ᠬᠢᠲᠠᠳ ᠤᠨ ᠭᠠᠢᠬᠠᠮᠰᠢᠭ᠍ᠲᠤ《 ᠲᠩᠷᠢ ᠶ᠋ᠢᠨ ᠵᠠᠮ ᠤᠳ》“ Тэнгэрийн замууд” ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠲᠠᠳ ᠤᠨ ᠭᠠᠢᠬᠠᠮᠰᠢᠭ᠍ᠲᠤ《 ᠲᠩᠷᠢ ᠶ᠋ᠢᠨ ᠵᠠᠮ ᠤᠳ》“ Тэнгэрийн замууд”

ᠬᠢᠲᠠᠳ ᠤᠨ ᠭᠠᠢᠬᠠᠮᠰᠢᠭ᠍ᠲᠤ《 ᠲᠩᠷᠢ ᠶ᠋ᠢᠨ ᠵᠠᠮ ᠤᠳ》“ Тэнгэрийн замууд”

ᠠᠩᠭᠢᠯᠠᠯ:ᠠᠵᠤ ᠠᠬᠤᠢ
2023-07-01

461

ᠬᠢᠲᠠᠳ ᠤᠨ ᠭᠠᠢᠬᠠᠮᠰᠢᠭ᠍ᠲᠤ《 ᠲᠩᠷᠢ ᠶ᠋ᠢᠨ ᠵᠠᠮ ᠤᠳ》

   ᠬᠥᠮᠦᠨ ᠦ᠌ ᠰᠠᠨᠠᠭᠠᠨ ᠳ᠋ᠤ᠌ ᠪᠠᠭᠲᠠᠰᠢ ᠦᠭᠡᠢ ᠵᠦᠢᠯ ᠢ᠋ ᠪᠣᠳᠠᠲᠤ ᠪᠣᠯᠭᠠᠭᠰᠠᠨ ᠢ᠋ ᠭᠠᠢᠬᠠᠮᠰᠢᠭ ᠭᠡᠵᠦ ᠬᠡᠯᠡᠵᠦ ᠪᠣᠯᠤᠨ᠎ᠠ᠃ ᠢᠩᠭᠢᠭᠡᠳ ᠡᠨᠡ ᠴᠠᠭ ᠦᠶ᠎ᠡ ᠳ᠋ᠦ᠍ ᠪᠦᠲᠦᠭᠡᠭᠳᠡᠭᠰᠡᠨ ᠬᠢᠲᠠᠳ ᠤ᠋ᠨ ᠭᠠᠢᠬᠠᠮᠰᠢᠭᠲᠤ ᠵᠠᠮ ᠭᠦᠦᠷ ᠦ᠋ᠨ ᠲᠠᠯ᠎ᠠ ᠪᠠᠷ ᠥᠨᠥᠳᠥᠷ ᠲᠣᠪᠴᠢ ᠲᠠᠨᠢᠯᠴᠠᠭᠤᠯᠬᠤ ᠪᠠᠷ ᠪᠡᠯᠡᠳᠬᠡᠯ᠎ᠡ᠃
