《ᠮᠣᠩᠭᠣᠯ ᠬᠥᠮᠦᠨ ᠪᠣᠯ ᠠᠷᠢᠬᠢ ᠤᠤᠭᠤ !》 - ᠠᠷᠲᠠᠢ "Монгол хүн бол архи уу !" - Артай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠣᠩᠭᠣᠯ ᠬᠥᠮᠦᠨ ᠪᠣᠯ ᠠᠷᠢᠬᠢ ᠤᠤᠭᠤ !》 - ᠠᠷᠲᠠᠢ "Монгол хүн бол архи уу !" - Артай

《ᠮᠣᠩᠭᠣᠯ ᠬᠥᠮᠦᠨ ᠪᠣᠯ ᠠᠷᠢᠬᠢ ᠤᠤᠭᠤ !》 - ᠠᠷᠲᠠᠢ "Монгол хүн бол архи уу !" - Артай

2023-06-30

290

《ᠮᠣᠩᠭᠣᠯ ᠬᠥᠮᠦᠨ ᠪᠣᠯ ᠠᠷᠢᠬᠢ ᠤᠤᠭᠤ !》


   《ᠮᠣᠩᠭᠣᠯ ᠬᠥᠮᠦᠨ ᠪᠣᠯ ᠠᠷᠢᠬᠢ ᠤᠤᠭᠤ ! 》
  ᠭᠠᠷᠤᠯ ᠨᠢ ᠲᠣᠳᠣ ᠦᠭᠡᠢ ᠡᠨᠡ ᠦᠭᠡ 
  ᠰᠠᠬᠠᠯ ᠲᠠᠢ ᠰᠠᠬᠠᠯ ᠦᠭᠡᠢ ᠤᠷᠤᠭᠤᠯ ᠤ᠋ᠨ ᠵᠠᠪᠰᠠᠷ ᠢ᠋ᠶ᠋ᠠᠷ 
  ᠰᠠᠪᠬ᠎ᠠ ᠳᠠᠭᠠᠵᠤ ᠪᠥᠮᠪᠥᠷᠢᠵᠦ ᠪᠠᠭᠤᠭᠠᠳ 
  ᠲᠣᠰᠣ ᠲᠠᠢ ᠬᠠᠭᠤᠷᠤᠯᠭ᠎ᠠ ᠳ᠋ᠤ᠌ ᠪᠦᠳᠦᠷᠢᠵᠦ ᠠᠪᠤᠭᠠᠳ 
  ᠲᠣᠭᠣᠭ᠎ᠠ ᠲᠠᠢ ᠱᠥᠯᠦᠨ ᠳ᠋ᠦ᠍ ᠭᠤᠳᠤᠷᠴᠤ ᠠᠪᠤᠭᠠᠳ 
  ᠭᠤᠢᠪᠢᠩ ᠲᠣᠢᠪᠢᠩ ᠭᠡᠰᠡᠨ ᠬᠥᠮᠦᠨ ᠦ᠌ 
  ᠭᠤᠲᠤᠯ ᠳᠡᠭᠡᠷ᠎ᠡ ᠰᠠᠭᠤᠵᠤ ᠭᠠᠷᠤᠯ᠎ᠠ – 
  ᠬᠠᠰᠢᠶᠠᠨ ᠤ᠋ ᠡᠩᠭᠡᠷ ᠦ᠋ᠨ ᠪᠥᠭᠡᠯᠵᠢᠰᠦᠨ ᠳᠡᠭᠡᠷ᠎ᠡ ᠬᠣᠶᠠᠷ ᠬᠥᠷᠪᠡᠭᠡᠵᠦ ᠠᠪᠤᠭᠠᠳ 
