5-5ᠲᠤᠪᠳᠠᠨᠨᠢᠮᠠ ᠶ᠋ᠢᠨ ᠡᠮᠴᠢᠯᠡᠭᠡᠨ ᠦ᠌ ᠵᠣᠷ ᠵᠠᠰᠠᠯ ᠲᠠᠪᠤ᠂ ᠪᠣᠳᠣ ᠡᠪᠡᠳᠴᠢᠨ- ᠰᠠᠷᠨᠢᠭᠰᠠᠨ ᠪᠣᠳᠣ᠂ ᠬᠠᠷ᠎ᠠ ᠪᠣᠳᠣ ᠳᠣᠲᠣᠭᠰᠢᠯᠠᠭᠰᠠᠨ᠂ ᠴᠤᠯᠤ ᠰᠠᠪᠠᠨ ᠳ᠋ᠤ᠌ ᠪᠠᠭᠤᠭᠰᠠᠨ᠂ ᠪᠣᠳᠣ ᠶ᠋ᠢ ᠵᠠᠰᠠᠯ ᠢ᠋ᠶ᠋ᠠᠷ ᠵᠠᠰᠠᠬᠤ ᠠᠷᠭ᠎ᠠ
5-5ᠲᠤᠪᠳᠠᠨᠨᠢᠮᠠ ᠶ᠋ᠢᠨ ᠡᠮᠴᠢᠯᠡᠭᠡᠨ ᠦ᠌ ᠵᠣᠷ ᠵᠠᠰᠠᠯ ᠲᠠᠪᠤ᠂ ᠪᠣᠳᠣ ᠡᠪᠡᠳᠴᠢᠨ
ᠲᠠᠪᠤᠳᠤᠭᠠᠷ ᠪᠦᠯᠦᠭ ᠲᠤᠪᠳᠠᠨᠨᠢᠮᠠ ᠶ᠋ᠢᠨ ᠡᠮᠴᠢᠯᠡᠭᠡᠨ ᠦ᠌ ᠵᠣᠷ ᠵᠠᠰᠠᠯ ᠲᠠᠪᠤ᠂ ᠪᠣᠳᠣ ᠡᠪᠡᠳᠴᠢᠨ- ᠰᠠᠷᠨᠢᠭᠰᠠᠨ ᠪᠣᠳᠣ᠂ ᠬᠠᠷ᠎ᠠ ᠪᠣᠳᠣ ᠳᠣᠲᠣᠭᠰᠢᠯᠠᠭᠰᠠᠨ᠂ ᠴᠤᠯᠤ ᠰᠠᠪᠠᠨ ᠳ᠋ᠤ᠌ ᠪᠠᠭᠤᠭᠰᠠᠨ ᠢ᠋ ᠵᠠᠰᠠᠬᠤ ᠠᠷᠭ᠎ᠠ
(ᠨᠠᠢ᠍ᠮᠠ) ᠰᠠᠷᠨᠢᠭᠰᠠᠨ ᠪᠣᠳᠣ ᠶ᠋ᠢ ᠵᠠᠰᠠᠬᠤ ᠠᠷᠭ᠎ᠠ
ᠢᠳᠡᠭᠡᠨ ᠶᠠᠪᠤᠳᠠᠯ ᠤ᠋ᠨ ᠭᠡᠮ ᠢ᠋ᠶ᠋ᠡᠷ ᠭᠦᠪᠳᠦᠷᠦᠦ ᠨᠦ᠍ᠭᠦᠳ ᠨᠢ ᠴᠠᠭ ᠲᠠᠭᠠᠨ ᠦᠯᠦ ᠲᠤᠭᠤᠯᠬᠤ ᠪᠥᠭᠡᠳ ᠳᠣᠲᠣᠭᠰᠢ ᠲᠡᠰᠦᠷᠡᠪᠡᠰᠦ ᠰᠠᠷ᠎ᠠ ᠥᠩᠭᠡᠷᠡᠪᠡᠰᠦ ᠦᠬᠦᠨ᠎ᠡ᠃ ᠬᠦᠴᠦᠨ ᠪᠠᠭ᠎ᠠ ᠰᠠᠷᠨᠢᠪᠠᠰᠤ᠄ ᠲᠠᠪᠠᠭᠯᠠᠵᠤ ᠶᠡᠬᠡ ᠪᠣᠯᠬᠤ᠂ ᠳᠡᠢᠯᠦᠩᠭᠦᠢ ᠨᠢ ᠬᠣᠯᠢᠯᠳᠤᠨ ᠭᠠᠷᠬᠤ ᠴᠤ᠌ ᠮᠥᠨ ᠣᠯᠠᠨ ᠪᠣᠢ᠃ ᠡᠨᠡ ᠡᠪᠡᠳᠴᠢᠨ ᠢ᠋ ᠵᠠᠰᠠᠬᠤ ᠠᠷᠭ᠎ᠠ ᠣᠯᠠᠨ ᠵᠦᠢᠯ ᠪᠠᠢᠪᠠᠴᠤ᠂ ᠠᠩᠬ᠎ᠠ ᠪᠣᠯᠪᠠᠰᠤᠷᠠᠭᠠᠳᠤᠢ ᠳ᠋ᠤ᠌ ᠲᠣᠯᠣᠭᠠᠢ ᠬᠥᠯ᠂ ᠳᠥᠷᠪᠡᠨ ᠮᠥᠴᠢ ᠡᠪᠡᠳᠴᠦ᠂ ᠳᠠᠭᠠᠷᠠᠳᠠᠰᠤ ᠬᠦᠷᠬᠦ᠂ ᠠᠭᠤᠰᠬᠢ ᠵᠢᠷᠦᠬᠡ ᠲᠦᠭᠰᠢᠵᠦ᠂ ᠨᠢᠭᠡ ᠬᠣᠶᠠᠷ ᠤᠳᠠᠭ᠎ᠠ ᠭᠠᠰᠢᠭᠤᠨ ᠢ᠋ᠶ᠋ᠠᠷ ᠪᠥᠭᠡᠯᠵᠢᠬᠦ᠂ ᠮᠢᠬᠠᠨ ᠤ᠋ ᠥᠩᠭᠡ ᠤᠯᠠᠭᠠᠨ᠂ ᠥᠴᠦᠬᠡᠨ ᠵᠤᠵᠠᠭᠠᠷᠠᠭᠰᠠᠨ ᠰᠢᠭ᠋ ᠮᠡᠳᠡᠭᠳᠡᠬᠦ ᠶᠦᠮ᠃ ᠳᠣᠲᠣᠷ ᠰᠢᠨᠵᠢ ᠨᠢ᠄ ᠰᠤᠳᠠᠯ ᠤ᠋ᠨ ᠬᠥᠪᠴᠢ ᠨᠢ ᠨᠠᠷᠢᠨ ᠪᠥᠭᠡᠳ ᠬᠥᠳᠡᠯᠦᠩᠭᠦᠢ ᠲᠦᠷᠭᠡᠨ᠂ ᠰᠢᠭᠡᠰᠦᠨ ᠦ᠌ ᠥᠩᠭᠡ ᠤᠯᠠᠭᠠᠨ ᠲᠤᠩᠭᠠᠯᠠᠭ᠂ ᠦᠨᠦᠷ ᠠᠭᠤᠷ ᠨᠢ ᠶᠡᠬᠡ᠃ ᠬᠠᠷ᠎ᠠ ᠨᠢ ᠪᠣᠯ ᠬᠠᠯᠠᠭᠤᠷᠠᠬᠤ᠂ ᠡᠪᠡᠷᠰᠢᠶᠡᠯᠡᠬᠦ ᠬᠣᠶᠠᠭᠤᠯᠠ ᠪᠠᠨ ᠶᠡᠬᠡ᠃ ᠴᠠᠭᠠᠨ ᠨᠢ ᠪᠣᠯ ᠡᠪᠡᠷᠰᠢᠶᠡᠯᠡᠬᠦ ᠬᠦᠴᠦ ᠨᠢ ᠪᠠᠭ᠎ᠠ ᠶᠤᠮ᠃ ᠲᠡᠷᠡ ᠮᠡᠲᠦ ᠡᠰᠡ ᠪᠣᠯᠪᠠᠰᠤᠷᠠᠭᠠᠳᠤᠢ ᠦᠶᠡᠰ ᠡᠴᠡ ᠠᠪᠤᠭᠠᠳ ᠭᠤᠷᠪᠠ ᠬᠣᠨᠣᠭ ᠤ᠋ᠨ ᠳᠣᠲᠣᠷᠠᠬᠢ ᠬᠡᠢ ᠬᠠᠯᠠᠭᠤᠨ ᠨᠡᠢᠯᠡᠯᠳᠦᠭᠰᠡᠨ ᠲᠡᠷᠡ ᠴᠠᠭ ᠦᠶ᠎ᠡ ᠳ᠋ᠦ᠍ ᠮᠠᠨᠤ—4 ᠳᠠᠩ ᠬᠢᠭᠡᠳ ᠨᠤᠷᠪᠤ—7 ᠳᠠᠩ ᠤ᠋ᠨ ᠳᠡᠭᠡᠷ᠎ᠡ ᠪᠠᠷᠠᠮᠠᠢᠨ ᠼᠠᠤᠠ(ᠰᠠᠭᠠᠭ ᠤ᠋ᠨ ᠦᠨᠳᠦᠰᠦ) ᠶ᠋ᠢ ᠨᠡᠮᠡᠵᠦ ᠰᠢᠷᠭᠢᠭᠡᠭᠰᠡᠨ ᠶᠡᠬᠡ ᠳᠠᠩ ᠢ᠋ ᠦᠶᠡᠰ ᠯᠦ᠍ᠭᠡ ᠵᠣᠬᠢᠯᠳᠤᠭᠤᠯᠤᠨ ᠥᠭ᠃ ᠡᠰᠡᠪᠡᠰᠦ ᠡᠭᠦᠳᠡ ᠨᠡᠭᠡᠭᠡᠬᠦ ᠨᠢ ᠯᠢᠳᠡᠷᠢ᠂ ᠭᠤᠷᠪᠠᠨ ᠦᠷ᠎ᠡ᠂ ᠳ᠋ᠢᠭᠳᠡ᠂ ᠪᠠᠱᠠᠭ᠎ᠠ᠂ ᠯᠢᠭᠠᠳᠤᠷ ᠢ᠋ ᠰᠢᠷᠭᠢᠭᠡᠭᠰᠡᠨ ᠪᠦᠯᠢᠶᠡᠨ ᠳᠠᠩ ᠢ᠋ ᠨᠢᠭᠡ ᠣᠭᠣᠴᠢ ᠥᠭᠬᠦ ᠪᠤᠶᠤ ᠯᠢᠳᠡᠷᠢ᠂ ᠶᠸᠷᠰᠸᠩ᠂ ᠭᠤᠷᠪᠠᠨ ᠦᠷ᠎ᠡ᠂ ᠳ᠋ᠢᠭᠳᠡ᠂ ᠪᠠᠱᠠᠭ᠎ᠠ ᠯᠢᠭᠠᠳᠤᠷ᠂ ᠵᠠᠩᠭᠢᠶᠠᠲᠤ ᠽᠣᠳ᠂ ᠱᠤᠮᠬᠠᠨ᠂ ᠵᠠᠽᠤᠢ᠂ ᠯᠦᠭᠴᠤᠢ᠍ᠩ᠂ ᠭᠣᠩᠲ᠋ᠣᠭ᠋᠂ ᠯᠥᠩᠰᠦ᠂ ᠫᠠᠭᠷᠢᠯ᠂ ᠬᠥᠬᠥᠯ ᠢ᠋ ᠨᠠᠢᠷᠠᠭᠤᠯᠵᠤ᠂ ᠨᠠᠢᠷᠠᠭᠤᠯᠬᠤ ᠳ᠋ᠠᠭᠠᠨ ᠯᠢᠳᠡᠷᠢ ᠶᠸᠷᠰᠸᠩ( ᠬᠤᠸᠠᠵᠢᠶᠣᠣ ᠶ᠋ᠢᠨ ᠮᠣᠳᠣ) ᠶ᠋ᠢ ᠭᠣᠣᠯᠳᠠᠭᠤᠯᠤᠨ ᠰᠢᠷᠭᠢᠭᠡᠭᠰᠡᠨ ᠪᠦᠯᠢᠶᠡᠨ ᠳᠠᠩ ᠢ᠋ ᠦᠳᠡ ᠶ᠋ᠢᠨ ᠦᠶ᠎ᠡ ᠳ᠋ᠦ᠍ᠷ ᠥᠭ᠃ ᠡᠰᠡᠪᠡᠰᠦ ᠰᠢᠷ᠎ᠠ ᠦᠰᠦᠨ ᠰᠦᠪᠡ ᠶ᠋ᠢ ᠨᠡᠭᠡᠭᠡᠭᠴᠢ ᠯᠢᠳᠡᠷᠢ᠂ ᠭᠤᠷᠪᠠᠨ ᠦᠷ᠎ᠡ᠂ ᠳ᠋ᠢᠭᠳᠡ᠂ ᠪᠠᠱᠠᠭ᠎ᠠ᠂ ᠯᠢᠭᠠᠳᠤᠷ᠂ ᠵᠢᠭᠠᠷ᠂ ᠬᠥᠬᠥᠯ᠂ ᠰᠢᠯᠲᠠ ᠶ᠋ᠢ ᠳᠡᠭᠡᠷ᠎ᠡ ᠡᠴᠡ ᠨᠢ ᠵᠡᠷᠬᠡᠮᠵᠢᠯᠡᠨ ᠥᠰᠬᠡᠵᠦ᠂ ᠰᠢᠷᠭᠢᠭᠡᠭᠰᠡᠨ ᠶᠡᠬᠡ ᠳᠠᠩ ᠢ᠋ ᠶᠡᠬᠡ ᠬᠥᠮᠦᠨ ᠳ᠋ᠦ᠍ 4—5 ᠲᠦᠨ ᠬᠢᠭᠡᠳ ᠨᠢᠯᠬᠠᠰ ᠲᠤ᠌ 2—3 ᠲᠦᠨ ᠥᠭᠪᠡᠰᠦ ᠪᠣᠯᠤᠨ᠎ᠠ᠃ ᠰᠡᠷᠢᠭᠦᠨ ᠬᠥᠩᠭᠡᠨ ᠢᠳᠡᠭᠡᠨ ᠢ᠋ ᠰᠢᠲᠦᠭᠦᠯ᠃ ᠪᠦᠯᠢᠶᠡᠨ ᠰᠢᠮᠡᠲᠦ ᠢᠳᠡᠭᠡᠨ᠂ ᠢᠯᠵᠢᠷᠡᠵᠦ ᠨᠢᠭᠰᠢᠷᠡᠭᠰᠡᠨ᠂ ᠭᠠᠰᠢᠭᠤᠨ᠂ ᠳᠠᠪᠤᠰᠤᠯᠢᠭ ᠤᠰᠤ ᠪᠠ ᠠᠷᠢᠬᠢ ᠶ᠋ᠢ ᠲᠡᠪᠴᠢ᠃ ᠪᠦᠯᠢᠶᠡᠨ ᠰᠢᠮᠡᠳᠦ ᠢᠳᠡᠭᠡᠨ ᠢ᠋ᠶ᠋ᠡᠷ ᠠᠯᠳᠠᠭᠳᠠᠪᠠᠰᠤ ᠪᠣᠳᠣ ᠨᠢ ᠴᠤᠯᠤ ᠳ᠋ᠤ᠌ ᠪᠠᠭᠤᠬᠤ᠂ ᠢᠯᠠᠩᠭᠤᠶ᠎ᠠ ᠤᠰᠤ ᠠᠯᠳᠠᠭᠳᠠᠵᠤ ᠪᠣᠳᠣ ᠰᠠᠷᠨᠢᠪᠠᠰᠤ ᠵᠠᠰᠠᠯ ᠦᠭᠡᠢ ᠪᠣᠯᠤᠮᠤᠢ᠃ ᠬᠦᠢᠲᠡᠨ ᠵᠢᠪᠠᠷ ᠲᠤᠰᠪᠠᠰᠤ ᠪᠣᠳᠣ ᠳᠣᠲᠣᠭᠰᠢ ᠤᠷᠪᠠᠬᠤ᠂ ᠳᠣᠲᠣᠷ ᠠ᠋ᠴᠠ ᠨᠢᠴᠤᠭᠠᠬᠤ ᠡᠮ ᠢ᠋ᠶ᠋ᠡᠷ ᠡᠰᠡ ᠭᠠᠷᠪᠠᠰᠤ ᠮᠠᠭᠠᠳ ᠦᠬᠦᠮᠦᠢ᠃ ᠬᠣᠨᠢᠨ ᠤ᠋ ᠬᠣᠷᠭᠣᠯ ᠢ᠋ ᠠᠷᠢᠬᠢᠨ ᠳ᠋ᠤ᠌ ᠴᠢᠨᠠᠭᠰᠠᠨ ᠠᠭᠤᠷ ᠤ᠋ᠨ ᠳᠡᠪᠲᠦᠭᠡᠯᠭᠡ ᠶ᠋ᠢ ᠡᠪᠡᠳᠴᠢᠲᠡᠨ ᠦ᠌ ᠡᠪᠴᠢᠭᠦᠨ ᠳᠣᠣᠷ᠎ᠠ ᠵᠢᠩ ᠪᠠᠷᠢᠵᠤ᠂ ᠬᠤᠪᠴᠠᠰᠤ ᠪᠠᠷ ᠬᠤᠴᠢᠵᠤ ᠰᠠᠢᠲᠤᠷ ᠬᠥᠯᠥᠰᠥ ᠭᠠᠷᠪᠠᠰᠤ ᠬᠥᠯᠥᠰᠥ ᠶ᠋ᠢ ᠨᠢ ᠬᠥᠪᠥᠩ᠂ ᠪᠤᠷᠴᠠᠭ ᠤ᠋ᠨ ᠭᠤᠯᠢᠷ ᠲᠡᠷᠢᠭᠦᠲᠡᠨ ᠢ᠋ᠶ᠋ᠡᠷ ᠠᠷᠢᠭᠤᠳᠬᠠᠨ ᠠᠷᠴᠢ᠃ ᠡᠨᠡ ᠪᠣᠯ ᠮᠠᠰᠢ ᠡᠷᠬᠢᠮ ᠲᠤᠰᠠᠲᠠᠢ ᠵᠠᠰᠠᠯ ᠮᠥᠨ᠃ ᠬᠠᠯᠠᠭᠤᠨ ᠤ᠋ ᠰᠢᠨᠵᠢ ᠶᠡᠬᠡ ᠪᠥᠭᠡᠳ ᠭᠦᠪᠳᠦᠷᠦᠦ ᠨᠢ ᠠᠷᠪᠢᠨ ᠪᠥᠭᠡᠰᠦ ᠷᠢᠵᠢᠠᠠᠮᠸᠳᠤᠭ( ᠳᠠᠯᠠᠨ ᠲᠦᠷᠦᠭᠦᠦ ᠶ᠋ᠢᠨ ᠴᠡᠴᠡᠭ)᠂ ᠶᠸᠷᠰᠸᠩ ᠂ ᠰᠠᠷᠠᠳᠭᠠᠷ᠂ ᠵᠠᠩᠭᠢᠶᠠᠲᠤ ᠼᠤᠳ᠂ ᠼᠠᠯ᠂ ᠼᠠᠯᠠ᠂ ᠢᠮᠠᠭᠠᠨ ᠤ᠋ ᠴᠢᠰᠤ᠂ ᠪᠠᠯᠵᠠᠪ᠂ ᠭᠠᠨᠲᠢᠭ᠂ ᠳ᠋ᠦᠩᠽᠢ᠂ ᠵᠣᠩᠰᠢ᠂ ᠵᠢᠭᠠᠷ᠂ ᠬᠥᠬᠥᠯ᠂ ᠦᠯᠴᠦ᠂ ᠽᠠᠮᠪᠠ ᠶ᠋ᠢ ᠰᠠᠢᠲᠤᠷ ᠨᠠᠢᠷᠠᠭᠤᠯᠵᠤ᠂ ᠲᠡᠭᠦᠨ ᠦ᠌ ᠳᠡᠭᠡᠷ᠎ᠡ ᠪᠣᠳᠣ ᠪᠠᠷ ᠦᠬᠦᠭᠰᠡᠳ ᠦ᠋ᠨ ᠭᠠᠪᠠᠯᠠ ᠶ᠋ᠢᠨ ᠶᠠᠰᠤ᠂ ᠴᠢᠮᠥᠭᠡ᠂ ᠡᠮ ᠡᠰᠡ ᠤᠤᠭᠤᠭᠰᠠᠳ ᠤ᠋ᠨ ᠪᠣᠳᠣ ᠶ᠋ᠢᠨ ᠬᠠᠯᠢᠰᠤ( ᠬᠠᠭ)᠂ ᠭᠦᠢᠯᠡᠰᠦᠨ ᠴᠡᠴᠡᠭ ᠢ᠋ ᠨᠡᠮᠡᠵᠦ᠂ ᠭᠠᠬᠠᠢ ᠶ᠋ᠢᠨ ᠬᠣᠷᠭᠣᠯ ᠢ᠋ ᠡᠰᠡ ᠲᠦᠯᠡᠭᠰᠡᠨ ᠳᠠᠩ ᠢ᠋ᠶ᠋ᠠᠷ ᠳᠠᠷᠤᠭᠤᠯᠵᠤ ᠥᠭ᠃ ᠲᠡᠭᠦᠨ ᠢ᠋ᠶ᠋ᠡᠷ ᠪᠣᠳᠣ ᠲᠦᠷᠭᠡᠨ ᠭᠠᠷᠬᠤ ᠪᠣᠯᠠᠢ᠃ ᠬᠣᠶᠠᠷ ᠰᠤᠭᠤ᠂ ᠠᠮᠠ ᠵᠠᠪᠠᠵᠢᠨ ᠳ᠋ᠤ᠌ ᠪᠣᠳᠣ ᠭᠠᠷᠪᠠᠰᠤ ᠨᠢᠳᠦ᠂ ᠬᠣᠭᠣᠯᠠᠢ ᠳ᠋ᠤ᠌ ᠴᠤ᠌ ᠪᠣᠢ᠃ ᠲᠡᠢᠮᠦ ᠡᠴᠡ ᠲᠣᠰᠣᠲᠤ ᠪᠠᠮᠪᠠᠷ ᠢ᠋ᠶ᠋ᠠᠷ ᠲᠥᠭᠡᠨᠡᠬᠦ ᠣᠨᠢᠰᠣ ᠶ᠋ᠢ ᠦᠢᠯᠡᠳ᠃ ᠡᠪᠡᠳᠴᠢᠨ ᠦ᠌ ᠵᠦᠢᠯ ᠳ᠋ᠦ᠍ ᠰᠢᠷ᠎ᠠ ᠶ᠋ᠢᠨ ᠬᠤᠪᠢ ᠶᠡᠬᠡ ᠪᠣᠯ ᠳᠣᠭᠣᠯᠭᠠᠬᠤ ᠡᠮ ᠬᠡᠷᠡᠭᠲᠡᠢ᠃
( ᠶᠢᠰᠦ)ᠬᠠᠷ᠎ᠠ ᠪᠣᠳᠣ ᠳᠣᠲᠣᠭᠰᠢᠯᠠᠭᠰᠠᠨ ᠢ᠋ ᠵᠠᠰᠠᠬᠤ ᠠᠷᠭ᠎ᠠ