   ᠰᠢᠨᠵᠢᠶᠠᠩ ᠤ᠋ᠨ ᠸᠠᠴᠠ ᠶ᠋ᠢᠨ ᠵᠠᠮ᠂ ᠨᠤᠲᠤᠭ ᠤ᠋ᠨ ᠤᠯᠤᠰ ᠡᠭᠦᠨ ᠢ᠋ ᠯᠤᠤ ᠶ᠋ᠢᠨ ᠵᠠᠮ ᠭᠡᠨ᠎ᠡ᠃ ᠳᠡᠭᠡᠷ᠎ᠡ ᠡᠴᠡ ᠨᠢ ᠬᠠᠷᠠᠪᠠᠯ ᠬᠡᠪᠲᠡᠵᠦ ᠪᠣᠢ ᠯᠤᠤ ᠲᠠᠢ ᠠᠳᠠᠯᠢᠪᠲᠤᠷ᠂ ᠰᠢᠨᠵᠢᠶᠠᠩ ᠤ᠋ᠨ ᠸᠠᠴᠠ ᠨᠤᠲᠤᠭ ᠢ᠋ᠶ᠋ᠠᠷ ᠳᠠᠭᠠᠷᠢᠵᠤ᠂ ᠲᠩᠷᠢ ᠮᠥᠷᠥᠯᠡᠭᠰᠡᠨ ᠠᠭᠤᠯᠠᠰ ᠢ᠋ ᠬᠡᠳᠦᠨ ᠠᠷᠪᠠᠨᠲᠠ ᠬᠡᠵᠢᠵᠦ ᠥᠭᠰᠥᠬᠦ ᠪᠠᠷᠲᠠᠭᠠᠲᠤ ᠵᠠᠮ ᠤ᠋ᠨ ᠲᠡᠭᠦᠰᠬᠡᠯ ᠳ᠋ᠦ᠍᠄《 ᠲᠠ ᠠᠮᠢᠳᠤᠷᠠᠯ ᠤ᠋ᠨ ᠢᠶᠠᠨ ᠪᠦᠬᠦ ᠲᠣᠭᠣᠷᠢᠭᠤ ᠵᠠᠮ ᠢ᠋ ᠥᠨᠥᠳᠥᠷ ᠳᠤᠭᠤᠯᠤᠯ᠎ᠠ᠂ ᠣᠳᠣ ᠲᠠᠨ ᠤ᠋ ᠠᠮᠢᠳᠤᠷᠠᠯ ᠳᠠᠷᠳᠠᠩ ᠪᠠᠢᠬᠤ ᠪᠣᠯᠤᠨ᠎ᠠ!》 ᠭᠡᠵᠦ ᠪᠢᠴᠢᠭᠰᠡᠨ ᠪᠠᠢᠳᠠᠭ᠃
   ᠱᠠᠨ ᠰᠢ ᠶ᠋ᠢᠨ ᠲᠢᠶᠠᠨ ᠯᠦᠩ ᠱᠠᠨ ᠠᠦ᠋ᠲ᠋ᠣ᠋ ᠵᠠᠮ ᠭᠠᠵᠠᠷ ᠠ᠋ᠴᠠ ᠭᠤᠷᠪᠠᠨ ᠵᠠᠭᠤ ᠲᠠᠪᠢᠨ ᠮᠧᠲ᠋ᠷ ᠦ᠋ᠨ ᠥᠨᠳᠥᠷ ᠲᠦ᠍ ᠠᠭᠠᠷ ᠬᠦᠯᠦᠭᠯᠡᠭᠰᠡᠨ ᠲᠢᠶᠠᠨ ᠯᠦᠩ ᠱᠠᠨ ᠪᠤᠶᠤ ᠲᠩᠷᠢ ᠶ᠋ᠢᠨ ᠯᠤᠤ ᠶ᠋ᠢᠨ ᠵᠠᠮ᠂ ᠡᠨᠡ ᠵᠠᠮ ᠭᠤᠴᠢᠨ ᠺᠢᠯᠣᠮᠧᠲ᠋ᠷ ᠦᠷᠭᠦᠯᠵᠢᠯᠡᠨ᠎ᠡ᠃ ᠬᠥᠮᠦᠰ ᠭᠠᠯᠵᠠᠭᠤ ᠬᠤᠯᠤᠭᠠᠨ᠎ᠠ ᠲᠠᠢ ᠵᠦᠢᠷᠯᠡᠬᠦ ᠨᠢ ᠤᠨᠤᠭᠰᠠᠨ ᠬᠡᠷᠡᠭ ᠲᠠ ᠬᠠᠷᠠᠯ ᠳᠠ! ᠭᠠᠯᠵᠠᠭᠤ ᠬᠤᠯᠤᠭᠠᠨ᠎ᠠ ᠶᠠᠭ ᠡᠢᠮᠦ ᠵᠠᠮ ᠢ᠋ᠶ᠋ᠠᠷ ᠨᠢᠰᠬᠦ ᠮᠡᠲᠦ ᠬᠤᠷᠳᠤᠯᠠᠳᠠᠭ ᠦᠭᠡᠢ ᠭᠡᠵᠢ ᠦᠦ⁈ ᠬᠡᠷᠪᠡ ᠲᠠ ᠡᠨᠡ ᠵᠠᠮ ᠢ᠋ᠶ᠋ᠠᠷ ᠶᠠᠪᠤᠪᠠᠯ ᠦᠵᠡᠰᠬᠦᠯᠡᠩᠲᠦ ᠠᠭᠤᠯᠠᠰ ᠥᠪᠡᠷᠮᠢᠴᠡ ᠲᠣᠭᠲᠠᠴᠠ ᠲᠠᠢ ᠴᠢᠯᠠᠭᠤᠨ ᠠᠭᠤᠢ ᠭᠠᠢᠬᠠᠮᠰᠢᠭᠲᠤ ᠰᠣᠶᠣᠯ ᠢ᠋ ᠦᠵᠡᠬᠦ ᠪᠣᠯᠤᠨ᠎ᠠ᠃
   ᠬᠤᠪᠧᠢ ᠶ᠋ᠢᠨ ᠰᠧ ᠳ᠋ᠦ᠋ ᠾᠧ ᠭᠦᠦᠷ ᠳᠡᠯᠡᠬᠡᠢ ᠶ᠋ᠢᠨ ᠬᠠᠮᠤᠭ ᠤ᠋ᠨ ᠥᠨᠳᠥᠷ ᠳᠡᠭᠦᠵᠢᠩ ᠭᠦᠦᠷ ᠦ᠋ᠨ ᠨᠢᠭᠡ ᠰᠧ ᠳ᠋ᠦ᠋ ᠾᠧ ᠡᠨᠡ ᠬᠠᠷᠠᠭᠳᠠᠵᠤ ᠪᠠᠢᠨ᠎ᠠ᠃ ᠰᠧ ᠳ᠋ᠦ᠋ ᠾᠧ ᠭᠦᠦᠷ ᠠᠭᠤᠯᠠ ᠶ᠋ᠢᠨ ᠬᠠᠪᠴᠢᠯ ᠳ᠋ᠠᠬᠢ ᠤᠰᠤᠨ ᠤ᠋ ᠭᠠᠳᠠᠷᠭᠤ ᠠ᠋ᠴᠠ ᠳᠡᠭᠡᠭᠰᠢ ᠳᠥᠷᠪᠡᠨ ᠵᠠᠭᠤᠨ ᠶᠡᠷᠡᠨ ᠵᠢᠷᠭᠤᠭᠠᠨ ᠮᠧᠲ᠋ᠷ ᠥᠨᠳᠥᠷ ᠲᠦ᠍ ᠪᠠᠢᠳᠠᠭ᠃ ᠡᠨᠡ ᠨᠢ ᠱᠠᠩᠬᠠᠢ ᠶ᠋ᠢᠨ ᠳᠣᠷᠣᠨ᠎ᠠ ᠶ᠋ᠢᠨ ᠰᠤᠪᠤᠳ ᠲᠧᠯᠸᠢᠰ ᠦ᠋ᠨ ᠴᠠᠮᠬᠠᠭ ᠠ᠋ᠴᠠ ᠴᠤ᠌ ᠥᠨᠳᠥᠷ ᠭᠡᠳ ᠲᠥᠰᠦᠭᠡᠯᠡᠭᠡᠳ ᠦᠵᠡ ᠳᠡ!
