ᠬᠥᠭᠰᠢᠷᠡᠬᠦ ᠭᠡᠵᠦ ᠪᠠᠰᠠ ᠰᠠᠢᠬᠠᠨ-ᠬᠠᠰᠪᠠᠲᠤХөгшрөх гэж бас сайхан-хасбат
ᠬᠥᠭᠰᠢᠷᠡᠬᠦ ᠭᠡᠵᠦ ᠪᠠᠰᠠ ᠰᠠᠢᠬᠠᠨ
ᠵᠣᠬᠢᠶᠠᠭᠰᠠᠨ ᠨᠢ᠄ ᠬᠠᠰᠪᠠᠲᠤ
ᠬᠡᠦᠬᠡᠳ ᠦ᠋ᠨ ᠢᠶᠡᠨ ᠥᠰᠬᠦ ᠶ᠋ᠢ ᠬᠠᠷᠠᠭᠠᠳ
ᠬᠥᠮᠦᠨ ᠪᠣᠯᠴᠢᠬᠠᠵᠠᠢ ᠭᠡᠳ ᠪᠠᠶᠠᠰᠴᠢᠬᠠᠭᠰᠠᠨ᠂
ᠬᠡᠳᠦᠭᠦᠯᠡ ᠬᠡᠳᠦᠭᠦᠯᠡ ᠪᠡᠨ ᠨᠡᠢᠯᠡᠭᠰᠡᠭᠡᠷ ᠯᠡ
ᠬᠡ ᠬᠡ ᠬᠠ ᠬᠠ ᠢᠨᠢᠶᠡᠯᠴᠡᠴᠢᠬᠡᠭᠰᠡᠨ᠂
ᠬᠥᠭᠰᠢᠷᠡᠬᠦ ᠠ᠋! ᠭᠡᠵᠦ ᠪᠠᠰᠠ ᠰᠠᠢᠬᠠᠨ᠃
ᠪᠣᠷᠪᠢᠳᠠᠵᠤ ᠰᠤᠷᠤᠭᠰᠠᠨ ᠡᠪᠦᠭᠡᠨ ᠳᠦ ᠪᠡᠨ ᠡᠷᠡᠢᠴᠢᠬᠡᠭᠰᠡᠨ᠂
ᠪᠤᠷᠤᠭᠤ ᠵᠥᠪ ᠦᠭᠡᠢ ᠶᠠᠷᠢᠵᠤ ᠶᠠᠩᠰᠢᠴᠢᠬᠠᠭᠰᠠᠨ᠂
ᠪᠤᠴᠠᠭᠠᠳ ᠬᠡᠳᠡᠷᠯᠡᠬᠦ ᠪᠡᠷ ᠨᠢ ᠤᠬᠢᠯᠠᠴᠢᠬᠠᠭᠰᠠᠨ᠂
ᠪᠣᠷᠣ ᠮᠥᠷ ᠢ᠋ᠶ᠋ᠡᠷ ᠢᠶᠡᠨ ᠪᠠᠰᠠ ᠮᠠᠷᠲᠠᠴᠢᠬᠠᠭᠰᠠᠨ᠂
ᠪᠤᠭᠤᠷᠤᠯ ᠪᠣᠯᠵᠤ ᠬᠥᠭᠰᠢᠷᠡᠬᠦ ᠠ᠋! ᠭᠡᠵᠦ ᠪᠠᠰᠠ ᠴᠤ᠌ ᠰᠠᠢᠬᠠᠨ᠃
ᠰᠢᠨ᠎ᠡ ᠴᠠᠭ ᠤ᠋ᠨ ᠪᠠᠢᠳᠠᠯ ᠳᠦ ᠵᠣᠬᠢᠴᠠᠭᠤᠯᠴᠢᠬᠠᠭᠰᠠᠨ᠂
ᠰᠢᠷ ᠪᠣᠳᠣᠭ ᠢ᠋ᠶ᠋ᠠᠷ ᠵᠢᠷᠤᠬᠤ ᠪᠠᠨ ᠵᠢᠷᠤᠴᠢᠬᠠᠭᠰᠠᠨ᠂
ᠰᠢᠩᠭᠡᠷᠡᠭᠰᠡᠨ ᠭᠡᠵᠢᠭᠡ ᠪᠡᠨ ᠰᠡᠭᠰᠡᠢᠯᠭᠡᠴᠢᠬᠡᠭᠰᠡᠨ᠂
ᠰᠢᠮ᠎ᠡ ᠲᠡᠵᠢᠭᠡᠯ ᠨᠥᠬᠥᠵᠦ ᠪᠠᠢᠨ᠎ᠠ ᠭᠡᠵᠦ ᠶᠠᠩᠵᠤᠯᠠᠴᠢᠬᠠᠭᠰᠠᠨ᠂
ᠰᠢᠨᠡᠷᠬᠢᠵᠤ ᠬᠥᠭᠰᠢᠷᠡᠬᠦ ᠠ᠋! ᠭᠡᠵᠦ ᠮᠥᠨ ᠴᠦ᠍ ᠰᠠᠢᠬᠠᠨ᠃
ᠣᠯᠤᠭᠰᠠᠨ ᠬᠥᠷᠥᠩᠭᠡ ᠪᠡᠨ ᠬᠢᠮᠠᠭᠠᠳᠠᠴᠢᠬᠠᠭᠰᠠᠨ᠂
ᠣᠯᠤᠭᠠᠳᠤᠢ ᠵᠦᠭ ᠢᠶᠡᠨ ᠵᠢᠳᠬᠦᠴᠢᠬᠡᠭᠰᠡᠨ᠂
