ᠬᠡᠭᠡᠷ᠎ᠡ ᠶᠢᠨ ᠡᠪᠡᠰᠦ - ᠰ · ᠥᠯᠵᠡᠢᠪᠠᠲᠤ Хээрийн өвс - С · Өлзийбат ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠭᠡᠷ᠎ᠡ ᠶᠢᠨ ᠡᠪᠡᠰᠦ - ᠰ · ᠥᠯᠵᠡᠢᠪᠠᠲᠤ Хээрийн өвс - С · Өлзийбат

ᠬᠡᠭᠡᠷ᠎ᠡ ᠶᠢᠨ ᠡᠪᠡᠰᠦ - ᠰ · ᠥᠯᠵᠡᠢᠪᠠᠲᠤ Хээрийн өвс - С · Өлзийбат

2023-07-01

277

ᠬᠡᠭᠡᠷ᠎ᠡ ᠶᠢᠨ ᠡᠪᠡᠰᠦ


                    ᠬᠡᠭᠡᠷ᠎ᠡ ᠶ᠋ᠢᠨ ᠡᠪᠡᠰᠦ ᠬᠡᠯᠡᠵᠡᠢ ᠭᠡᠨ᠎ᠡ ᠄  

                     1 

       ᠡᠵᠢ ᠮᠢᠨᠢ ᠂ ᠡᠬᠡ ᠪᠣᠯᠤᠭᠰᠠᠨ ᠳᠡᠯᠡᠬᠡᠢ ᠮᠢᠨᠢ! ᠬᠥᠬᠥᠨ ᠡᠴᠡ ᠪᠡᠨ ᠰᠢᠪᠬᠠᠭᠰᠠᠨ ᠳᠤᠰᠤᠯ ᠤᠰᠤ ᠪᠠᠷ ᠢ᠋ᠶ᠋ᠠᠨ ᠨᠠᠮᠠᠶ᠋ᠢ ᠤᠮᠳᠠᠯᠠᠵᠤ᠂ ᠬᠥᠷᠥᠰᠥᠨ ᠳ᠋ᠡᠭᠡᠨ ᠬᠢᠮᠠᠭᠠᠳᠠᠭᠰᠠᠨ ᠮᠥᠬᠥᠯᠢᠭ ᠰᠢᠮ᠎ᠡ ᠪᠡᠷ ᠢ᠋ᠶ᠋ᠡᠨ ᠨᠠᠮᠠᠶ᠋ᠢ ᠲᠡᠵᠢᠭᠡᠭᠰᠡᠭᠡᠷ ᠂ ᠬᠥᠯ ᠮᠢᠨᠢ ᠬᠥᠷᠥᠰᠥᠨ ᠵᠢᠭᠢᠵᠦ ᠂ ᠭᠠᠷ ᠮᠢᠨᠢ ᠭᠠᠵᠠᠷ ᠢ᠋ ᠨᠡᠪᠲᠡᠯᠬᠦ ᠦᠶ᠎ᠡ ᠳ᠋ᠦ᠍ ᠠᠯᠢ ᠣᠯᠠᠨ ᠠᠴᠢᠨᠠᠷ ᠦᠷᠡᠰ ᠦ᠋ᠨ ᠢ᠋ᠶ᠋ᠡᠨ ᠨᠢᠭᠡ ᠪᠣᠯᠭᠠᠵᠤ ᠂ ᠠᠮᠢᠳᠤᠷᠠᠯ ᠤ᠋ᠨ ᠰᠢᠷᠦᠭᠦᠨ ᠤᠷᠤᠰᠬᠠᠯ ᠳ᠋ᠤ᠌ ᠠᠪᠠᠴᠢᠵᠤ  ᠲᠠᠯᠪᠢᠨ᠎ᠠ ᠃ 
       ᠡᠵᠢ ᠮᠢᠨᠢ ᠂ ᠡᠬᠡ ᠪᠣᠯᠤᠭᠰᠠᠨ ᠳᠡᠯᠡᠬᠡᠢ ᠮᠢᠨᠢ ! ᠰᠦ ᠪᠡᠨ ᠰᠢᠪᠬᠠᠭᠰᠠᠨ ᠬᠥᠬᠥ ᠴᠢᠨᠢ ᠬᠠᠮᠰᠢᠢᠵᠤ ᠰᠢᠮ᠎ᠡ ᠪᠡᠨ ᠵᠣᠷᠢᠭᠤᠯᠤᠭᠰᠠᠨ ᠪᠡᠶ᠎ᠡ ᠴᠢᠨᠢ ᠬᠠᠲᠠᠩᠭᠢᠷᠠᠭᠰᠠᠨ ᠴᠤ᠌ ᠦᠭᠡ ᠴᠦ᠍ ᠦᠭᠡᠢ ᠳᠠᠭᠤᠨ ᠴᠤ᠌ ᠦᠭᠡᠢ ᠥᠪᠡᠷ ᠢ᠋ ᠪᠡᠨ  ᠦᠷᠡᠭᠳᠡᠭᠦᠯᠳᠡᠭ ᠨᠢ ᠠ᠋ ᠁ 
       ᠡᠵᠢ ᠮᠢᠨᠢ ᠂ ᠡᠬᠡ ᠪᠣᠯᠤᠭᠰᠠᠨ ᠳᠡᠯᠡᠬᠡᠢ ᠮᠢᠨᠢ!  

                     2 

       ᠡᠷᠬᠡ ᠶ᠋ᠢᠨ ᠬᠦᠷᠳᠦ ᠪᠢ ᠪᠢᠰᠢ ᠂ ᠡᠨᠡ ᠬᠦᠷᠳᠦᠨ ᠦ᠌ ᠳᠣᠣᠷᠠᠬᠢ ᠡᠭᠡᠯ ᠨᠢᠭᠡ ᠬᠥᠮᠦᠨ ᠭᠡᠵᠦ ᠡᠨᠡᠳᠬᠡᠭ ᠦ᠋ᠨ ᠨᠢᠭᠡᠨ ᠡᠪᠦᠭᠡᠨ ᠰᠢᠯᠦᠭᠴᠢ ᠪᠢᠴᠢᠵᠡᠢ ᠭᠡᠨ᠎ᠡ ᠃ 
       ᠲᠡᠷᠡ ᠲᠡᠢᠮᠦ ᠪᠣᠯ  ᠨᠠᠮᠠᠶ᠋ᠢ ᠂ ᠨᠡᠩ ᠶᠠᠭᠤᠨ ᠥᠭᠦᠯᠡᠬᠦ ᠃ 
       ᠲᠦᠮᠡ ᠮᠢᠩᠭᠠᠨ ᠬᠦᠷᠳᠦᠨ ᠦ᠌ ᠳᠣᠣᠷᠠᠬᠢ ᠲᠥᠭᠡ ᠴᠢᠨᠡᠭᠡᠨ ᠡᠪᠡᠰᠦ ᠰᠢᠦ  ᠳᠡ᠃ 
       ᠲᠥᠭᠡ ᠴᠢᠨᠡᠭᠡᠨ ᠪᠣᠯᠪᠠᠴᠤ ᠠᠮᠢ ᠰᠢᠦ ᠃ ᠥᠨᠳᠥᠷᠬᠡᠨ ᠤᠯᠢᠶᠠᠰᠤ ᠥᠴᠦᠬᠡᠨ ᠡᠪᠡᠰᠦ ᠪᠢᠳᠡ ᠬᠣᠶᠠᠷ ᠡᠭᠡᠭᠡ ᠠᠳᠠᠯᠢ ᠡᠬᠡ ᠳᠡᠯᠡᠬᠡᠢ  ᠶ᠋ᠢᠨ ᠦᠷ᠎ᠡ ᠬᠦᠦ᠂ ᠡᠰ ᠢ᠋ᠶ᠋ᠡᠷ ᠪᠦᠲᠦᠭᠰᠡᠨ ᠠᠬ᠎ᠠ ᠳᠡᠭᠦᠦ ᠃ ᠥᠴᠦᠬᠡᠨ ᠪᠣᠯᠪᠠᠴᠤ ᠥᠰᠴᠦ ᠦᠷᠡᠵᠢᠬᠦ ᠶᠣᠰᠣᠲᠠᠢ – ᠡᠨᠡ ᠪᠣᠯ ᠮᠢᠨᠦ ᠡᠷᠬᠡ ᠮᠠᠲᠠᠯ!  

                     3 

       ᠨᠠᠪᠴᠢ ᠮᠢᠨᠢ ᠨᠠᠷᠠᠨ ᠢ᠋ᠶ᠋ᠠᠨ ᠥᠭᠡᠳᠡ ᠬᠠᠨᠳᠤᠭᠰᠠᠨ ᠦᠨᠳᠦᠰᠦ᠃ ᠦᠨᠳᠦᠰᠦ ᠮᠢᠨᠢ ᠬᠥᠷᠥᠰᠥᠨ ᠳᠣᠲᠣᠷ᠎ᠠ ᠳᠡᠯᠭᠡᠭᠰᠡᠨ ᠨᠠᠪᠴᠢ ᠃ 
       ᠨᠠᠪᠴᠢ ᠪᠠᠷ ᠢ᠋ᠶ᠋ᠠᠨ ᠪᠢ ᠨᠠᠷᠠᠨ ᠤ᠋ ᠭᠡᠷᠡᠯ ᠢ᠋ ᠲᠣᠰᠴᠤ ᠂ ᠦᠨᠳᠦᠰᠦ ᠪᠡᠷ ᠢ᠋ᠶ᠋ᠡᠨ ᠪᠢ ᠭᠠᠵᠠᠷ ᠤ᠋ᠨ ᠰᠢᠮ᠎ᠡ ᠶ᠋ᠢ ᠰᠤᠷᠤᠨ᠎ᠠ ᠃ ᠨᠠᠪᠴᠢ ᠦᠨᠳᠦᠰᠦ ᠬᠣᠶᠠᠷ ᠪᠣᠯ ᠮᠢᠨᠦ ᠳᠡᠭᠡᠷ᠎ᠡ ᠳᠣᠣᠷ᠎ᠠ ᠬᠣᠶᠠᠷ ᠮᠥᠴᠢ ᠨᠢᠭᠡ ᠮᠢᠨᠦ᠋ᠲ ᠴᠦ᠍ ᠠᠵᠢᠯ ᠢ᠋ᠶ᠋ᠠᠨ ᠵᠣᠭᠰᠣᠬᠤ ᠦᠭᠡᠢ ᠬᠥᠳᠡᠯᠮᠦᠷᠢᠴᠢ ᠬᠣᠶᠠᠷ ᠡᠷᠬᠡᠲᠡᠨ ᠰᠢᠦ ᠃ 
       ᠲᠡᠭᠦᠨ ᠳ᠋ᠡᠭᠡᠨ ᠲᠦᠰᠢᠵᠦ ᠪᠢ ᠥᠪᠡᠷ ᠢ᠋ ᠪᠡᠨ ᠲᠡᠵᠢᠭᠡᠵᠦ ᠂ ᠦᠷ᠎ᠡ ᠪᠡᠨ ᠪᠣᠢᠵᠢᠭᠤᠯᠵᠤ ᠂ ᠡᠦᠲᠦᠮ ᠢ᠋ᠶ᠋ᠡᠨ ᠵᠠᠯᠭᠠᠵᠤ ᠂ ᠤᠭᠰᠠᠭ᠎ᠠ ᠪᠠᠨ ᠤᠯᠠᠮᠵᠢᠯᠠᠳᠠᠭ ᠠ᠋ ᠃ 