  ᠬᠠᠩᠭᠠᠯᠭ᠎ᠠ ᠶ᠋ᠢᠨ ᠬᠣᠷᠰᠢᠶᠠᠨ ᠤ᠋ ᠬᠡᠷᠡᠮ ᠢ᠋ ᠬᠡᠳᠦ ᠮᠥᠷᠭᠥᠵᠦ ᠦᠵᠡᠭᠡᠳ 
  ᠡᠮᠡᠭᠡᠯ ᠢ᠋ᠶ᠋ᠡᠨ ᠬᠥᠭᠯᠡᠭᠰᠡᠨ ᠮᠣᠷᠢ ᠶ᠋ᠢ ᠳᠠᠭᠠᠵᠤ ᠱᠠᠯᠪᠠᠭ ᠳᠡᠭᠡᠷ᠎ᠡ ᠥᠩᠭᠥᠷᠢᠳᠡᠵᠦ 
  ᠡᠬᠡᠨᠡᠷ ᠢ᠋ᠶ᠋ᠡᠨ ᠠᠯᠠᠭᠠᠳᠠᠭᠰᠠᠨ ᠭᠠᠷ ᠢ᠋ ᠳᠠᠭᠠᠵᠤ ᠬᠡᠢ ᠳᠡᠭᠡᠷ᠎ᠡ ᠡᠷᠭᠢᠯᠳᠦᠵᠦ 
  ᠬᠠᠭᠤᠷᠠᠢ ᠬᠤᠳᠳᠤᠭ ᠲᠤ᠌ ᠲᠥᠭᠡᠷᠢᠵᠦ ᠤᠨᠠᠭᠠᠳ 
  ᠬᠥᠯᠳᠡᠭᠰᠡᠨ ᠬᠥᠯ ᠦ᠋ᠨ ᠬᠠᠵᠠᠭᠤᠳᠠ ᠨᠢᠭᠡ ᠰᠥᠨᠢ ᠳᠠᠭᠵᠢᠵᠤ 
  ᠬᠠᠭᠤᠷᠮᠠᠭ ᠨᠥᠬᠥᠷᠯᠡᠯ  ᠳ᠋ᠦ᠍ ᠲᠠᠲᠠᠭᠳᠠᠵᠤ ᠣᠷᠣᠭᠠᠳ 
  ᠳᠣᠬᠢᠭᠰᠠᠨ ᠲᠣᠯᠣᠭᠠᠢ ᠳᠡᠷᠭᠡᠳᠡ ᠳ᠋ᠦ᠍ᠷ ᠴᠠᠭ ᠣᠭᠰᠣᠢᠵᠤ 
  ᠠᠪᠳᠠᠷ᠎ᠠ ᠶ᠋ᠢᠨ ᠥᠨᠴᠥᠭ ᠢ᠋ ᠮᠥᠷᠭᠥᠵᠦ ᠤᠨᠠᠭᠠᠳ ᠴᠥᠮᠥᠷᠡᠭᠰᠡᠨ ᠦᠭᠡᠢ ᠂ 
  ᠠᠰᠠᠷ ᠤ᠋ᠨ ᠱᠠᠲᠤ ᠪᠠᠷ ᠲᠣᠩᠭᠣᠷᠴᠤ ᠪᠠᠭᠤᠭᠠᠳ ᠬᠡᠮᠬᠡᠷᠡᠭᠰᠡᠨ ᠦᠭᠡᠢ ᠂ 
  ᠠᠩᠬᠠᠨ ᠳ᠋ᠠᠭᠠᠨ ᠬᠣᠨᠣᠭ ᠪᠤᠳᠠᠭᠠᠨ ᠤ᠋ ᠮᠥᠬᠥᠯᠢᠭ ᠡᠴᠡ ᠵᠢᠭᠠᠬᠠᠨ ᠡᠨᠡ ᠦᠭᠡ 
  ᠠᠶᠠᠯᠠᠭᠰᠠᠭᠠᠷ ᠪᠠᠢᠭᠠᠳ ᠠᠶᠠᠭ᠎ᠠ ᠶ᠋ᠢᠨ ᠴᠢᠨᠡᠭᠡᠨ ᠪᠣᠯᠵᠤ 
  ᠠᠢᠯ ᠤ᠋ᠨ ᠦᠨᠡᠰᠦ ᠂   ᠬᠣᠲᠠ ᠶ᠋ᠢᠨ ᠨᠣᠪᠰᠢ 
  ᠠᠯᠢ ᠲᠠᠭᠠᠷᠠᠭᠰᠠᠨ ᠢ᠋ᠶ᠋ᠠᠨ ᠨᠠᠭᠠᠯᠳᠤᠭᠤᠯᠵᠤ ᠠᠪᠤᠭᠠᠳ 
  ᠠᠷᠤᠭ ᠤ᠋ᠨ ᠴᠢᠨᠡᠭᠡᠨ ᠪᠤᠯᠴᠢᠬᠰᠠᠨ ᠵᠠᠯᠠᠷᠠᠨ᠎ᠠ ᠃ 
  ᠠᠷᠤ ᠶ᠋ᠢᠨ ᠭᠤᠳᠤᠮᠵᠢ ᠪᠠᠷ ᠲᠦᠷᠴᠢᠭᠢᠨᠡᠲᠡᠯ᠎ᠡ ᠪᠥᠮᠪᠥᠷᠢᠵᠦ 
  ᠠᠢᠯ ᠤ᠋ᠨ ᠰᠢᠷᠡᠭᠡ ᠶᠢ ᠲᠠᠴᠢᠭᠢᠨᠠᠲᠠᠯ᠎ᠠ ᠳᠡᠯᠡᠳᠴᠦ 
  《ᠠᠬ᠎ᠠ ᠳᠡᠭᠦᠦ ᠨᠠᠷ ᠠ᠋ ᠂ ᠴᠢᠳᠠᠯ ᠢ᠋ᠶ᠋ᠠᠨ ᠰᠢᠯᠭᠠᠶ᠎ᠠ !》 ᠭᠡᠵᠦ 
  ᠠᠮᠠ ᠶ᠋ᠢ ᠨᠢ ᠵᠢᠭᠡᠯᠡᠭᠡᠳ ᠡᠨᠡ ᠦᠭᠡ ᠬᠠᠰᠬᠢᠷᠤᠨ᠎ᠠ ᠃ 
  ᠠᠯᠤᠰ ᠤ᠋ᠨ ᠣᠲᠣᠷ ᠢ᠋ᠶ᠋ᠠᠷ ᠰᠦᠷᠴᠢᠭᠢᠨᠡᠲᠡᠯ᠎ᠡ ᠥᠩᠭᠥᠷᠢᠳᠡᠵᠦ 
  ᠠᠶᠠᠭᠠᠨ ᠤ᠋ ᠢᠷᠮᠡᠭ ᠢ᠋ ᠬᠠᠭᠠᠷᠠᠲᠠᠯ᠎ᠠ ᠮᠥᠷᠭᠥᠭᠦᠯᠵᠦ 
  ᠠᠷᠢᠬᠢᠨ ᠳ᠋ᠤ᠌ ᠠᠨᠠᠢ ᠰᠢᠨ᠎ᠡ 《 ᠬᠦᠴᠦᠨ 》 ᠢ᠋ᠶ᠋ᠡᠨ 
  ᠠᠯᠪᠠᠳᠠᠵᠤ ᠴᠢᠬᠢᠳᠡᠭᠡᠳ ᠡᠨᠡ ᠦᠭᠡ 《 ᠬᠥᠮᠦᠵᠢᠭᠦᠯᠦᠨ᠎ᠡ 》 ᠃ 
  ᠲᠡᠨᠢᠭᠡᠷ ᠠᠭᠤᠳᠠᠮ ᠨᠤᠲᠤᠭ ᠤ᠋ᠨ 
  ᠲᠡᠷᠭᠡᠨ ᠳᠡᠭᠡᠷ᠎ᠡ ᠂ ᠲᠡᠮᠡᠭᠡᠨ ᠳᠡᠭᠡᠷ᠎ᠡ 
  ᠡᠩᠭᠡᠷ ᠳᠡᠭᠡᠷ᠎ᠡ ᠂ ᠨᠠᠢᠷ ᠳᠡᠭᠡᠷ᠎ᠡ 
  ᠡᠵᠡᠨ ᠦ᠌ ᠵᠠᠷᠯᠢᠭ ᠰᠢᠭ᠋ ᠬᠦᠨᠳᠦᠯᠡᠭᠳᠡᠵᠦ 
  ᠡᠷᠡᠬᠡᠢ ᠬᠤᠷᠤᠭᠤ ᠪᠠᠷ ᠮᠢᠯᠢᠶᠠᠭᠳᠠᠵᠤ 
  ᠡᠨᠡ ᠦᠭᠡ ᠪᠥᠮᠪᠥᠭᠡᠨᠡᠨ᠎ᠡ ᠁  

  ᠰᠢᠨᠵᠢᠯᠡᠬᠦ ᠤᠬᠠᠭᠠᠨ ᠨᠡᠷ᠎ᠡ ᠲᠡᠢ  
  ᠰᠢᠨ᠎ᠡ ᠴᠠᠭ ᠤ᠋ᠨ ᠵᠠᠯᠠᠭᠤ 
  ᠰᠠᠷᠠᠭᠤᠯ ᠨᠤᠲᠤᠭ ᠢ᠋ ᠵᠣᠷᠢᠵᠤ 
  ᠰᠡᠩᠳᠡ ᠮᠡᠩᠳᠡ ᠶᠠᠪᠤᠵᠤ ᠪᠠᠢᠲᠠᠯ᠎ᠠ 
  ᠥᠭᠡᠳᠡ ᠡᠴᠡ ᠨᠢ 
