ᠠᠶᠠᠭᠠᠨ ᠳᠣᠲᠣᠷᠠᠬᠢ ᠰᠡᠳᠬᠢᠯ - ᠲ ᠂ ᠪᠤᠶᠠᠨ Аяган доторх сэтгэл - Т ᠂ Буян ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠶᠠᠭᠠᠨ ᠳᠣᠲᠣᠷᠠᠬᠢ ᠰᠡᠳᠬᠢᠯ - ᠲ ᠂ ᠪᠤᠶᠠᠨ Аяган доторх сэтгэл - Т ᠂ Буян

ᠠᠶᠠᠭᠠᠨ ᠳᠣᠲᠣᠷᠠᠬᠢ ᠰᠡᠳᠬᠢᠯ - ᠲ ᠂ ᠪᠤᠶᠠᠨ Аяган доторх сэтгэл - Т ᠂ Буян

2023-07-02

232

ᠠᠶᠠᠭᠠᠨ ᠳᠣᠲᠣᠷᠠᠬᠢ ᠰᠡᠳᠬᠢᠯ

    
       ᠠᠶᠠᠭᠠᠨ ᠳᠣᠲᠣᠷ᠎ᠠ ᠠᠷᠢᠬᠢ ᠲᠠᠢ ᠂ ᠠᠷᠢᠬᠢᠨ ᠳᠣᠲᠣᠷ᠎ᠠ ᠠᠮᠢᠳᠤᠷᠠᠯ ᠲᠠᠢ ᠂ ᠠᠮᠢᠳᠤᠷᠠᠯ ᠳᠣᠲᠣᠷ᠎ᠠ ᠠᠶᠠᠯᠭᠤ ᠲᠠᠢ ᠂ ᠠᠶᠠᠯᠭᠤᠨ ᠳᠣᠲᠣᠷ᠎ᠠ ᠰᠡᠳᠬᠢᠯ ᠲᠡᠢ ᠃ 
       ᠰᠡᠳᠬᠢᠯ ᠭᠡᠳᠡᠭ ᠰᠠᠨᠵᠢ ᠦᠭᠡᠢ ᠂ ᠰᠡᠲᠡᠷᠡᠭᠡᠳ ᠶᠠᠪᠤᠪᠠᠯ ᠢᠷᠮᠡᠭ ᠦᠭᠡᠢ ᠃ ᠠ ᠂ ᠥᠨᠥ ᠪᠢ ᠠᠬᠢᠯᠲᠠ ᠶ᠋ᠢᠨ ᠬᠠᠪᠤᠷ ᠢ᠋ᠶ᠋ᠠᠨ ᠤᠭᠲᠤᠬᠤ ᠭᠡᠳ ᠠᠶᠠᠭ᠎ᠠ ᠲᠠᠢ ᠠᠷᠢᠬᠢ ᠪᠠᠨ ᠡᠷᠭᠦᠶ᠎ᠡ ––  