ᠣᠯᠠᠨ ᠤ᠋ ᠰᠠᠢᠬᠠᠨ ᠲᠠᠢ ᠠᠲᠠᠭᠠᠷᠬᠠᠴᠢᠬᠠᠭᠰᠠᠨ᠂
ᠣᠪᠣᠯᠵᠠᠬᠤ ᠴᠠᠭ ᠲᠤ᠌ ᠪᠠᠨ ᠣᠪᠣᠯᠵᠠᠴᠢᠬᠠᠭᠰᠠᠨ᠂
ᠣᠨ ᠵᠢᠯ ᠢ ᠡᠯᠡᠭᠡᠵᠦ ᠬᠥᠭᠰᠢᠷᠡᠬᠦ ᠠ᠋! ᠭᠡᠵᠦ ᠪᠠᠰᠠ ᠰᠠᠢᠬᠠᠨ᠃
ᠦᠷ᠎ᠡ ᠶ᠋ᠢᠨ ᠢᠶᠡᠨ ᠰᠠᠢᠨ ᠢ᠋ ᠨᠢ ᠦᠵᠡᠬᠦ ᠵᠢ ᠶᠠᠭᠠᠷᠠᠴᠢᠬᠠᠭᠰᠠᠨ᠂
ᠥᠩᠭᠡᠯᠢᠭ ᠥᠬᠢᠳ ᠢ᠋ ᠦᠵᠡᠪᠡᠯ ᠪᠠᠬᠠᠷᠬᠠᠴᠢᠬᠠᠭᠰᠠᠨ᠂
ᠥᠷᠥᠭᠡᠯ ᠦ᠋ᠨ ᠡᠪᠦᠭᠡᠨ ᠲᠡᠢ ᠦᠯᠢᠭᠡᠷᠴᠢᠯᠡᠴᠢᠬᠡᠭᠰᠡᠨ᠂
ᠥᠪᠡᠷ ᠦ᠋ᠨ ᠡᠪᠦᠭᠡᠨ ᠢᠶᠡᠨ ᠱᠠᠭᠠᠷᠳᠠᠴᠢᠬᠠᠭᠰᠠᠨ᠂
ᠥᠲᠡᠯᠵᠦ ᠬᠥᠭᠰᠢᠷᠡᠬᠦ ᠠ᠋! ᠭᠡᠵᠦ ᠪᠠᠰᠠ ᠰᠠᠢᠬᠠᠨ᠃
ᠭᠡᠷ ᠭᠠᠳᠠᠭ᠎ᠠ ᠦᠭᠡᠢ ᠶᠠᠭᠠᠷᠠᠤ ᠭᠦᠶᠦᠴᠢᠬᠡᠭᠰᠡᠨ᠂
ᠭᠡᠷᠭᠡᠢ ᠠᠯᠳᠠᠷ ᠱᠠᠩᠨᠠᠭᠤᠯᠤᠭᠠᠳ ᠵᠢᠷᠭᠠᠴᠢᠬᠠᠭᠰᠠᠨ᠂
ᠭᠡᠢᠴᠢᠨ ᠵᠣᠴᠢᠨ ᠳ᠋ᠤ᠌ ᠪᠠᠨ ᠴᠢᠷᠠᠢ ᠥᠭᠡᠳᠡ ᠬᠠᠯᠮᠵᠢᠯᠠᠴᠢᠬᠠᠭᠰᠠᠨ᠂
ᠭᠢᠰᠬᠢᠵᠦ ᠠᠯᠬᠤᠬᠤ ᠠ᠋ᠴᠠ ᠡᠬᠢᠯᠡᠨ ᠬᠢᠴᠢᠶᠡᠴᠢᠬᠡᠭᠰᠡᠨ᠂
ᠭᠡᠮ ᠠᠷᠬᠠᠭ ᠦᠭᠡᠢ ᠬᠥᠭᠰᠢᠷᠡᠬᠦ ᠠ᠋! ᠭᠡᠵᠦ ᠮᠥᠨ ᠴᠦ᠍ ᠰᠠᠢᠬᠠᠨ᠃
ᠬᠠᠯᠠᠭᠤᠨ ᠬᠠᠨᠵᠤᠨ ᠳᠡᠭᠡᠷ᠎ᠡ ᠪᠡᠨ ᠭᠠᠷᠤᠭᠠᠳ ᠰᠠᠭᠤᠴᠢᠬᠠᠭᠰᠠᠨ᠂
ᠬᠠᠳᠬᠤᠮᠠᠯ ᠬᠤᠸᠠᠷ ᠲᠠᠢ ᠭᠤᠲᠤᠯ ᠪᠦᠲᠦᠭᠡᠬᠦ ᠭᠡᠵᠦ ᠰᠠᠨᠠᠭᠠᠷᠬᠠᠴᠢᠬᠠᠭᠰᠠᠨ᠂
ᠬᠠᠮᠲᠤ ᠰᠤᠷᠤᠯᠭᠠᠲᠠᠨ ᠳ᠋ᠤ᠌ ᠪᠠᠨ ᠭᠠᠢᠬᠠᠭᠤᠯᠬᠤ ᠭᠡᠵᠦ ᠵᠢᠷᠤᠭᠯᠠᠴᠢᠬᠠᠭᠰᠠᠨ᠃
ᠦᠰᠦᠭ ᠬᠠᠳᠠᠭᠴᠢ᠄ ᠲᠣᠳᠣᠭᠡᠷᠡᠯ
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ᠄ ᠣᠳᠬᠠᠨᠰᠣ᠎ᠡ᠂ᠬᠡᠷᠡᠡᠢᠳ ᠨᠠᠷᠠᠰ