                     4 

       ᠶᠢᠷᠲᠢᠨᠴᠦ ᠶ᠋ᠢᠨ ᠲᠦᠮᠡᠨ ᠪᠣᠳᠠᠰ ᠶᠡᠬᠡ ᠴᠦ᠍  ᠪᠠᠭ᠎ᠠ ᠴᠤ᠌ ᠥᠪᠡᠷ ᠦ᠋ᠨ ᠡᠷᠳᠡᠮ ᠴᠢᠳᠠᠯ ᠲᠠᠢ ᠃ ᠡᠷᠳᠡᠮ ᠴᠢᠳᠠᠯ ᠦᠭᠡᠢ ᠪᠣᠯ ᠡᠨᠡ ᠶᠢᠷᠲᠢᠨᠴᠦ ᠡᠴᠡ ᠡᠷᠲᠡ ᠠᠷᠢᠯᠴᠢᠭᠰᠨᠨ᠃ 
       ᠰᠠᠪᠠᠨ ᠤ᠋ ᠴᠡᠴᠡᠭ ᠰᠠᠢᠬᠠᠨ ᠥᠩᠭᠡ ᠲᠡᠢ ᠪᠣᠯᠬᠣᠷ ᠬᠥᠮᠦᠨ ᠦ᠌ ᠭᠠᠷ ᠢ᠋ᠶ᠋ᠠᠷ ᠠᠰᠠᠷᠠᠭᠳᠠᠬᠤ ᠠᠵᠠ ᠲᠠᠢ ᠃ ᠴᠡᠴᠡᠭ ᠬᠤᠸᠠᠷ ᠭᠡᠵᠦ ᠨᠠᠳᠠᠳᠤ ᠠᠯᠠᠭ᠎ᠠ ᠪᠣᠯᠬᠣᠷ ᠴᠡᠴᠡᠷᠯᠢᠭ ᠲᠦ᠍ ᠣᠷᠣᠬᠤ ᠬᠤᠪᠢ ᠦᠭᠡᠢ ᠃  ᠲᠡᠭᠡᠪᠡᠴᠦ ᠪᠢ ᠲᠡᠭᠦᠨ ᠲᠡᠢ ᠠᠲᠠᠭᠠᠷᠬᠠᠬᠤ ᠦᠭᠡᠢ  ᠃ ᠤᠴᠢᠷ ᠨᠢ ᠤᠷᠭᠤᠮᠠᠯ ᠪᠦᠬᠦᠨ ᠴᠡᠴᠡᠷᠯᠢᠭ ᠲᠦ᠍ ᠣᠷᠣᠴᠢᠬᠠᠪᠠᠯ ᠠᠭᠤᠳᠠᠮ ᠲᠠᠯ᠎ᠠ ᠂ ᠤᠷᠲᠤ ᠶ᠋ᠢᠨ ᠰᠢᠯᠢ ᠂ ᠠᠭᠤᠯᠠ ᠬᠠᠢᠷᠬᠠᠨ ᠴᠥᠮ ᠤᠯᠠᠭᠠᠨ ᠬᠠᠯᠴᠠᠭᠠᠢ ᠪᠣᠯᠴᠢᠬᠤ ᠪᠢᠰᠢᠦ ᠃ 
                     5 

