ᠪᠢ ᠬᠠᠮᠢᠭ᠎ᠠ ᠪᠠᠢᠨ᠎ᠠ – ᠤᠶ᠋ᠢᠲᠤᠪ ᠦ᠋ᠨ ᠣᠴᠢᠨᠭᠠᠯ Би хаана байна – Ойдовийн Очингал
ᠪᠢ ᠬᠠᠮᠢᠭ᠎ᠠ ᠪᠠᠢᠨ᠎ᠠ
ᠪᠢ ᠬᠠᠮᠢᠬ᠋᠎ᠠ ᠪᠠᠢᠨ᠎ᠠ
ᠥᠨᠲᠥᠷ ᠠᠭᠤᠯᠠᠰ ᠦ᠋ᠨ ᠶ᠋ᠢᠡᠨ ᠣᠷᠣᠢ ᠳᠡᠭᠡᠷ᠎ᠡ ᠪᠠᠢᠨ᠎ᠠ᠂
ᠦᠰᠦ ᠪᠡᠨ ᠬᠡᠶ᠋ᠢᠰᠭᠡᠨ ᠵᠣᠭᠰᠣᠵᠤ᠂ ᠠᠲᠤᠭᠤ ᠮᠠᠯ ᠦ᠋ᠨ ᠶ᠋ᠢᠡᠨ ᠮᠥᠷ ᠲᠠᠢ
ᠠᠲᠠᠷ ᠦ᠋ᠨ ᠦᠨᠦᠷ ᠲᠡᠢ ᠰᠦᠨ ᠳ᠋ᠦ᠍ ᠰᠣᠭᠲᠣᠭᠤᠷᠠᠨ ᠪᠠᠢᠨ᠎ᠠ᠃
ᠪᠢ ᠬᠠᠮᠢᠬ᠋᠎ᠠ ᠪᠠᠢᠨ᠎ᠠ
ᠡᠪᠡᠰᠦ ᠲᠡᠢ ᠵᠦᠯᠭᠡ ᠨᠣᠭᠣᠭᠠᠨ ᠬᠥᠪᠴᠢ ᠪᠡᠨ ᠬᠠᠷᠠᠭᠠᠳ ᠂
ᠦᠵᠡᠰᠬᠦᠯᠡᠩᠲᠦ ᠴᠡᠴᠡᠭᠡᠰ ᠦ᠋ᠨ ᠥᠩᠭᠡ ᠶ᠋ᠢᠨ ᠡᠷᠪᠡᠬᠡᠢ ᠲᠡᠢ
ᠳᠡᠨᠵᠢᠨ ᠳᠡᠭᠡᠷ᠎ᠡ ᠪᠡᠨ ᠵᠣᠭᠰᠣᠵᠤ ᠪᠠᠢᠨ᠎ᠠ᠃
ᠪᠢ ᠬᠠᠮᠢᠬ᠋᠎ᠠ ᠪᠠᠢᠨ᠎ᠠ
ᠪᠥᠮᠪᠥᠷᠴᠡᠭ ᠦ᠋ᠨ ᠪᠦᠲᠦᠨ ᠵᠠᠶᠠᠬ᠋᠎ᠠ ᠲᠠᠢ
ᠮᠣᠩᠭᠣᠯ ᠲᠠᠢ ᠪᠠᠨ ᠪᠠᠢᠨ᠎ᠠ᠂
ᠮᠣᠷᠢ ᠲᠠᠢ ᠪᠠᠨ ᠠᠶᠠᠯᠠᠭᠰᠠᠨ
ᠮᠠᠯᠴᠢᠨ ᠠᠪᠤ ᠶ᠋ᠢᠨ ᠮᠥᠩᠭᠥᠨ ᠡᠮᠡᠭᠡᠯ ᠦ᠋ᠨ ᠪᠥᠭᠥᠷᠭᠡᠨ ᠳᠡᠭᠡᠷ᠎ᠡ ᠪᠠᠢᠨ᠎ᠠ᠃
ᠰᠠᠭᠠᠯᠢ ᠰᠦ᠋ ᠪᠡᠷ ᠡᠩᠭᠡᠷ ᠶ᠋ᠢᠡᠨ ᠮᠢᠯᠢᠶᠠᠭᠰᠠᠨ
ᠮᠠᠯᠴᠢᠨ ᠡᠵᠢ ᠶ᠋ᠢᠨ ᠰᠡᠤᠠᠬᠢᠯ ᠳ᠋ᠤᠨᠢ ᠪᠠᠢᠨ᠎ᠠ᠃
ᠪᠢ ᠬᠠᠮᠢᠬ᠋᠎ᠠ ᠪᠠᠢᠨ᠎ᠠ
ᠲᠩᠷᠢ ᠭᠠᠵᠠᠷ ᠦ᠋ᠨ ᠳᠤᠮᠲᠠᠬᠢ
ᠲᠥᠭᠥᠷᠢᠭ ᠴᠠᠭᠠᠨ ᠥᠷᠭᠥᠭᠡ ᠳ᠋ᠦ᠍ ᠪᠠᠢᠨ᠎ᠠ᠂
ᠦᠵᠡᠮᠵᠢ ᠶ᠋ᠢᠨ ᠰᠣᠯᠣᠩᠬ᠋᠎ᠠ ᠢᠯᠭᠠᠷᠠᠭᠤᠯᠤᠭᠰᠠᠨ
ᠣᠯᠢᠷ ᠦ᠋ᠨ ᠳᠠᠭᠤᠨ ᠲᠠᠢ ᠠᠭᠤᠯᠠᠨ ᠳ᠋ᠠᠭᠠᠨ ᠪᠠᠢᠨ᠎ᠠ᠃
ᠪᠢ ᠬᠠᠮᠢᠬ᠋᠎ᠠ ᠪᠠᠢᠨ᠎ᠠ
ᠤᠷᠤᠰᠬᠠᠯ ᠲᠠᠲᠠᠷᠠᠲᠠᠭ ᠦᠭᠡᠢ ᠭᠣᠣᠯ ᠦ᠋ᠨ ᠶ᠋ᠢᠡᠨ ᠳᠡᠷᠭᠡᠳᠡ
ᠬᠥᠬᠡᠳ ᠦ᠋ᠨ ᠠᠭᠤᠲᠠᠮ ᠬᠥᠲᠡᠭᠡ ᠪᠠᠢᠨ᠎ᠠ᠃
ᠪᠢ ᠬᠠᠮᠢᠬ᠋᠎ᠠ ᠪᠠᠢᠨ᠎ᠠ
ᠳᠡᠭᠡᠳᠦ ᠮᠣᠩᠭᠣᠯ ᠦ᠋ᠨ ᠠᠯᠲᠠᠨ ᠰᠢᠷᠣᠢ᠂
ᠳᠡᠭᠡᠲᠦᠰ ᠦ᠋ᠨ ᠪᠤᠶᠠᠨᠲᠤ ᠨᠤᠲᠤᠭ ᠲᠠᠭᠠᠨ ᠪᠠᠢᠨ᠎ᠠ᠃
ᠦᠰᠦᠭ ᠠᠮᠢᠯᠠᠭᠤᠯᠤᠭᠴᠢ ᠄ ᠣᠳᠬᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ᠂ ᠣᠤᠠᠬᠠᠨᠰᠣᠠ᠋