   ᠬᠤᠨᠠᠨ ᠤ᠋ ᠲᠩᠷᠢ ᠶ᠋ᠢᠨ ᠬᠠᠭᠠᠯᠭ᠎ᠠ ᠠᠦ᠋ᠲ᠋ᠣ᠋ ᠵᠠᠮ᠂ ᠡᠨᠡ ᠪᠣᠯ ᠲᠩᠷᠢ ᠳ᠋ᠦ᠍ ᠨᠡᠪᠲᠡᠷᠡᠬᠦ ᠵᠠᠮ ᠭᠡᠵᠦ ᠠᠯᠳᠠᠷᠰᠢᠭᠰᠠᠨ ᠲᠩᠷᠢ ᠶ᠋ᠢᠨ ᠬᠠᠭᠠᠯᠭ᠎ᠠ ᠪᠤᠶᠤ ᠲᠢᠶᠠᠨ ᠮᠸᠨ ᠱᠠᠨ ᠵᠠᠮ᠃ ᠳᠠᠯᠠᠢ ᠶ᠋ᠢᠨ ᠲᠦᠪᠰᠢᠨ ᠡᠴᠡ ᠳᠡᠭᠡᠭᠰᠢ ᠬᠣᠶᠠᠷ ᠵᠠᠭᠤ ᠠ᠋ᠴᠠ ᠮᠢᠩᠭ᠎ᠠ ᠬᠣᠶᠠᠷ ᠵᠠᠭᠤᠨ ᠮᠧᠲ᠋ᠷ ᠦ᠋ᠨ ᠥᠨᠳᠥᠷ ᠲᠦ᠍ ᠰᠦᠨᠳᠡᠷᠯᠡᠬᠦ ᠡᠨᠡ ᠵᠠᠮ ᠬᠢᠲᠠᠳ ᠤ᠋ᠨ ᠠᠶᠠᠯᠠᠯ ᠵᠢᠭᠤᠯᠴᠢᠯᠠᠯ ᠤ᠋ᠨ ᠵᠠᠩ ᠵᠢᠶᠠ ᠵᠢᠶᠧ ᠬᠡᠮᠡᠬᠦ ᠠᠯᠳᠠᠷᠲᠤ ᠪᠦᠰᠡ ᠳ᠋ᠦ᠍ ᠪᠠᠢᠳᠠᠭ᠃
   ᠬᠣᠩᠺᠤᠩ(ᠰᠢᠶᠠᠩᠭᠠᠩ)᠂ ᠵᠦᠬᠠᠢ᠂ ᠮᠠᠺᠦ(ᠣᠣᠮᠧᠨ) ᠶᠢᠨ ᠭᠦᠦᠷ᠂ ᠬᠣᠩᠺᠤᠩ(ᠰᠢᠶᠠᠩᠭᠠᠩ) ᠵᠦᠬᠠᠢ᠂ ᠮᠠᠺᠦ(ᠣᠣᠮᠧᠨ) ᠶᠢᠨ ᠭᠦᠦᠷ ᠪᠣᠯ ᠳᠠᠯᠠᠢ ᠳᠠᠮᠨᠠᠭᠤᠯᠤᠨ ᠲᠠᠯᠪᠢᠭᠰᠠᠨ ᠳᠡᠯᠡᠬᠡᠢ ᠶ᠋ᠢᠨ ᠬᠠᠮᠤᠭ ᠤ᠋ᠨ ᠤᠷᠲᠤ ᠭᠦᠦᠷ ᠶᠦᠮ᠃ ᠡᠨᠡ ᠭᠦᠦᠷ ᠳᠠᠯᠠᠢ ᠳᠡᠭᠡᠭᠦᠷ ᠲᠠᠪᠢᠨ ᠲᠠᠪᠤᠨ ᠺᠢᠯᠣᠮᠧᠲ᠋ᠷ ᠦᠷᠭᠦᠯᠵᠢᠯᠡᠨ᠎ᠡ᠃ ᠠᠯᠳᠠᠷᠲᠤ ᠭᠦᠦᠷ ᠢ᠋ ᠵᠠᠭᠤᠨ ᠬᠣᠷᠢᠨ ᠵᠢᠷᠭᠤᠭᠠᠨ ᠲᠡᠷᠪᠤᠮ ᠶᠤᠸᠠᠨ ᠢ᠋ᠶ᠋ᠠᠷ ᠪᠠᠢᠭᠤᠯᠤᠭᠰᠠᠨ ᠪᠥᠭᠡᠳ ᠵᠠᠭᠤᠨ ᠬᠣᠷᠢᠨ ᠵᠢᠯ ᠠᠰᠢᠭᠯᠠᠬᠤ ᠪᠠᠷ ᠲᠣᠭᠠᠴᠢᠭᠰᠠᠨ ᠪᠠᠢᠳᠠᠭ᠃
   ᠭᠦᠢᠵᠧᠦ ᠶ᠋ᠢᠨ ᠴᠢᠶᠠᠨ ᠴᠧᠩ ᠳᠠᠪᠬᠤᠷ ᠭᠦᠦᠷ᠂ ᠡᠨᠡ ᠣᠯᠠᠨ ᠰᠠᠯᠠᠭᠠᠯᠠᠭᠰᠠᠨ ᠳᠠᠪᠬᠤᠷ ᠭᠦᠦᠷ ᠪᠣᠯ ᠲᠣᠯᠣᠭᠠᠢ ᠡᠷᠭᠢᠮ᠎ᠡ ᠪᠠᠢᠭᠤᠯᠤᠮᠵᠢ ᠶᠤᠮ᠃ ᠬᠢᠲᠠᠳ ᠤ᠋ᠨ ᠢᠨᠵᠸᠨ᠋ᠸᠷᠴᠢᠯᠡᠯ ᠦ᠋ᠨ ᠭᠠᠢᠬᠠᠮᠰᠢᠭᠲᠤ ᠰᠢᠢᠳᠦᠯ ᠢ᠋ ᠰᠢᠩᠭᠡᠭᠡᠭᠰᠡᠨ ᠬᠠᠮᠤᠭ ᠤ᠋ᠨ ᠲᠦᠪᠡᠭᠲᠡᠢ ᠠᠳᠠᠷᠠᠮᠠᠲᠠᠢ ᠭᠦᠦᠷ ᠦ᠋ᠨ ᠨᠢᠭᠡ ᠳ᠋ᠦ᠍ ᠵᠦᠢ ᠶᠣᠰᠣ ᠪᠠᠷ ᠨᠡᠷᠡᠯᠡᠭᠳᠡᠳᠡᠭ᠃ ᠡᠨᠳᠡ ᠲᠠ ᠭᠠᠷᠴᠠ ᠪᠠᠨ ᠰᠠᠨᠠᠮᠰᠠᠷ ᠦᠭᠡᠢ ᠪᠤᠷᠤᠭᠤ ᠰᠣᠩᠭᠣᠪᠠᠯ ᠭᠦᠢᠵᠧᠦ ᠳ᠋ᠡᠬᠢ ᠨᠢᠭᠡ ᠡᠳᠦᠷ ᠦ᠋ᠨ ᠠᠶᠠᠯᠠᠯ ᠰᠢᠨ᠎ᠡ ᠪᠡᠷ ᠡᠬᠢᠯᠡᠬᠦ ᠪᠣᠯᠤᠨ᠎ᠠ᠃
   ᠶᠦᠨ ᠬᠦᠢ ᠶ᠋ᠢᠨ ᠪᠧᠢ ᠫᠠᠨ ᠵᠢᠶᠠᠩ ᠭᠦᠦᠷ ᠭᠠᠵᠠᠷ ᠠ᠋ᠴᠠ ᠲᠠᠪᠤᠨ ᠵᠠᠭᠤᠨ ᠵᠢᠷᠠᠨ ᠲᠠᠪᠤᠨ ᠮᠧᠲ᠋ᠷ ᠥᠨᠳᠥᠷ ᠲᠦ᠍ ᠣᠷᠣᠰᠢᠬᠤ ᠡᠭᠦᠯᠡᠨ ᠳ᠋ᠦ᠍ ᠰᠢᠷᠭᠤᠭᠰᠠᠨ ᠭᠦᠦᠷ ᠨᠢ ᠶᠦᠨᠨᠠᠨ ᠭᠦᠢᠵᠧᠦ ᠬᠣᠶᠠᠷ ᠮᠣᠵᠢ ᠶ᠋ᠢ ᠬᠣᠯᠪᠣᠭᠰᠠᠨ ᠮᠢᠩᠭ᠎ᠠ ᠭᠤᠷᠪᠠᠨ ᠵᠠᠭᠤ ᠭᠠᠷᠤᠢ ᠮᠧᠲ᠋ᠷ ᠤᠷᠲᠤ ᠳᠡᠭᠦᠵᠢᠩ ᠭᠦᠦᠷ ᠶᠦᠮ᠃ ᠨᠤᠲᠤᠭ ᠤ᠋ᠨ ᠬᠥᠮᠦᠰ ᠥᠪᠡᠷ ᠬᠣᠭᠣᠷᠣᠨᠳᠣ ᠪᠠᠨ᠄《 ᠰᠢᠨ᠎ᠡ ᠵᠢᠯᠣᠭᠣᠴᠢ ᠵᠢᠷᠦᠬᠡᠯᠡᠵᠦ ᠶᠠᠪᠤᠳᠠᠭ ᠦᠭᠡᠢ᠂ ᠬᠠᠭᠤᠴᠢᠨ ᠵᠢᠯᠣᠭᠣᠴᠢ ᠬᠠᠭᠠᠵᠠᠯᠠᠵᠤ ᠳᠠᠪᠬᠢᠳᠠᠭ ᠦᠭᠡᠢ》 ᠭᠡᠯᠴᠡᠳᠡᠭ ᠪᠢᠯᠡ᠃
ᠵᠠ᠂ ᠪᠢ ᠭᠡᠬᠦ ᠳ᠋ᠦ᠍ ᠬᠣᠩᠺᠤᠩ(ᠰᠢᠶᠠᠩᠭᠠᠩ)᠂ ᠵᠦᠬᠠᠢ᠂ ᠮᠠᠺᠦ( ᠣᠣᠮᠧᠨ) ᠶᠢᠨ ᠭᠦᠦᠷ ᠢ᠋ᠶ᠋ᠡᠷ ᠶᠠᠪᠤᠵᠤ ᠦᠵᠡᠭᠰᠡᠨ᠂ ᠦᠨᠡᠬᠡᠷ ᠭᠣᠶᠣ! ᠠ᠂ ᠮᠢᠨᠦ ᠠᠮᠢᠳᠤᠷᠠᠯ ᠤ᠋ᠨ ᠵᠣᠷᠢᠯᠭ᠎ᠠ ᠪᠤᠰᠤᠳ ᠵᠠᠮ ᠢ᠋ᠶ᠋ᠠᠷ ᠨᠢ ᠵᠠᠪᠠᠯ ᠶᠠᠪᠤᠵᠤ ᠦᠵᠡᠬᠦ᠂ ᠲᠠ ᠴᠤ᠌ ᠭᠡᠰᠡᠨ ᠠᠯᠢ ᠨᠢᠭᠡ ᠪᠡᠷ ᠨᠢ ᠵᠠᠪᠠᠯ ᠶᠠᠪᠤᠵᠤ ᠦᠵᠡᠭᠡᠷᠡᠢ!

   ᠦᠰᠦᠭ ᠠᠮᠢᠯᠠᠭᠤᠯᠤᠭᠴᠢ᠄ ᠮᠥᠩᠬᠡ ᠭᠠᠯ
   ᠦᠰᠦᠭ ᠬᠠᠳᠠᠭᠴᠢ᠄ ᠮᠥᠩᠬᠡ ᠭᠠᠯ
   ᠬᠢᠨᠠᠭᠴᠢ᠄ᠬᠠᠳᠠᠴᠢ· ᠤᠷᠠᠨ᠎ᠠ᠂ᠪᠠᠶᠠᠷᠴᠡᠴᠡᠭ᠂ᠾᠧᠩ ᠸᠧᠢ᠂ᠢᠷᠡᠭᠡᠳᠦᠢ