              ᠠᠶᠠᠭᠠᠨ ᠳ᠋ᠤ᠌ ᠲᠤᠶᠠᠭ᠎ᠠ ᠪᠠᠭᠤᠵᠠᠢ 

       ᠤᠭᠲᠤᠮᠠᠯ ᠴᠡᠴᠡᠭ ᠦ᠋ᠨ ᠪᠤᠯᠪᠠᠷᠠᠢ ᠬᠡᠯᠲᠡᠰ  ᠬᠡᠢᠰᠦᠨ ᠤᠨᠠᠪᠠᠤ ᠂ ᠤᠯᠠᠪᠢᠷ ᠡᠭᠦᠯᠡᠰ ᠦ᠋ᠨ ᠲᠣᠷᠭᠠᠨ ᠥᠭᠡᠳᠡᠰᠦ ᠬᠥᠪᠦᠨ ᠪᠠᠭᠤᠪᠠᠤ ᠂ ᠠᠶᠠᠭ᠎ᠠ ᠳᠦᠭᠦᠷᠡᠩ ᠲᠤᠶᠠᠭ᠎ᠠ ᠠ᠋!
       ᠠᠶᠠᠭᠠᠨ ᠤ᠋ ᠲᠤᠶᠠᠭ᠎ᠠ ᠭᠡᠷᠡᠯ ᠢ᠋ᠶ᠋ᠡᠨ ᠰᠠᠴᠤᠯᠠᠵᠤ ᠂ ᠠᠷᠠᠨᠵᠠᠨ ᠤ᠋ ᠦᠨᠦᠷ ᠠᠩᠬᠢᠯᠤᠮᠠᠯ ᠢ᠋ᠶ᠋ᠠᠨ ᠰᠦᠷᠴᠢᠨ᠎ᠡ ᠃ ᠤᠤᠭᠤᠬᠤ ᠠ᠋ᠴᠠ ᠤᠷᠢᠳ ᠴᠢᠷᠠᠢ ᠨᠢᠯᠴᠢᠭᠢᠨᠡᠵᠦ ᠂ ᠤᠮᠳᠠᠯᠠᠬᠤ ᠠ᠋ᠴᠠ ᠡᠮᠦᠨ᠎ᠡ ᠪᠡᠶ᠎ᠡ ᠬᠠᠯᠠᠭᠤᠷᠠᠨ᠎ᠠ ᠃  
       ᠠ ᠂ ᠠᠮᠢᠳᠤᠷᠠᠯ ᠤ᠋ᠨ ᠠᠷᠢᠬᠢ ᠠ᠋ ᠂ ᠶᠠᠭᠠᠬᠢᠭᠰᠠᠨ ᠢᠳᠡ ᠲᠡᠢ ᠪᠣᠢ ! 
       ᠬᠡᠵᠢᠶ᠎ᠡ ᠪᠢᠯᠡ ᠄ ᠥᠷᠥᠮᠳᠡᠭᠰᠡᠨ ᠬᠢᠷᠠᠭᠤ ᠠᠶᠠᠭᠠᠨ ᠠ᠋ᠴᠠ ᠠᠷᠢᠯᠵᠤ ᠂ ᠦᠵᠡᠰᠬᠦᠯᠡᠩ ᠲᠤᠶᠠᠭ᠎ᠠ ᠠᠷᠢᠬᠢᠨ ᠳ᠋ᠤ᠌ ᠲᠤᠨᠤᠷᠠᠭᠰᠠᠨ ᠴᠢᠨᠢ ? 
       ᠮᠢᠨᠦ ᠵᠢᠷᠦᠬᠡ ᠠᠶᠠᠭᠠᠨ ᠳᠣᠲᠣᠷ᠎ᠠ ᠯᠤᠭᠰᠢᠵᠤ ᠪᠠᠢᠨ᠎ᠠ ᠂ ᠮᠢᠨᠦ ᠵᠢᠷᠦᠬᠡ ᠭᠡᠷᠡᠯ ᠳ᠋ᠦ᠍ ᠤᠬᠢᠶᠠᠭᠳᠠᠭᠠᠳ ᠭᠢᠯᠠᠯᠵᠠᠵᠤ ᠪᠠᠢᠨ᠎ᠠ ! 