ᠬᠠᠷ᠎ᠠ ᠪᠣᠳᠣ ᠡᠪᠡᠳᠴᠢᠨ ᠬᠦᠴᠦᠨ ᠶᠡᠬᠡ ᠨᠦ᠍ᠭᠦᠳ ᠲᠦ᠍ ᠳᠣᠲᠣᠭᠰᠢᠯᠠᠭᠰᠠᠨ ᠢ᠋ ᠭᠠᠷᠭᠠᠬᠤ ᠶ᠋ᠢᠨ ᠲᠤᠯᠠ ᠳ᠋ᠦᠷᠵᠢᠳ᠂ ᠲᠠᠷᠨᠤ᠂ ᠬᠣᠩᠯᠸᠠ᠂ ᠳ᠋ᠠᠨᠷᠤᠭ ᠣᠳ ᠢ᠋ ᠨᠠᠢᠷᠠᠭᠤᠯᠤᠭᠰᠠᠨ ᠲᠤᠭᠤᠯᠭ᠎ᠠ ᠶ᠋ᠢᠨ ᠡᠮ ᠳ᠋ᠦ᠍ ᠵᠢᠭᠠᠷ᠂ ᠬᠥᠬᠥᠯ᠂ ᠪᠣᠢᠨᠭᠠᠷ᠂ ᠽᠠᠨᠪᠠ ᠶ᠋ᠢ ᠨᠡᠮᠡᠷᠢᠯᠡᠵᠦ ᠥᠭᠪᠡᠰᠦ ᠲᠤᠰᠠᠲᠠᠢ᠃ ᠲᠠᠷᠨᠤ᠂ ᠦᠨᠢᠶᠡᠨ ᠰᠢᠭᠡᠰᠦᠨ ᠬᠠᠨᠳᠠ ᠲᠣᠰᠪᠣᠷᠢ5 ᠴᠢᠨ᠂ ᠬᠣᠩᠯᠸᠠ2 ᠴᠢᠨ᠂ ᠴᠤᠷᠽᠠ2 ᠴᠢᠨ5 ᠹᠦᠨ᠂ ᠳᠠᠯᠠᠨ ᠲᠦᠷᠦᠭᠦᠦ ᠶ᠋ᠢᠨ ᠦᠨᠳᠦᠰᠦ1 ᠴᠢᠨ3 ᠹᠦᠨ᠂ ᠳ᠋ᠠᠭᠱᠠ᠂ ᠱᠤᠳᠠᠭ᠂ ᠵᠢᠯᠸ᠂ ᠪᠣᠩᠭᠠᠷ᠂ ᠭᠢᠸᠠᠩ᠂ ᠭᠦᠷᠭᠦᠮ ᠲᠣᠰᠪᠣᠷᠢ8 ᠹᠦᠨ ᠤᠷᠲᠤ ᠬᠣᠰᠢᠭᠤᠲᠤ ᠠᠷᠤᠷ᠎ᠠ3 ᠴᠢᠨ ᠂ᠱᠠᠴᠢᠨ ᠨᠤᠭᠤᠳ ᠢ᠋ ᠨᠠᠢ᠍ᠮᠠᠨ ᠨᠠᠰᠤᠲᠤ ᠶ᠋ᠢᠨ ᠰᠢᠭᠡᠰᠦᠨ ᠳ᠋ᠦ᠍ ᠣᠭᠣᠲᠣᠨ᠎ᠠ ᠶ᠋ᠢᠨ ᠬᠣᠷᠭᠣᠯ ᠤ᠋ᠨ ᠲᠡᠳᠦᠢ ᠷᠢᠯᠤᠳᠡᠵᠤ ᠳᠣᠯᠣᠭ᠎ᠠ᠂ ᠶᠢᠰᠦ᠂ ᠠᠷᠪᠠᠨ ᠨᠢᠭᠡ ᠵᠡᠷᠭᠡ ᠶ᠋ᠢ ᠥᠭᠴᠦ ᠲᠤᠭᠤᠯᠠᠭᠠᠪᠠᠰᠤ ᠬᠠᠷ᠎ᠠ ᠪᠣᠳᠣ ᠬᠡᠳᠦᠢ ᠪᠣᠯᠪᠠᠴᠤ ᠮᠠᠭᠠᠳ ᠭᠠᠷᠤᠮᠤᠢ᠃ ᠲᠡᠷᠡ ᠬᠢᠭᠡᠳ ᠲᠡᠭᠡᠷᠬᠡᠢ ᠲᠤᠭᠤᠯᠠᠭᠠᠨ ᠤ᠋ ᠠᠯᠢ ᠠᠮᠤᠷ ᠢ᠋ ᠦᠢᠯᠡᠳ᠃ ᠬᠠᠮᠠᠷ ᠤ᠋ᠨ ᠴᠢᠰᠤ᠂ ᠤᠮᠠᠢ ᠶ᠋ᠢᠨ ᠴᠢᠰᠤ ᠴᠤᠪᠤᠷᠠᠬᠤ ᠬᠢᠭᠡᠳ ᠵᠢᠷᠮᠦᠰᠦᠨ ᠪᠠ ᠲᠠᠪᠤᠨ ᠨᠠᠰᠤᠨ ᠠ᠋ᠴᠠ ᠳᠣᠷᠣᠭᠰᠢ ᠬᠡᠦᠬᠡᠳ ᠲᠦ᠍ ᠵᠡᠷᠭᠡᠮᠵᠢ ᠪᠡᠷ ᠴᠢᠯᠠᠭᠤ᠂ ᠦᠯᠴᠦ᠂ ᠡᠷᠳᠡᠨᠢ ᠶ᠋ᠢᠨ ᠨᠠᠢᠷᠯᠠᠭ᠎ᠠ ᠶ᠋ᠢ ᠳᠡᠪᠴᠢᠭᠳᠤᠨ᠃
