ᠠᠮᠢᠲᠠᠨ - ᠠᠷᠲᠠᠢ Амьтан - Артай
1
ᠴᠡᠯᠮᠡᠭᠰᠡᠨ ᠬᠥᠬᠡ ᠲᠡᠭᠷᠢ ᠶ᠋ᠢᠨ ᠰᠣᠷᠮᠤᠤᠰᠤ ᠨᠢ ᠪᠣᠯᠵᠤ ᠂ ᠵᠡᠯᠡᠯᠡᠭᠰᠡᠨ ᠭᠠᠯᠠᠭᠤᠨ ᠰᠦᠷᠦᠭ ᠠᠨᠢᠪᠴᠢᠵᠤ ᠪᠠᠢᠨ᠎ᠠ ᠃
ᠡᠬᠡ ᠣᠷᠣᠨ ᠤ᠋ ᠮᠢᠨᠢ ᠰᠡᠷᠭᠦᠯᠡᠩ ᠲᠤᠩᠭᠠᠯᠠᠭ ᠬᠡᠦᠬᠡᠨ ᠴᠡᠴᠡᠭᠡᠢ ᠡᠨᠡ ᠰᠣᠷᠮᠤᠤᠰᠤᠨ ᠤ᠋ ᠴᠠᠭᠠᠨᠠᠬᠠᠨ ᠪᠣᠢ ᠁
2
ᠪᠠᠷᠰ ᠦᠭᠡᠢ ᠪᠤᠭᠤ ᠦᠭᠡᠢ ᠠᠭᠤᠯᠠ ᠪᠠᠷᠤᠭᠲᠠᠢ ᠳ᠋ᠤ᠌ ᠰᠡᠷᠢᠳᠡᠭ ᠦᠭᠡᠢ ᠂ ᠵᠡᠭᠦᠳᠦ ᠨᠢ ᠬᠦᠷᠲᠡᠯ᠎ᠡ ᠤᠨᠲᠠᠴᠢᠬᠠᠭᠰᠠᠨ ᠪᠠᠢᠳᠠᠭ᠃
ᠪᠠᠷᠰ ᠲᠠᠢ ᠪᠤᠭᠤ ᠲᠠᠢ ᠠᠭᠤᠯᠠ ᠪᠠᠷᠤᠭᠲᠠᠢ ᠳ᠋ᠤ᠌ ᠦᠷᠭᠡᠯᠡᠳᠡᠭ ᠦᠭᠡᠢ ᠂ ᠵᠡᠭᠦᠦ ᠶ᠋ᠢᠨ ᠰᠦᠪᠡᠭᠴᠢ ᠰᠢᠭ ᠬᠠᠢᠷ ᠨᠢ ᠬᠦᠷᠲᠡᠯ᠎ᠡ ᠰᠡᠷᠢᠭᠦᠨ ᠪᠠᠢᠳᠠᠭ ᠃
3
ᠬᠥᠪᠴᠢ ᠶ᠋ᠢᠨ ᠬᠣᠭᠣᠯᠠᠢ ᠵᠠᠩᠭᠢᠷᠠᠭ᠎ᠠ ᠦᠬᠡᠷ ᠪᠣᠯ
ᠬᠥᠬᠥᠭᠡ ᠶᠢᠨ ᠳᠠᠭᠤᠨ ᠲᠠᠰᠤᠷᠠᠬᠤ ᠶᠣᠰᠣ ᠦᠭᠡᠢ ᠂
ᠬᠥᠳᠡᠭᠡ ᠶ᠋ᠢᠨ ᠰᠠᠢᠬᠠᠨ ᠪᠠᠯᠠᠷᠠᠭ᠎ᠠ ᠦᠭᠡᠢ ᠪᠣᠯ
ᠵᠡᠭᠡᠷ᠎ᠡ ᠶ᠋ᠢᠨ ᠰᠢᠯᠪᠢ ᠬᠤᠭᠤᠷᠠᠬᠤ ᠶᠣᠰᠣ ᠦᠭᠡᠢ ᠃