       ᠰᠠᠯᠬᠢᠨ ᠥᠬᠥᠢ ᠨᠡᠭᠡᠷᠡᠨ ᠠᠭᠠᠰᠢ ᠮᠠᠭᠤᠲᠠᠢ ᠃ ᠵᠠᠷᠢᠮ ᠳ᠋ᠠᠭᠠᠨ  ᠨᠠᠮᠠᠶ᠋ᠢ ᠲᠣᠷᠭᠠᠨ ᠠᠯᠴᠢᠭᠤᠷ ᠢ᠋ᠶ᠋ᠠᠷ ᠢᠯᠪᠢᠳᠡᠭ ; ᠵᠠᠷᠢᠮ ᠳ᠋ᠠᠭᠠᠨ  ᠨᠠᠮᠠᠶ᠋ᠢ ᠲᠣᠮᠣ ᠰᠢᠳᠠᠮ ᠢ᠋ᠶ᠋ᠠᠷ ᠪᠠᠯᠪᠠᠳᠠᠭ ᠃ 
       ᠪᠠᠷᠠᠭᠤᠨ ᠠ᠋ᠴᠠ ᠰᠠᠯᠬᠢᠯᠠᠵᠤ ᠪᠠᠬᠠᠨ ᠴᠣᠬᠢᠯᠳᠠᠭ ᠢ᠋ᠶ᠋ᠠᠨ ᠵᠡᠭᠦᠨ ᠡᠴᠡ ᠵᠢᠪᠠᠷᠯᠠᠵᠤ  ᠵᠦᠭ ᠴᠢᠭ ᠦᠭᠡᠢ ᠭᠤᠶᠠᠳᠠᠳᠠᠭ ᠃  
       ᠰᠠᠯᠬᠢᠨ ᠬᠠᠮᠢᠭ᠎ᠠ ᠠ᠋ᠴᠠ ᠡᠭᠦᠰᠬᠦ ᠶ᠋ᠢ ᠰᠠᠨᠰᠠᠷ ᠲᠡᠭᠷᠢ ᠮᠡᠳᠡᠨ᠎ᠡ ᠃ ᠬᠠᠷᠢᠨ ᠪᠢ ᠪᠣᠯ ᠦᠨᠳᠦᠰᠦ ᠪᠡᠷ ᠢ᠋ᠶ᠋ᠡᠨ ᠡᠬᠡ ᠳᠡᠯᠡᠬᠡᠢ ᠲᠡᠢ ᠬᠣᠯᠪᠣᠭᠳᠠᠵᠤ ᠪᠠᠢᠳᠠᠭ ᠪᠣᠯᠬᠣᠷ ᠣᠢᠴᠢᠬᠤ ᠪᠠᠷ ᠣᠢᠴᠢᠪᠠᠴᠤ ᠂ ᠪᠣᠰᠬᠤ ᠪᠠᠷ ᠢ᠋ᠶ᠋ᠠᠨ ᠪᠣᠰᠴᠤ ᠂ ᠤᠷᠭᠤᠬᠤ ᠪᠠᠷ ᠢ᠋ᠶ᠋ᠠᠨ ᠤᠷᠭᠤᠨ᠎ᠠ ᠃ 