ᠪᠣᠳᠣ ᠭᠠᠳᠠᠭᠰᠢ ᠭᠠᠷᠤᠭᠠᠳ ᠳᠣᠲᠣᠭᠰᠢ ᠤᠷᠪᠠᠭᠰᠠᠨ ᠤ᠋ ᠰᠢᠨᠵᠢ᠄ ᠵᠡᠰ ᠬᠠᠨᠲᠠᠭᠠᠰᠤ ᠠ᠋ᠴᠠ ᠪᠤᠰᠤᠳ ᠨᠢ ᠳᠤᠮᠳᠠ ᠪᠠᠨ ᠬᠣᠩᠬᠣᠷ᠂ ᠭᠦᠪᠳᠦᠷᠦᠦ ᠶ᠋ᠢᠨ ᠦᠵᠦᠭᠦᠷ ᠨᠢ ᠵᠥᠭᠡᠯᠡᠨ ᠪᠣᠯ ᠪᠣᠳᠣ ᠳ᠋ᠤ᠌ ᠪᠠᠭᠲᠠᠬᠤ ᠪᠣᠯᠪᠠᠴᠤ ᠦᠭᠡᠷᠢ ᠲᠠᠲᠠᠬᠤ ᠦᠭᠡᠢ ᠪᠡᠷ ᠪᠡᠶ᠎ᠡ ᠳ᠋ᠦ᠍ᠨᠢ ᠬᠠᠯᠠᠭᠤᠨ ᠡᠭᠦᠰᠦᠨ᠎ᠡ᠃
ᠦᠯᠴᠦ᠂᠂ ᠮᠥᠽᠢ᠂ ᠳ᠋ᠤᠩᠷᠤᠢ᠂ ᠵᠢᠭᠠᠷ᠂ ᠬᠥᠬᠥᠯ᠂ ᠽᠢᠨᠪᠠ᠂ ᠪᠣᠳᠣ ᠪᠠᠷ ᠦᠬᠦᠭᠰᠡᠳ ᠦ᠋ᠨ ᠭᠠᠪᠠᠯᠠ ᠶ᠋ᠢᠨ ᠶᠠᠰᠤ ᠬᠤᠪᠢ ᠲᠡᠭᠰᠢ ᠶ᠋ᠢ ᠭᠠᠬᠠᠢ ᠶ᠋ᠢᠨ ᠬᠣᠷᠭᠣᠯ ᠤ᠋ᠨ ᠰᠥᠮᠥᠰᠦ ᠪᠤᠶᠤ ᠰᠢᠭᠡᠰᠦ ᠪᠡᠷ ᠳᠠᠷᠤᠭᠤᠯ᠃ ᠢᠩᠭᠢᠪᠡᠯ ᠪᠣᠳᠣ ᠳᠣᠲᠣᠭᠰᠢ ᠠᠯᠳᠠᠭᠰᠠᠨ ᠢ᠋ ᠲᠡᠳᠡᠨ ᠭᠠᠷᠭᠠᠮᠤᠢ᠃ ᠳᠣᠲᠣᠭᠰᠢᠯᠠᠭᠠᠳ ᠭᠠᠷᠬᠤᠶ᠎ᠠ ᠪᠡᠷᠬᠡ ᠪᠥᠭᠡᠰᠦ ᠡᠪᠡᠳᠴᠢᠲᠡᠨ ᠳ᠋ᠦ᠍ ᠮᠡᠳᠡᠭᠳᠡᠬᠦ ᠦᠭᠡᠢ ᠪᠡᠷ ᠲᠡᠭᠦᠨ ᠦ᠌ ᠥᠪᠡᠷ ᠦ᠋ᠨ ᠥᠳᠬᠡᠨ ᠰᠢᠩᠭᠡᠨ ᠢ᠋ ᠭᠠᠬᠠᠢ ᠶ᠋ᠢᠨ ᠬᠣᠷᠭᠣᠯ ᠢ᠋ ᠲᠦᠯᠡᠬᠦ ᠦᠭᠡᠢ ᠰᠢᠷᠭᠢᠭᠡᠭᠰᠡᠨ ᠰᠦᠮᠦᠰᠦᠨ ᠳ᠋ᠦ᠍ ᠽᠢᠮᠪᠠ᠂ ᠬᠥᠬᠥᠯ᠂ ᠬᠠᠯᠠᠭᠤᠨ ᠢ᠋ᠶ᠋ᠠᠷ ᠨᠣᠮᠳᠬᠤᠬᠠᠭᠰᠠᠨ ᠦᠯᠴᠦ᠂ ᠮᠦᠽᠢ᠂ ᠽᠠᠳᠢ᠂ ᠭᠢᠸᠠᠩ᠂ ᠵᠢᠭᠠᠷ᠂ ᠠᠭᠠᠷᠤ ᠶ᠋ᠢᠨ ᠲᠠᠯᠬ᠎ᠠ ᠶ᠋ᠢ ᠲᠠᠯᠪᠢᠵᠤ ᠨᠢᠭᠡ ᠡᠳᠦᠷ ᠵᠢᠷᠭᠤᠭ᠎ᠠ ᠤᠳᠠᠭ᠎ᠠ ᠦᠭᠪᠡᠰᠦ ᠭᠠᠷᠬᠤ ᠦᠭᠡᠢ ᠭᠡᠵᠦ ᠪᠠᠢᠬᠤ ᠦᠭᠡᠢ ᠶᠦ᠍ᠮ᠃
