ᠲᠣᠭᠣᠷᠤᠨ ᠴᠤᠪᠤᠭ᠎ᠠ- ᠲᠣᠷᠵᠢᠲᠠᠷᠮᠡ· ᠠᠷᠭᠤᠨᠡᠷᠳᠡᠨᠢТогоруун цуваа-дуржидрам· арганаэртэни
ᠲᠣᠭᠣᠷᠤᠨ ᠴᠤᠪᠤᠭ᠎ᠠ
ᠲᠣᠭᠣᠷᠤᠨ ᠴᠤᠪᠤᠭ᠎ᠠ - ᠲᠣᠷᠵᠢᠲᠠᠷᠮᠡ· ᠠᠷᠭᠤᠨᠡᠷᠳᠡᠨᠢ
ᠦᠭᠡ᠄ ᠶᠣ· ᠴᠠᠸᠩᠵᠠᠪ
ᠠᠶ᠎ᠠ᠄ ᠶ᠋ᠢᠨ· ᠮᠠᠭᠰᠤᠷᠵᠠᠪ
ᠳᠠᠭᠤᠴᠢᠨ᠄ ᠲᠣᠷᠵᠢᠲᠠᠷᠮᠡ· ᠠᠷᠭᠤᠨᠡᠷᠳᠡᠨᠢ
ᠲᠣᠭᠣᠷᠤᠨ ᠴᠤᠪᠤᠭ᠎ᠠ ᠬᠣᠰᠢᠭᠤᠷᠠᠨ ᠳᠤᠤᠭᠠᠷᠤᠭᠰᠠᠨ
ᠲᠣᠰᠣᠨ ᠬᠦᠯᠢᠶᠡᠭᠰᠡᠨ ᠬᠠᠪᠤᠷ ᠢᠷᠡᠯ᠎ᠡ ᠳᠠ
ᠲᠣᠮᠣᠭ᠎ᠠ ᠦᠭᠡᠢ ᠨᠠᠰᠤᠨ ᠤ᠋ ᠤᠨᠠᠭᠠᠨ ᠠᠭᠠᠰᠢ ᠪᠠᠷ
ᠲᠠᠨᠢᠯᠴᠠᠬᠤ ᠬᠠᠢᠷ᠎ᠠ ᠪᠠᠨ ᠮᠥᠷᠥᠭᠡᠳᠦᠨ ᠪᠡᠶᠡᠰᠦᠨ᠎ᠡ ᠬᠥ
ᠲᠠᠯ᠎ᠠ ᠬᠥᠨᠳᠡᠢ ᠶ᠋ᠢᠨ ᠠᠭᠤᠳᠠᠮ ᠪᠡᠯᠴᠢᠭᠡᠷ ᠲᠦ᠍
ᠬᠣᠣᠰ ᠲᠣᠭᠣᠷᠤᠤ ᠦᠶᠡᠯᠡᠨ ᠳᠡᠪᠡᠯᠵᠡᠨᠡ ᠬᠥ
ᠲᠠᠪᠢᠯᠠᠩ ᠵᠠᠶᠠᠭ᠎ᠠ ᠲᠠᠢ ᠪᠠᠢᠳᠠᠭ ᠤ᠋ᠨ ᠠᠳᠠᠯᠢ ᠪᠠᠷ
ᠲᠠᠩᠬᠢᠯ ᠬᠣᠣᠰ ᠤ᠋ᠳ ᠪᠣᠯᠵᠣᠭᠠᠨ ᠳ᠋ᠤ᠌ ᠨᠢᠯᠬᠠᠷᠠᠨ᠎ᠠ ᠬᠥ
ᠨᠠᠨᠳᠢᠨ ᠤᠪᠠᠳᠢᠰ ᠢ᠋ᠶ᠋ᠠᠷ ᠮᠥᠩᠬᠡ ᠶ᠋ᠢᠨ ᠬᠣᠯᠪᠣᠭ᠎ᠠ ᠲᠠᠢ
ᠨᠠᠰᠤ ᠪᠠᠷ ᠢ᠋ᠶ᠋ᠠᠨ ᠢᠪᠡᠭᠡᠬᠦ ᠮᠢᠨᠦ ᠬᠠᠢᠷ᠎ᠠ ᠠ᠋