       ᠠ ᠂ ᠭᠤᠷᠪᠠᠳᠤᠭᠠᠷ ᠬᠤᠷᠠᠯ ᠤ᠋ᠨ ᠥᠭᠭᠢᠶᠡᠮᠦᠷ ᠬᠤᠷ᠎ᠠ ᠂  ᠭᠤᠪᠠᠢ ᠳᠡᠭᠵᠢᠨ ᠬᠠᠪᠤᠷ ᠤ᠋ᠨ ᠥᠩᠭᠡ ᠠ᠋ ! 
       ᠯᠠᠪᠯᠠᠬᠤᠶ᠎ᠠ ᠄ ᠰᠠᠴᠤᠷᠠᠭᠰᠠᠨ ᠭᠡᠷᠡᠯ ᠲᠣᠭᠣᠨᠣ ᠪᠠᠷ ᠳᠣᠲᠣᠭᠰᠢ ᠬᠠᠷᠪᠤᠵᠤ ᠂ ᠰᠠᠳᠠᠷᠠᠭᠰᠠᠨ ᠲᠤᠶᠠᠭ᠎ᠠ ᠴᠣᠩᠬᠣ ᠪᠠᠷ ᠨᠠᠰᠢ ᠪᠠᠨ ᠪᠤᠲᠠᠷᠠᠨ᠎ᠠ ᠃ 
       ᠭᠡᠷᠡᠯ ᠠ᠋᠂ ᠥᠨᠢ ᠬᠣᠨᠣᠭᠰᠢᠭᠠᠰᠠᠢ ! 
       ᠲᠤᠶᠠᠭ᠎ᠠ ᠠ᠋ ᠂ ᠮᠥᠩᠬᠡ ᠰᠠᠭᠠᠳᠠᠭᠠᠰᠠᠢ ! 
       ᠭᠡᠲᠡᠯ᠎ᠡ ᠪᠢ ᠮᠡᠳᠡᠨ᠎ᠡ ᠄ ᠣᠯᠤᠭᠰᠠᠨ ᠭᠡᠷᠡᠯ ᠢ᠋ᠶ᠋ᠡᠨ ᠬᠡᠷᠬᠢᠨ ᠬᠠᠮᠠᠭᠠᠯᠠᠵᠤ ᠶᠠᠭᠠᠬᠢᠵᠤ ᠰᠠᠴᠤᠷᠠᠭᠤᠯᠳᠠᠭ ᠢ᠋ ᠃ 
       ᠲᠤᠶᠠᠭ᠎ᠠ ᠪᠢᠯᠬᠠᠭᠰᠠᠨ ᠠᠶᠠᠭ᠎ᠠ ᠪᠠᠨ ᠪᠢ ᠲᠡᠰᠬᠡᠯ ᠦᠭᠡᠢ ᠲᠡᠪᠡᠷᠢᠨ ᠠᠪᠤᠯ᠎ᠠ ! 
       ᠭᠡᠷᠡᠯ ᠠ᠋ –– ᠮᠢᠨᠦᠬᠢ ! 
       ᠲᠤᠶᠠᠭ᠎ᠠ ᠠ᠋ –– ᠮᠢᠨᠦᠬᠢ ! 
       ᠢᠩᠭᠢᠭᠡᠳ ᠠᠶᠠᠭ᠎ᠠ ᠲᠠᠢ ᠠᠷᠢᠬᠢ ᠪᠠᠨ ᠬᠦᠨᠳᠦᠷᠡᠯ᠎ᠡ ᠁ ᠨᠢᠳᠦ ᠭᠡᠳᠡᠭ ᠨᠣᠭᠲᠣ ᠦᠭᠡᠢ ᠂ ᠨᠢᠰᠦᠭᠡᠳ ᠭᠠᠷᠪᠠᠯ ᠬᠠᠵᠠᠭᠠᠷ ᠦᠭᠡᠢ ᠃ ᠠᠬᠢᠯᠲᠠ ᠶ᠋ᠢᠨ ᠬᠠᠪᠤᠷ ᠢ᠋ᠶ᠋ᠠᠨ ᠪᠡᠯᠭᠡᠯᠡᠬᠦ ᠭᠡᠳ ᠠᠶᠠᠭ᠎ᠠ ᠲᠠᠢ ᠠᠷᠢᠬᠢ ᠪᠠᠨ ᠡᠷᠭᠦᠶ᠎ᠡ —  

