ᠡᠢᠮᠦ ᠯᠡ ᠪᠠᠢᠭᠠᠰᠠᠢ- ᠬᠠᠷᠬᠠᠳᠠᠨ ᠷ᠂ ᠴᠢᠷᠮᠠᠢᠯᠳᠤИйм л байгаасай
ᠡᠢᠮᠦ ᠯᠡ ᠪᠠᠢᠭᠠᠰᠠᠢ
ᠬᠠᠷᠬᠠᠳᠠᠨ ᠷ᠂ ᠴᠢᠷᠮᠠᠢᠯᠳᠤ
ᠡᠵᠢ ᠶ᠋ᠢᠨ ᠨᠦᠮᠵᠦᠭᠬᠡᠨ ᠰᠡᠳᠬᠢᠯ ᠲᠡᠢ ᠬᠠᠯᠠᠭᠤᠨ ᠳᠤᠯᠠᠭᠠᠬᠠᠨ ᠥᠯᠥᠭᠡᠢ
ᠡᠷᠳᠡᠮ ᠦ᠋ᠨ ᠶᠡᠬᠡ ᠬᠥᠮᠥᠷᠭᠡ ᠲᠡᠢ ᠬᠠᠮᠤᠭ ᠢ᠋ ᠰᠤᠷᠬᠤ ᠣᠷᠣᠨ
ᠡᠭᠡᠰᠢᠭ ᠳᠣᠯᠣᠭ᠎ᠠ ᠶ᠋ᠢᠨ ᠰᠠᠭᠤᠷᠢ ᠲᠠᠢ ᠥᠨᠳᠥᠷ ᠲᠦ᠍ ᠠᠪᠠᠷᠢᠬᠤ ᠱᠠᠲᠤᠨ
ᠡᠬᠢᠯᠡᠯᠲᠡ ᠶ᠋ᠢᠨ ᠴᠠᠭ ᠨᠢ ᠲᠣᠳᠣᠷᠬᠠᠢ ᠮᠥᠨᠳᠥᠷ ᠡᠴᠡ ᠵᠠᠢᠯᠠᠬᠤ ᠭᠢᠯᠪᠠᠭᠠᠨ!
ᠮᠣᠷᠢᠨ ᠬᠤᠭᠤᠷ ᠤ᠋ᠨ ᠴᠤᠤᠷᠢᠶᠠᠯ ᠲᠠᠢ ᠪᠣᠳᠣᠯ ᠤ᠋ᠨ ᠴᠡᠩᠬᠡᠷ ᠳᠣᠯᠭᠢᠶ᠎ᠠ
ᠮᠣᠯᠣᠷ ᠡᠷᠳᠡᠨᠢ ᠶ᠋ᠢᠨ ᠳᠠᠭᠤᠯᠠᠯ ᠲᠠᠢ ᠰᠤᠳᠠᠯ ᠤ᠋ᠨ ᠤᠯᠠᠭᠠᠨ ᠯᠣᠭᠰᠢᠶᠠ
ᠮᠣᠢᠯ ᠵᠢᠮᠢᠰ ᠦ᠋ᠨ ᠠᠮᠲᠠᠷᠬᠠᠯ ᠲᠠᠢ ᠪᠤᠭᠤ ᠡᠵᠢ ᠶ᠋ᠢᠨ ᠢᠷᠦᠭᠡᠯ
ᠮᠤᠨᠢ ᠭᠠᠯᠳᠤᠨ ᠢ᠋ᠶ᠋ᠠᠷ ᠨᠡᠭᠦᠳᠡᠯ ᠲᠡᠢ ᠪᠥᠷᠲᠡ ᠴᠢᠨᠣ᠎ᠠ ᠶ᠋ᠢᠨ ᠮᠠᠭᠲᠠᠭᠠᠯ
ᠡᠢᠮᠦ ᠯᠡ ᠪᠠᠢᠭᠠᠰᠠᠢ!