ᠲᠦᠯᠬᠢᠭᠳᠡᠬᠦ ᠨᠢ ᠪᠡᠷᠬᠡ ᠬᠠᠷ᠎ᠠ ᠪᠣᠳᠣ ᠶ᠋ᠢ ᠠᠨᠠᠭᠠᠬᠤ ᠶᠷᠤᠨᠳᠡᠭ ᠨᠢ᠄ ᠷᠢᠵᠢᠭᠮᠸᠳᠤᠭ᠂ ᠶᠸᠷᠰᠸᠩ᠂ ᠰᠢᠷᠠᠳᠭᠠᠷ᠂ ᠽᠣᠳ᠂ ᠪᠣᠳᠣ ᠶ᠋ᠢᠨ ᠬᠠᠯᠢᠰᠤ᠂ ᠲᠤᠰ ᠡᠪᠡᠳᠴᠢᠨ ᠢ᠋ᠶ᠋ᠡᠷ ᠦᠬᠦᠭᠰᠡᠳ ᠦ᠋ᠨ ᠭᠠᠪᠠᠯᠠ᠂ ᠴᠢᠮᠥᠭᠡ᠂ ᠭᠠᠬᠠᠢ ᠶ᠋ᠢᠨ ᠬᠣᠷᠭᠣᠯ᠂ ᠼᠠᠯ᠂ ᠦᠯᠴᠦ ᠶ᠋ᠢ ᠡᠷᠬᠢᠮᠯᠡᠭᠰᠡᠨ ᠡᠭᠦᠨ ᠢ᠋ ᠠᠷᠢᠬᠢ ᠪᠠᠷ ᠳᠠᠷᠤᠭᠤᠯᠪᠠᠰᠤ ᠨᠠᠰᠤ ᠪᠠᠷᠠᠭᠳᠠᠭᠰᠠᠨ ᠠ᠋ᠴᠠ ᠪᠤᠰᠤᠳ ᠣᠭᠲᠣ ᠦᠬᠦᠬᠦ ᠦᠭᠡᠢ ᠶᠦ᠍ᠮ
ᠡᠰᠡᠬᠦᠯ᠎ᠡ ᠪᠣᠳᠣ ᠶ᠋ᠢ ᠲᠦᠯᠬᠢᠬᠦ ᠭᠠᠢᠬᠠᠮᠰᠢᠭᠲᠤ ᠡᠮ᠄ ᠮᠦᠳᠡᠭ1 ᠴᠢᠨ᠂ ᠵᠠᠵᠢᠭ2 ᠴᠢᠨ᠂ ᠼᠠᠯᠠᠭᠤᠳ1 ᠴᠢᠨ ᠭᠦᠨᠪᠦᠷᠦᠮ ᠭᠠᠷ( ᠴᠠᠭᠠᠨ ᠦᠵᠦᠮ)2 ᠴᠢᠨ᠂ ᠵᠢᠭᠠᠰᠤᠨ ᠶᠠᠰᠤ᠂ ᠬᠥᠮᠦᠨ ᠦ᠌ ᠭᠠᠪᠠᠯᠠ᠂ ᠶᠠᠰᠤᠲᠤ ᠮᠡᠯᠡᠬᠡᠢ ᠶ᠋ᠢᠨ ᠶᠠᠰᠤ ᠲᠣᠰᠪᠣᠷᠢ ᠬᠣᠶᠠᠷ ᠬᠤᠪᠢ ᠶ᠋ᠢ ᠰᠢᠷᠠᠯᠠᠬᠤ ᠶ᠋ᠢᠨ ᠲᠡᠳᠦᠢ ᠲᠦᠯᠡᠭᠡᠳ᠂ ᠬᠢᠲᠠᠳ ᠤ᠋ᠨ ᠴᠸᠨ ᠽᠣᠤ( 陈醋 ) ᠶ᠋ᠢᠨ ᠳᠣᠲᠣᠷ᠎ᠠ ᠬᠣᠯᠢᠵᠤ ᠨᠣᠮᠳᠬᠤᠬᠠᠨᠠ᠃ ᠡᠨᠡ ᠬᠦ᠌ ᠷᠦᠢᠪᠡᠯ᠂—7 ᠶ᠋ᠢ ᠬᠡᠮᠵᠢᠶ᠎ᠡ ᠲᠡᠭᠦᠯᠳᠡᠷ ᠨᠠᠢᠷᠠᠭᠤᠯᠤᠭᠰᠠᠨ ᠢ᠋ᠶ᠋ᠠᠷ ᠪᠣᠳᠣ ᠬᠢᠵᠢᠭ ᠲᠡᠷᠢᠭᠦᠲᠡᠨ᠂ ᠨᠢᠶᠠᠨ ᠡᠪᠡᠳᠴᠢᠨ᠂ ᠬᠦᠴᠦᠨ ᠶᠡᠬᠡ ᠪᠦᠬᠦᠨ ᠢ᠋ ᠳᠠᠷᠤᠬᠤ ᠡᠮ ᠦ᠋ᠨ ᠳᠡᠭᠡᠳᠦ ᠭᠡᠵᠦ ᠬᠢᠲᠠᠳ ᠮᠡᠷᠭᠡᠳ ᠦ᠋ᠨ ᠶᠣᠰᠣ ᠮᠥᠨ᠃ ᠳᠠᠩ ᠨᠢ ᠨᠢᠶᠠᠴᠢ᠂ ᠭᠢᠸᠠᠩ᠂ ᠠᠯᠲᠠ᠂ ᠼᠠᠯᠠᠭᠤᠳ ᠢ᠋ ᠬᠤᠪᠢ ᠲᠡᠭᠰᠢ ᠨᠠᠢᠷᠠᠭᠤᠯᠤᠭᠰᠠᠨ ᠳᠠᠩ ᠢ᠋ ᠬᠡᠳᠦᠨᠲᠡ ᠰᠢᠲᠦᠭᠦᠯ᠃ ᠴᠠᠭᠠᠨ ᠬᠠᠷ᠎ᠠ ᠪᠣᠳᠣ ᠶ᠋ᠢ ᠬᠣᠴᠣᠷᠤᠯ ᠦᠭᠡᠢ ᠠᠷᠢᠯᠭᠠᠨ ᠦᠢᠯᠡᠳᠦᠮᠦᠢ᠃ ᠡᠨᠡ ᠴᠦ᠍ ᠪᠠᠰᠠ ᠬᠢᠲᠠᠳ ᠡᠮᠴᠢ ᠶ᠋ᠢᠨ ᠶᠣᠰᠣ ᠮᠥᠨ ᠪᠣᠯᠠᠢ᠃