                 ᠠᠶᠠᠭᠠᠨ ᠠ᠋ᠴᠠ ᠰᠣᠯᠣᠩᠭ᠎ᠠ ᠲᠠᠲᠠᠵᠠᠢ 

       ᠨᠢᠳᠦ ᠡᠷᠭᠦᠪᠡᠯ ᠄ ᠳᠠᠯᠪᠠᠭ᠎ᠠ ᠲᠤᠭ ᠡᠭᠦᠯᠡ ᠶ᠋ᠢ ᠲᠡᠮᠡᠴᠡᠨ  ᠴᠡᠷᠢᠭᠯᠡᠬᠦ ᠵᠠᠮ ᠢ᠋ ᠰᠤᠩᠭᠠᠵᠤ ᠂ ᠳᠡᠯᠪᠢ ᠪᠡᠨ  ᠵᠠᠳᠠᠷᠠᠭᠤᠯᠤᠭᠰᠠᠨ ᠮᠢᠩᠭᠠᠨ ᠴᠡᠴᠡᠭ ᠠᠶᠠᠯᠠᠯ ᠢ᠋ ᠳ᠋ᠡᠭᠡᠨ ᠮᠢᠷᠠᠯᠵᠠᠨ᠎ᠠ ᠃ 
       ᠭᠡᠨᠡᠳᠲᠡ ᠠᠶᠠᠭ᠎ᠠ ᠲᠠᠢ ᠠᠷᠢᠬᠢᠨ ᠠ᠋ᠴᠠ ᠰᠣᠯᠣᠩᠭ᠎ᠠ ᠲᠠᠲᠠᠵᠠᠢ !
       ᠡᠷᠢᠶᠡᠨ ᠰᠣᠯᠣᠩᠭ᠎ᠠ ᠶᠢᠰᠦᠨ ᠥᠩᠭᠡ ᠪᠡᠷ ᠳᠤᠸᠠᠯᠠᠭᠰᠠᠭᠠᠷ ᠡᠷᠬᠢᠮ ᠬᠦᠰᠡᠯ ᠢ᠋ ᠮᠢᠨᠢ ᠲᠠᠢᠭᠠᠳ ᠨᠢᠰᠦᠯ᠎ᠡ ᠃ ᠤᠤᠭᠤᠬᠤ ᠠ᠋ᠴᠠ ᠤᠷᠢᠳ ᠡᠯᠢᠭᠡ ᠰᠣᠭᠲᠣᠭᠤᠷᠠᠵᠤ ᠂ ᠤᠮᠳᠠᠯᠠᠬᠤ ᠠ᠋ᠴᠠ ᠡᠮᠦᠨ᠎ᠡ ᠵᠢᠷᠦᠬᠡ ᠬᠥᠯᠴᠥᠭᠦᠷᠡᠨ᠎ᠡ ᠃ 
       ᠠ ᠂ ᠠᠮᠢᠳᠤᠷᠠᠯ ᠤ᠋ᠨ ᠠᠷᠢᠬᠢ ᠠ᠋ ᠂ ᠬᠡᠴᠢᠨᠡᠨ ᠰᠢᠳᠢ ᠲᠡᠢ ᠪᠣᠢ! 
       ᠮᠢᠷᠠᠯᠵᠠᠭᠰᠠᠨ ᠰᠣᠯᠣᠩᠭ᠎ᠠ ᠬᠠᠮᠢᠭᠠᠰᠢ ᠨᠢᠰᠴᠦ ᠂ ᠮᠢᠨᠳᠠᠰᠤᠨ ᠦᠵᠦᠭᠦᠷ ᠨᠢ ᠬᠠᠮᠢᠭ᠎ᠠ ᠲᠤᠯᠤᠨ᠎ᠠ ? 
       ᠮᠢᠨᠦ ᠵᠢᠷᠦᠬᠡ ᠠᠶᠠᠭᠠᠨ ᠳᠣᠲᠣᠷ᠎ᠠ ᠳᠣᠭᠳᠣᠯᠵᠤ ᠪᠠᠢᠨ᠎ᠠ ᠂ ᠮᠢᠨᠦ ᠵᠢᠷᠦᠬᠡ ᠰᠣᠯᠣᠩᠭ᠎ᠠ ᠤᠨᠤᠭᠠᠳ ᠳᠣᠪᠲᠣᠯᠵᠤ ᠪᠠᠢᠨ᠎ᠠ !