ᠭᠠᠩᠭᠠᠩ ᠴᠡᠩᠬᠡᠷ ᠢᠵᠢᠯᠢᠳᠡᠭᠰᠡᠨ ᠲᠣᠭᠣᠷᠤᠤ
ᠭᠠᠵᠠᠷ ᠡᠩᠬᠦᠷᠡᠢᠯᠡᠨ ᠬᠣᠣᠰᠯᠠᠨ ᠪᠥᠵᠢᠨ᠎ᠡ ᠬᠥ
ᠭᠠᠩ ᠲᠤᠯᠭᠠᠨ ᠳ᠋ᠤ᠌ ᠪᠠᠨ ᠭᠠᠯ ᠢ᠋ᠶ᠋ᠠᠨ ᠨᠣᠴᠣᠭᠠᠨ
ᠭᠠᠷ ᠤ᠋ᠨ ᠰᠢᠮᠡᠵᠢ ᠲᠡᠢ ᠴᠠᠢ ᠪᠠᠨ ᠠᠶᠠᠭᠠᠯᠠᠨ᠎ᠠ ᠬᠥ
ᠨᠢᠯᠬ᠎ᠠ ᠦᠷᠡᠰ ᠢ᠋ᠶ᠋ᠡᠨ ᠳᠠᠰᠬᠠᠨ ᠳᠠᠭᠠᠭᠤᠯᠤᠭᠰᠠᠭᠠᠷ
ᠨᠠᠮᠤᠷ ᠤ᠋ᠨ ᠰᠥᠨᠢ ᠪᠡᠷ ᠡᠷᠲᠡᠯᠡᠨ ᠪᠣᠰᠤᠯ᠎ᠠ ᠲᠠ
ᠨᠣᠢᠷ ᠢ᠋ᠶ᠋ᠠᠨ ᠬᠠᠢᠷᠠᠯᠠᠯ ᠦᠭᠡᠢ
ᠰᠠᠷᠠᠨ ᠰᠡᠷᠡᠭᠰᠡᠭᠡᠷ
ᠨᠠᠮᠪᠠᠯᠢᠭ ᠤᠶᠠᠩᠭ᠎ᠠ ᠲᠠᠢ ᠪᠦᠪᠡᠢ ᠠᠶᠠᠯᠠᠨ᠎ᠠ ᠬᠥ
ᠨᠠᠨᠳᠢᠨ ᠤᠪᠠᠳᠢᠰ ᠢ᠋ᠶ᠋ᠠᠷ ᠮᠥᠩᠬᠡ ᠶ᠋ᠢᠨ ᠬᠣᠯᠪᠣᠭ᠎ᠠ ᠲᠠᠢ
ᠨᠠᠰᠤ ᠪᠠᠷ ᠢ᠋ᠶ᠋ᠠᠨ ᠢᠪᠡᠭᠡᠬᠦ ᠮᠢᠨᠦ ᠬᠠᠢᠷ᠎ᠠ ᠠ᠋
ᠨᠠᠨᠳᠢᠨ ᠤᠪᠠᠳᠢᠰ ᠢ᠋ᠶ᠋ᠠᠷ ᠮᠥᠩᠬᠡ ᠶ᠋ᠢᠨ ᠬᠣᠯᠪᠣᠭ᠎ᠠ ᠲᠠᠢ
ᠨᠠᠰᠤ ᠪᠠᠷ ᠢ᠋ᠶ᠋ᠠᠨ ᠢᠪᠡᠭᠡᠬᠦ ᠮᠢᠨᠦ ᠬᠠᠢᠷ᠎ᠠ ᠠ᠋
ᠮᠢᠨᠦ ᠬᠠᠢᠷ᠎ᠠ ᠠ᠋
ᠦᠰᠦᠭ ᠬᠠᠳᠠᠭᠴᠢ᠄ ᠪᠦᠷᠢᠨᠵᠢᠷᠭᠠᠯ
ᠠᠮᠢᠯᠠᠭᠤᠯᠤᠭᠴᠢ᠄ ᠮᠥᠩᠭᠦᠨᠵᠠᠶᠠᠭᠠ
ᠬᠢᠨᠠᠭᠴᠢ᠄ ᠣᠳᠬᠣᠩᠬᠣᠸᠠᠷ
ᠠᠷᠪᠠᠨ ᠳᠣᠯᠣᠳᠤᠭᠠᠷ ᠵᠥᠪ ᠪᠢᠴᠢᠯᠭᠡ ᠶ᠋ᠢᠨ ᠬᠣᠯᠪᠣᠭ᠎ᠠ᠃