                    6 

       ᠡᠪᠦᠯ ᠦᠭᠡᠢ ᠬᠠᠪᠤᠷ᠂ ᠨᠠᠮᠤᠷ ᠦᠭᠡᠢ ᠵᠤᠨ ᠢ᠋ᠶ᠋ᠠᠷ ᠢ᠋ᠶ᠋ᠠᠨ ᠪᠠᠢᠪᠠᠯ ᠥᠲᠡᠯᠦᠰᠢ ᠦᠭᠡᠢ ᠵᠠᠯᠠᠭᠤ ᠪᠠᠷ ᠢ᠋ᠶ᠋ᠠᠨ ᠪᠠᠢᠬᠤ ᠰᠠᠨ ᠃ ᠭᠡᠪᠡᠴᠦ ᠦᠷᠭᠦᠯᠵᠢ ᠵᠤᠨ ᠪᠣᠯ ᠦᠷ᠎ᠡ ᠮᠢᠨᠢ ᠶᠠᠭᠠᠬᠢᠵᠤ ᠪᠣᠯᠪᠠᠰᠤᠷᠠᠬᠤ ᠪᠣᠢ ⁈ ᠦᠨᠳᠦᠰᠦ ᠮᠢᠨᠢ ᠶᠠᠭᠠᠬᠢᠵᠤ ᠵᠠᠯᠭᠠᠬᠤ ᠪᠣᠢ ⁈   
       ᠬᠣᠩᠭᠣᠷ ᠰᠠᠯᠬᠢ ᠪᠣᠯ ᠮᠢᠨᠦ ᠶᠠᠰᠤ ᠶ᠋ᠢ ᠪᠠᠷᠢᠭᠴᠢ ᠪᠥᠭᠡᠳ ᠦᠷ᠎ᠡ ᠶ᠋ᠢᠨ ᠮᠢᠨᠢ ᠡᠬᠡ ᠪᠠᠷᠢᠭᠴᠢ ᠶᠤᠮ   ᠃ ᠰᠠᠯᠬᠢᠨ ᠥᠬᠥᠢ ᠰᠢᠷᠦᠭᠦᠨ ᠭᠠᠷ ᠢ᠋ᠶ᠋ᠠᠷ ᠢ᠋ᠶ᠋ᠠᠨ   ᠮᠢᠨᠦ ᠡᠪᠦᠷ ᠡᠴᠡ ᠦᠷ᠎ᠡ ᠶ᠋ᠢ ᠮᠢᠨᠢ ᠠᠪᠠᠴᠢᠵᠤ ᠂ ᠡᠬᠡ ᠳᠡᠯᠬᠡᠢ ᠶ᠋ᠢᠨ ᠡᠪᠦᠷ ᠲᠦ᠍ ᠭᠡᠬᠦ ᠦᠶ᠎ᠡ ᠡᠴᠡ ᠠᠪᠤᠭᠠᠳ ᠬᠥᠷᠥᠰᠥᠨ ᠳᠣᠣᠷ᠎ᠠ ᠰᠢᠨ᠎ᠡ ᠠᠮᠢᠳᠤᠷᠠᠯ ᠡᠭᠡᠯᠡᠵᠦ ᠰᠢᠨ᠎ᠡ ᠠᠮᠢ ᠪᠣᠢᠵᠢᠨ᠎ᠠ ᠃  
      ᠦᠷ᠎ᠡ ᠪᠤᠯᠠᠭᠳᠠᠭᠰᠠᠨ ᠪᠣᠯᠬᠣᠷ ᠦᠨᠳᠦᠰᠦᠯᠡᠵᠦ ᠰᠣᠶᠣᠭᠠᠯᠠᠬᠤ ᠨᠢ ᠯᠠᠪᠲᠠᠢ ᠃ ᠡᠬᠡ ᠳᠡᠯᠡᠬᠡᠢ ᠬᠥᠬᠥᠨ᠎ᠡᠴᠡ ᠪᠡᠨ  ᠰᠢᠪᠬᠠᠭᠰᠠᠨ ᠳᠤᠰᠤᠯ ᠢ᠋ᠶ᠋ᠠᠷ ᠢ᠋ᠶ᠋ᠠᠨ  ᠲᠡᠳᠡᠨ ᠢ᠋ ᠤᠮᠳᠠᠯᠠᠵᠤ ᠂ ᠬᠥᠷᠥᠰᠥᠨ ᠳ᠋ᠡᠭᠡᠨ ᠬᠢᠮᠠᠭᠠᠳᠠᠭᠰᠠᠨ ᠮᠥᠬᠥᠯᠢᠭ ᠰᠢᠮ᠎ᠡ ᠪᠡᠷ ᠢ᠋ᠶ᠋ᠡᠨ ᠲᠡᠳᠡᠨ ᠢ᠋ ᠲᠡᠵᠢᠭᠡᠭᠰᠡᠭᠡᠷ ᠬᠥᠯ ᠨᠢ ᠬᠥᠷᠥᠰᠥᠨ᠎ᠡ ᠵᠢᠭᠢᠵᠦ ᠂ ᠭᠠᠷ ᠨᠢ ᠭᠠᠵᠠᠷ ᠢ᠋ ᠨᠡᠪᠲᠡᠯᠬᠦ ᠦᠶ᠎ᠡ ᠳ᠋ᠦ᠍ ᠠᠯᠢ ᠣᠯᠠᠨ ᠠᠴᠢᠨᠠᠷ ᠦᠷᠡᠰ ᠦ᠋ᠨ ᠢ᠋ᠶ᠋ᠡᠨ ᠨᠢᠭᠡ ᠪᠦᠯᠦᠭ ᠨᠢ ᠪᠣᠯᠭᠠᠵᠤ ᠂ ᠠᠮᠢᠳᠤᠷᠠᠯ ᠤ᠋ᠨ ᠰᠢᠷᠦᠭᠦᠨ ᠤᠷᠤᠰᠬᠠᠯ ᠳ᠋ᠤ᠌  ᠠᠪᠠᠴᠢᠵᠤ ᠲᠠᠯᠪᠢᠨ᠎ᠠ ᠃  
       ᠡᠭᠦᠨ ᠢ᠋ ᠪᠢ ᠯᠠᠪᠲᠠᠢ ᠮᠡᠳᠡᠪᠡᠴᠦ ᠦᠷᠡᠵᠢᠭᠡᠳ ᠴᠣᠬᠣᠮ ᠬᠡᠳᠦ ᠪᠣᠯᠬᠤ ᠶ᠋ᠢ ᠦᠯᠦ ᠮᠡᠳᠡᠨ᠎ᠡ ᠃