᠶᠠᠪᠤᠨ᠎ᠠ᠃
ᠴᠣᠬᠣᠷ ᠨᠢ ᠬᠠᠩᠭᠢᠨᠠᠲᠠᠯ᠎ᠠ ᠢᠨᠴᠠᠭᠠᠪᠠ᠃
ᠴᠣᠯᠮᠣᠨ ᠨᠢ ᠳᠦᠩᠭᠢᠨᠡᠲᠡᠯ᠎ᠡ ᠭᠤᠤᠭᠯᠠᠪᠠ᠃
ᠵᠡᠭᠡᠷ᠎ᠡ ᠰᠢᠭ᠌ ᠵᠡᠭᠡᠷᠳᠡ ᠶ᠋ᠢ ᠭᠦᠢᠴᠡᠭᠡᠳ ᠢᠷᠡᠯ᠎ᠡ
ᠵᠡᠷᠭᠡᠴᠡᠵᠦ ᠣᠴᠢᠭᠠᠳ ᠵᠤᠤᠵᠠᠢ ᠬᠣᠯᠪᠣᠯᠠ᠃
ᠬᠣᠶᠠᠷ ᠳᠠᠬ᠋ᠠ ᠴᠢᠬᠢ ᠪᠡᠨ ᠰᠣᠯᠪᠢᠭᠠᠳ
ᠬᠠᠷ᠎ᠠ ᠬᠤᠷᠳᠤ ᠪᠠᠷ ᠶ᠋ᠢᠠᠨ ᠳᠠᠪᠬᠢᠨ᠎ᠠ᠃
ᠬᠣᠶᠠᠷ ᠬᠡᠦᠬᠡᠳ ᠢᠨᠢᠶᠡᠮᠰᠦᠭᠯᠡᠭᠡᠳ
ᠠᠯᠢ ᠪᠠᠶ᠋ᠢᠲᠠᠭ ᠶ᠋ᠢᠠᠷ ᠶ᠋ᠢᠠᠨ ᠲᠡᠮᠡᠦᠯᠦᠨ᠎ᠡ᠃
ᠰᠠᠶ᠋ᠢᠬᠠᠨ ᠤᠯᠠᠭᠠᠨ ᠪᠦᠴᠡ ᠨᠢ
ᠰᠠᠯᠬᠢᠨ ᠳ᠋ᠦ᠍ ᠳᠡᠷᠪᠡᠯᠵᠡᠨ ᠨᠠᠮᠢᠷᠠᠬᠤ ᠨᠢ
ᠬᠥᠮᠦᠨ ᠪ ᠬᠦᠦ ᠳᠠᠬ᠋ᠠ ᠬᠣᠶᠠᠷ
ᠬᠦᠴᠦ ᠪᠡᠨ ᠰᠢᠯᠬ᠋ᠠ ᠭᠡᠵᠦ ᠰᠢᠪᠡᠨᠡᠬᠦ ᠰᠢᠭ᠌
ᠴᠣᠯᠮᠣᠨ ᠨᠢ ᠵᠢᠯᠣᠭᠣ ᠪᠠᠨ ᠰᠤᠯᠠᠷᠠᠭᠤᠯᠪᠠ
ᠴᠣᠬᠣᠷ ᠨᠢ ᠴᠣᠷᠣᠶ᠋ᠢᠲᠠᠯᠠ ᠪᠠᠨ ᠲᠡᠷᠢᠭᠦᠯᠡᠪᠡ᠃
ᠠᠰᠠᠷ ᠦ᠋ᠨ ᠡᠮᠦᠨ᠎ᠡ ᠵᠢᠯᠣᠭᠣ ᠪᠠᠨ ᠡᠷᠭᠦᠭᠦᠯᠦᠭᠡᠳ
ᠠᠶ᠋ᠢᠷᠠᠭ ᠦ᠋ᠨ ᠲᠠᠪᠤ ᠶ᠋ᠢᠨ ᠡᠬᠢᠨ ᠳ᠋ᠦ᠍ ᠵᠣᠭᠰᠣᠭᠠᠳ
ᠲᠡᠷᠢᠭᠦᠯᠡᠵᠦ ᠢᠷᠡᠭᠰᠡᠨ ᠴᠣᠯᠠ ᠶ᠋ᠢ ᠨᠢ ᠳᠠᠭᠤᠲᠠᠬᠤ ᠳ᠋ᠦ᠍
ᠲᠦᠮᠡᠨ ᠣᠯᠠᠨ ᠪ ᠠᠯᠠᠬ᠋᠎ᠠ ᠪᠠᠨ ᠲᠠᠰᠢᠬᠤ ᠳ᠋ᠦ᠍
ᠴᠠᠷᠭᠢᠯᠠᠭᠰᠠᠨ ᠳᠠᠭᠤᠨ ᠶ᠋ᠢᠠᠷ ᠭᠢᠩᠭᠢᠭᠤᠯᠪᠠ᠃
ᠴᠠᠯᠭᠢᠯᠠᠭᠰᠠᠨ ᠠᠶ᠋ᠢᠷᠠᠭ ᠶ᠋ᠢᠠᠷ ᠮᠣᠷᠢ ᠪᠠᠨ ᠮᠢᠯᠢᠶᠠᠯᠭᠠᠪᠠ᠃
※ᠢᠷᠡᠯᠲᠡ᠄ ᠠᠯᠪᠠᠨ ᠵᠢᠷᠤᠮ ᠦ᠋ᠨ ᠲᠠᠪᠤᠨ ᠵᠢᠯ ᠦ᠋ᠨ ᠳᠦᠷᠢᠮᠲᠦ ᠪᠠᠬ᠋᠎ᠠ ᠰᠤᠷᠭᠠᠭᠤᠯᠢ ᠳ᠋ᠦ᠍ ᠦᠵᠡᠬᠦ
ᠬᠡᠯᠡ ᠪᠢᠴᠢᠭ ᠲᠠᠪᠤᠲᠤᠭᠠᠷ ᠳᠡᠪᠲᠡᠷ
ᠥᠪᠥᠷ ᠮᠣᠩᠭᠣᠯ ᠦ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ
1991 ᠣᠨ ᠪ3 ᠰᠠᠷ᠎ᠠ ᠳ᠋ᠦ᠍ ᠠᠩᠬᠠᠲᠤᠭᠠᠷ ᠬᠡᠪ ᠊ᠢ ᠬᠢᠪᠡ᠃
1994 ᠣᠨ ᠪ4 ᠰᠠᠷ᠎ᠠ ᠳ᠋ᠦ᠍ ᠳᠥᠷᠪᠡᠲᠦᠭᠡᠷ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ᠄ ᠣᠤᠠᠬᠠᠨᠰᠣᠠ᠋
ᠬᠢᠨᠠᠭᠴᠢ᠄ ᠣᠤᠠᠬᠣᠩᠬᠤᠸᠠᠷ