  ᠥᠷᠥᠭᠡᠰᠦᠨ ᠭᠤᠲᠤᠯ ᠲᠠᠢ ᠬᠥᠯ ᠦ᠋ᠨ ᠬᠠᠵᠠᠭᠤᠳᠠ 
  ᠥᠨᠥ ᠪᠥᠮᠪᠥᠭᠡ ᠡᠨᠡ ᠦᠭᠡ 
  ᠥᠩᠬᠦᠷᠢᠳᠦᠭᠰᠡᠭᠡᠷ 
  ᠡᠮᠦᠨᠡᠰᠢ ᠪᠡᠨ ᠰᠢᠷᠭᠤᠴᠢᠭᠰᠠᠨ ᠬᠥᠮᠦᠨ ᠦ᠌ ᠠᠮᠠ ᠪᠠᠷ  
  ᠥᠨᠳᠥᠷ ᠳᠠᠭᠤ ᠲᠠᠢ 
  ᠵᠠᠩᠳᠦᠴᠢᠭᠰᠠᠭᠠᠷ ᠠᠢᠰᠤᠢ ᠃ 
  ᠵᠠᠯᠠᠭᠤ ᠶᠡᠬᠡᠯ᠎ᠡ ᠰᠣᠨᠢᠷᠬᠠᠵᠤ 
  ᠵᠠᠬ᠎ᠠ ᠳ᠋ᠤᠨᠢ ᠣᠴᠢᠵᠤ ᠪᠠᠷᠢᠭᠠᠳ 
  ᠠᠯᠠᠭ ᠡᠷᠢᠶᠡᠨ ᠪᠥᠮᠪᠥᠭᠡ ᠶ᠋ᠢᠨ 
  ᠠᠷᠠᠰᠤ ᠵᠢ ᠱᠠᠭᠠᠯᠵᠤ ᠡᠬᠢᠯᠡᠵᠡᠢ ᠃ 
  ᠳᠠᠩᠴᠢ ᠣᠯᠠᠨ ᠪᠥᠮᠪᠥᠷᠢᠳᠦᠭᠰᠡᠨ ᠡᠴᠡ ᠵᠤᠵᠠᠭᠠᠨ ᠭᠡᠳᠡᠭ ᠨᠢ ᠬᠡᠷᠡᠭ ᠃ 
  ᠳᠠᠯᠠᠨ ᠳᠠᠪᠬᠤᠷ ᠠᠷᠠᠰᠤ ᠶ᠋ᠢᠨ ᠬᠢᠨᠢ ᠤᠷᠠᠨ ᠭᠡᠳᠡᠭ ᠨᠢ ᠴᠦ᠍ ᠪᠡᠷᠬᠡ 
  ᠵᠠᠯᠠᠭᠤ ᠡᠷ᠎ᠡ ᠶᠠᠳᠠᠷᠠᠵᠤ ᠬᠥᠯᠥᠰᠥ ᠪᠠᠬᠠᠨ ᠭᠠᠷᠴᠠᠢ ᠃ 
  ᠵᠠᠷᠤᠭ᠎ᠠ ᠦᠭᠡᠢ ᠰᠢᠨ᠎ᠡ ᠬᠢᠲᠤᠭ᠎ᠠ ᠪᠠᠨ ᠬᠡᠳᠦ ᠤᠳᠠᠭ᠎ᠠ ᠪᠢᠯᠡᠭᠦᠳᠡᠵᠡᠢ ᠃ 
  ᠨᠠᠷᠠ ᠤᠨᠠᠲᠠᠯ᠎ᠠ ᠨᠣᠴᠣᠯᠳᠤᠭᠠᠳ ᠳᠥᠩᠭᠡᠵᠦ ᠪᠦᠭᠦᠳᠡ ᠶ᠋ᠢ ᠱᠠᠭᠠᠯᠵᠠᠢ ᠃ 
  ᠨᠠᠨᠳᠢᠩᠨᠠᠵᠤ ᠳᠣᠲᠣᠷ᠎ᠠ ᠨᠢ ᠪᠠᠭᠯᠠᠭᠰᠠᠨ ᠨᠢ ᠡᠢᠮᠦ ᠨᠢᠭᠡ ᠦᠭᠡ ᠯᠡ ᠪᠠᠢᠵᠠᠢ ᠃
  《 ᠮᠤᠩᠬᠠᠭ ᠬᠥᠮᠦᠨ ᠪᠣᠯ ᠬᠣᠣᠷᠠᠳᠠᠭᠳᠠ !》
  ᠡᠨᠡ ᠦᠭᠡ ᠨᠢ ᠬᠠᠷᠢᠨ ᠦᠰᠦ ᠣᠷᠭᠣᠴᠢᠬᠠᠭᠰᠠᠨ ᠪᠠᠢᠵᠠᠢ ᠭᠡᠨ᠎ᠡ ᠰᠢᠦ !