4
ᠵᠢᠭᠠᠰᠤ ᠤᠰᠤ ᠶ᠋ᠢ ᠬᠥᠭᠵᠢᠮᠳᠡᠵᠦ ᠪᠠᠢᠨ᠎ᠠ ᠃
ᠲᠣᠭᠣᠰ ᠥᠩᠭᠡ ᠶ᠋ᠢ ᠬᠥᠭᠵᠢᠮᠳᠡᠵᠦ ᠪᠠᠢᠨ᠎ᠠ ᠃
ᠡᠷᠪᠡᠬᠡᠢ ᠴᠡᠴᠡᠭ ᠢ᠋ ᠬᠥᠭᠵᠢᠮᠳᠡᠵᠦ ᠪᠠᠢᠨ᠎ᠠ ᠃
ᠡᠷ᠎ᠡ ᠪᠣᠷᠣ ᠬᠠᠷᠴᠠᠭᠠᠢ ᠂ ᠠᠭᠤᠯᠠᠨ ᠤ᠋ ᠬᠠᠨᠠᠨ ᠬᠠᠳᠠ ᠶ᠋ᠢ ᠬᠥᠭᠵᠢᠮᠳᠡᠵᠦ ᠪᠠᠢᠨ᠎ᠠ ᠃
ᠡᠬᠡ ᠪᠠᠢᠭᠠᠯᠢ ᠶ᠋ᠢᠨ ᠨᠠᠢᠷᠠᠯ ᠬᠥᠭᠵᠢᠮ ᠦ᠋ᠨ ᠡᠬᠡᠰᠢᠭ ᠨᠢ ᠨᠠᠮᠠᠶ᠋ᠢ ᠬᠥᠭᠵᠢᠮᠳᠡᠵᠦ ᠪᠠᠢᠨ᠎ᠠ ᠃
5
ᠵᠠᠯᠢ ᠲᠠᠢ ᠬᠥᠮᠦᠨ ᠢ᠋ ᠦᠨᠡᠭᠡ ᠭᠡᠵᠦ ᠪᠤᠤ ᠥᠮᠥᠭᠯᠡ ᠃
ᠵᠢᠪᠬᠤᠭᠠᠲᠠᠢ ᠡᠷ᠎ᠡ ᠶ᠋ᠢ ᠪᠠᠷᠰ ᠭᠡᠵᠦ ᠪᠢᠲᠡᠭᠡᠢ ᠳᠣᠷᠣᠮᠵᠢᠯᠠ ᠃
ᠮᠤᠩᠬᠠᠭ ᠬᠥᠮᠦᠨ ᠢ᠋ ᠦᠬᠡᠷ ᠭᠡᠵᠦ ᠪᠤᠤ ᠭᠤᠲᠤᠭᠠ ᠃
ᠮᠠᠭᠤ ᠬᠥᠮᠦᠨ ᠢ᠋ ᠨᠣᠬᠠᠢ ᠰᠢᠭ᠋ ᠠᠮᠢᠲᠠᠨ ᠭᠡᠵᠦ ᠪᠢᠲᠡᠭᠡᠢ ᠮᠠᠭᠲᠠ ᠃
6
ᠬᠥᠮᠦᠰ ᠠ᠋ ᠂ ᠠᠮᠢᠲᠠᠨ ᠢ᠋ ᠬᠠᠢᠷᠠᠯᠠ!
ᠬᠦᠢ ᠨᠢᠭᠡᠳᠦᠯ ᠦ᠋ᠨ ᠦᠶ᠎ᠡ ᠡᠦᠲᠦ ᠪᠢᠰᠢ
ᠬᠥᠨᠥᠭᠡᠵᠦ ᠰᠦᠷᠳᠡᠭᠦᠯᠳᠡᠭ ᠡᠲᠡᠭᠡᠳ ᠴᠢᠨᠢ ᠠᠮᠢᠲᠠᠨ ᠪᠢᠰᠢ
ᠬᠥᠮᠦᠰ ᠠ᠋ ᠂ ᠠᠮᠢᠲᠠᠨ ᠢ᠋ ᠬᠠᠢᠷᠠᠯᠠ!