ᠡᠰᠡᠷᠸ᠎ᠠ ᠲᠡᠭᠷᠢ ᠶ᠋ᠢᠨ ᠴᠤᠭᠯᠠᠷᠠᠯ ᠮᠢᠨᠢ!
ᠡᠵᠡᠨ ᠰᠠᠩ ᠢ᠋ᠶ᠋ᠠᠨ ᠲᠦᠮᠡᠨᠲᠡ ᠤᠩᠰᠢᠪᠠᠰᠤ
ᠡᠷᠯᠢᠭ ᠴᠢᠮ᠎ᠠ ᠠ᠋ᠴᠠ ᠬᠣᠯᠠᠬᠠᠨ ᠪᠣᠢ!
ᠬᠦᠰᠡᠯ ᠮᠥᠷᠥᠭᠡᠳᠦᠯ ᠳ᠋ᠦ᠍ ᠤᠶᠠᠰᠳᠠᠭ ᠡᠷᠭᠦᠨ᠎ᠡ ᠬᠤᠨ ᠤ᠋ ᠳᠣᠮᠣᠭ ᠲᠠᠢ
ᠬᠥᠮᠦᠨ ᠦ᠌ ᠴᠢᠨᠠᠷ ᠲᠤ᠌ ᠪᠡᠶᠡᠯᠡᠳᠡᠭ ᠡᠵᠢ ᠠᠯᠤᠨ ᠤ᠋ ᠰᠤᠷᠭᠠᠯ ᠲᠠᠢ
ᠬᠥᠬᠡ ᠲᠡᠦᠬᠡᠨ ᠳ᠋ᠦ᠍ ᠪᠡᠨ ᠣᠮᠣᠭᠰᠢᠳᠠᠭ ᠡᠭᠦᠰᠦᠯ ᠨᠢᠭᠤᠴᠠ ᠲᠣᠪᠴᠢᠶᠠᠨ ᠲᠠᠢ
ᠬᠦᠷᠡᠩ ᠵᠢᠷᠦᠬᠡ ᠪᠡᠨ ᠠᠭᠤᠳᠠᠯᠳᠠᠭ ᠶᠢᠷᠲᠢᠨᠴᠦ ᠳ᠋ᠦ᠍ ᠳᠠᠭᠤᠷᠢᠰᠤᠭᠤᠯᠬᠤ ᠲᠠᠩᠭᠠᠷᠢᠭ ᠲᠠᠢ
ᠡᠢᠮᠦ ᠯᠡ ᠪᠠᠢᠭᠠᠰᠠᠢ
ᠡᠰᠡᠷᠸ᠎ᠠ ᠲᠡᠭᠷᠢ ᠶ᠋ᠢᠨ ᠴᠤᠭᠯᠠᠷᠠᠯ ᠮᠢᠨᠢ!
《 ᠡᠷᠳᠡᠨᠢ ᠶ᠋ᠢᠨ ᠲᠣᠪᠴᠢ》 ᠪᠠᠨ ᠲᠤᠩᠭᠠᠭᠠᠨ ᠤᠩᠰᠢᠪᠠᠰᠤ
ᠡᠰᠡᠨᠢᠬᠦ ᠮᠠᠷᠭᠠᠰᠢ ᠴᠢᠨᠢ ᠰᠠᠷᠠᠭᠤᠯᠬᠠᠨ ᠪᠣᠢ!
ᠦᠰᠦᠭ ᠬᠠᠲᠠᠵᠤ ᠠᠮᠢᠯᠠᠭᠰᠠᠨ ᠨᠢ᠄ ᠬᠠᠷᠬᠠᠲᠠᠨ ᠷ᠂ ᠴᠢᠷᠮᠠᠢᠯᠳᠤ
ᠬᠢᠨᠠᠭᠴᠢ᠄ ᠨᠤᠮᠤᠴᠢᠨ ᠪᠢᠯᠢᠭ