       ᠠ ᠂ ᠶᠡᠷᠡᠨ ᠣᠨ ᠢ᠋ ᠰᠢᠪᠲᠤᠯᠤᠨ ᠨᠢᠰᠦᠨ᠎ᠡ ᠂ ᠢᠷᠡᠬᠦ ᠵᠠᠭᠤᠨ ᠤ᠋ ᠪᠣᠱᠣᠭ᠎ᠠ ᠶ᠋ᠢ ᠰᠤᠨᠳᠠᠯᠠᠨ᠎ᠠ ᠃  ᠰᠣᠯᠣᠩᠭ᠎ᠠ ᠬᠥᠯᠭᠡᠯᠡᠭᠡᠳ ᠨᠢᠰᠦᠯ᠎ᠡ ᠰᠢᠦ ᠄ ᠭᠢᠯᠪᠠᠬᠤ ᠴᠠᠬᠢᠯᠭᠠᠨ ᠢ᠋ ᠰᠢᠭᠦᠷᠦᠨ ᠠᠪᠴᠤ ᠭᠠᠷᠠᠬ᠎ᠠ ᠶ᠋ᠢᠨ ᠬᠤᠶᠠᠭ ᠲᠠᠭᠠᠨ ᠣᠭᠣᠰᠣᠷ ᠬᠢᠨ᠎ᠡ ᠂ ᠭᠢᠯᠠᠯᠵᠠᠬᠤ ᠡᠦᠲᠦᠨ ᠢ᠋ ᠴᠢᠮᠬᠢᠨ ᠠᠪᠴᠤ ᠭᠠᠩ ᠤ᠋ᠨ ᠲᠤᠭᠤᠯᠭ᠎ᠠ ᠳ᠋ᠠᠭᠠᠨ ᠰᠣᠨᠣᠪᠲᠤᠷ ᠪᠣᠯᠭᠠᠨ᠎ᠠ ! 
       ᠰᠣᠯᠣᠩᠭ᠎ᠠ ᠠ᠋ —ᠥᠩᠭᠡ ᠨᠢ ᠪᠤᠤ ᠯᠠ ᠪᠠᠯᠠᠷ᠎ᠠ !
       ᠬᠦᠰᠡᠯᠡᠩ ᠠ᠋  —ᠦᠵᠡᠭᠦᠷ ᠨᠢ ᠪᠤᠤ ᠯᠠ ᠮᠢᠯᠠᠷ᠎ᠠ! 
       ᠭᠡᠲᠡᠯ᠎ᠡ ᠪᠢ ᠮᠡᠳᠡᠨ᠎ᠡ ᠄ ᠬᠦᠴᠦ ᠣᠶᠤᠨ ᠢ᠋ᠶ᠋ᠠᠨ  ᠰᠢᠪᠬᠠᠬᠤ ᠦᠭᠡᠢ ᠪᠣᠯ ᠬᠦᠰᠡᠯᠡᠩ ᠦ᠋ᠨ ᠴᠡᠴᠡᠭ ᠳᠡᠯᠭᠡᠷᠡᠬᠦ ᠦᠭᠡᠢ ᠶ᠋ᠢ ᠃  
       ᠣᠷᠴᠢᠯᠠᠩ ᠤ᠋ᠨ ᠪᠣᠯᠪᠠᠰᠤᠨ ᠳ᠋ᠤ᠌ ᠣᠶᠤᠨ ᠢ᠋ᠶ᠋ᠠᠨ ᠳᠠᠪᠲᠠᠶ᠎ᠠ ᠂ ᠣᠳᠣᠬᠢᠴᠢᠯᠠᠬᠤ ᠪᠠᠢᠯᠳᠤᠭᠠᠨ ᠳ᠋ᠤ᠌ ᠲᠠᠮᠢᠷ ᠢ᠋ᠶ᠋ᠠᠨ ᠰᠢᠯᠭᠠᠶ᠎ᠠ ! 
       ᠰᠣᠯᠣᠩᠭ᠎ᠠ ᠠ᠋ — ᠥᠨᠥᠳᠥᠷ ᠦ᠋ᠨ ᠬᠦᠰᠡᠯᠡᠩ ᠃ 
       ᠬᠦᠰᠡᠯᠡᠩ ᠠ᠋ — ᠮᠠᠷᠭᠠᠰᠢ ᠶ᠋ᠢᠨ ᠦᠨᠡᠨ ᠃ 
       ᠢᠩᠭᠢᠭᠡᠳ ᠪᠢ ᠠᠶᠠᠭ᠎ᠠ ᠲᠠᠢ ᠠᠷᠢᠬᠢ ᠪᠠᠨ ᠪᠠᠰᠠ ᠨᠢᠭᠡ ᠬᠦᠨᠳᠦᠷᠡᠯ᠎ᠡ! 
       ᠠ ᠂ ᠠᠶᠠᠭᠠᠨ ᠳᠣᠲᠣᠷ᠎ᠠ ᠠᠷᠢᠬᠢ ᠲᠠᠢ ᠂ ᠠᠷᠢᠬᠢᠨ ᠳᠣᠲᠣᠷ᠎ᠠ ᠠᠮᠢᠳᠤᠷᠠᠯ ᠲᠠᠢ ᠂ ᠠᠮᠢᠳᠤᠷᠠᠯ ᠳᠣᠲᠣᠷ᠎ᠠ ᠠᠶᠠᠯᠭᠤ ᠲᠠᠢ ᠠᠶᠠᠯᠭᠤᠨ ᠳᠣᠲᠣᠷ᠎ᠠ ᠰᠡᠳᠬᠢᠯ ᠲᠡᠢ ᠁