ᠡᠰᠡᠬᠦᠯ᠎ᠡ ᠪᠣᠳᠣ ᠲᠦᠯᠬᠢᠬᠦ ᠡᠮ ᠳ᠋ᠦ᠍᠄ ᠨᠡᠭᠡᠭᠡᠭᠳᠡᠬᠦ ᠰᠢᠬᠠᠭᠰᠠᠨ ᠭᠦᠢᠯᠡᠰᠦᠨ ᠴᠡᠴᠡᠭ ᠦ᠋ᠨ ᠳᠠᠩ ᠢ᠋ ᠳᠠᠬᠢᠨ ᠳᠠᠬᠢᠨ ᠦᠭᠪᠡᠰᠦ ᠭᠠᠷᠬᠤ ᠪᠣᠯᠠᠢ᠃ ᠨᠤᠷᠪᠤ—7 ᠳᠠᠩ ᠳ᠋ᠤ᠌ ᠶᠸᠷᠰᠸᠩ ᠢ᠋ ᠨᠡᠮᠡᠵᠦ ᠬᠡᠢ ᠶ᠋ᠢᠨ ᠰᠢᠨᠵᠢ ᠡᠰᠡ ᠢᠯᠡᠷᠡᠲᠡᠯᠡ ᠰᠢᠲᠦᠭᠦᠯ᠃ ᠡᠰᠡᠪᠡᠰᠦ ᠳᠡᠭᠡᠷ᠎ᠡ ᠬᠡᠯᠡᠭᠰᠡᠨ ᠲᠦᠯᠬᠢᠬᠦ ᠡᠮ ᠢ᠋ ᠪᠤᠰᠤᠳ ᠯᠤᠭ᠎ᠠ ᠴᠢᠯᠠᠭᠤ ᠰᠢᠮ᠎ᠡ ᠠᠯᠢ ᠵᠥᠬᠢᠰᠲᠠᠢ ᠶ᠋ᠢ ᠥᠭᠴᠦ ᠬᠥᠯᠥᠷᠡᠭᠡ᠃ ᠲᠡᠷᠡ ᠮᠡᠲᠦ ᠡᠮ ᠢ᠋ ᠰᠢᠲᠦᠭᠰᠡᠨ ᠢ᠋ᠶ᠋ᠡᠷ ᠭᠠᠳᠠᠭᠰᠢ ᠲᠠᠲᠠᠭᠳᠠᠭᠰᠠᠨ ᠰᠢᠨᠵᠢ ᠨᠢ ᠡᠪᠡᠳᠴᠢᠲᠡᠨ ᠦ᠌ ᠮᠠᠬᠠᠪᠣᠳ ᠠᠮᠤᠷᠯᠢᠨ᠂ ᠪᠣᠳᠣ ᠪᠤᠷᠤᠭᠤᠳᠠᠭᠰᠠᠨ ᠰᠢᠨᠵᠢ ᠠᠷᠢᠯᠵᠤ ᠳᠤᠷᠠᠰᠢᠯ ᠠᠮᠤᠷᠯᠢᠪᠠᠰᠤ ᠡᠳᠡᠭᠡᠬᠦᠶ᠎ᠡ ᠰᠡᠵᠢᠭ ᠦᠭᠡᠢ᠃ ᠲᠡᠷᠡ ᠴᠠᠭ ᠪᠦᠷᠢᠯᠳᠦᠪᠡᠰᠦ᠄ ᠡᠷᠳᠡᠨᠢ ᠶ᠋ᠢᠨ ᠦᠷᠢᠯ ᠢ᠋ ᠴᠦ᠍ ᠨᠠᠢ᠍ᠮᠠᠨ ᠬᠣᠨᠣᠭ ᠤ᠋ᠨ ᠦᠳᠡᠰᠢ ᠨᠢᠭᠡ ᠲᠦᠨ ᠢ᠋ ᠥᠭ᠃ ᠲᠦᠯᠬᠢᠬᠦ ᠪᠤᠶᠤ ᠦᠭᠡᠷᠢ ᠲᠠᠲᠠᠬᠤ ᠳ᠋ᠤ᠌ ᠪᠤᠰᠤᠳ ᠠ᠋ᠴᠠ ᠬᠡᠲᠦᠷᠬᠡᠢ ᠦᠯᠡᠮᠵᠢ᠃ ᠭᠤᠷᠪᠠ ᠠ᠋ᠴᠠ ᠠᠷᠪᠠ ᠬᠣᠨᠣᠭ ᠲᠤ᠌ ᠢᠳᠡᠷ ᠦ᠋ᠳ ᠲᠦ᠍ ᠬᠡᠯᠡᠨ ᠳᠡᠭᠡᠷ᠎ᠡ ᠬᠠᠷ᠎ᠠ ᠭᠦᠪᠳᠦᠷᠦᠦ ᠭᠠᠷᠬᠤ ᠶ᠋ᠢᠨ ᠰᠡᠵᠢᠭ ᠶᠡᠬᠡ᠂ ᠲᠡᠢᠮᠦ ᠶ᠋ᠢᠨ ᠲᠤᠯᠠ᠂ ᠦᠷᠭᠦᠯᠵᠢ ᠬᠠᠷᠠᠭᠤᠯ ᠢ᠋ ᠡᠷᠴᠢᠮᠲᠡᠢ ᠮᠠᠨᠠᠭᠲᠤᠨ᠃ ᠭᠠᠷᠬᠤ ᠬᠡᠮᠵᠢᠶ᠎ᠡ ᠨᠢ ᠴᠠᠭᠠᠨ ᠭᠡᠴᠢ ᠡᠴᠡ ᠶᠡᠬᠡ ᠰᠢᠭ ᠪᠥᠭᠡᠳ ᠲᠡᠭᠦᠨ ᠡᠴᠡ ᠭᠦᠪᠳᠦᠷᠦᠦ ᠨᠢ ᠨᠡᠪᠴᠢᠵᠦ᠂ ᠴᠢᠰᠤ ᠴᠤᠪᠤᠷᠠᠬᠤ ᠪᠣᠯᠠᠢ᠃ ᠴᠢᠰᠤ ᠴᠣᠪᠣᠷᠠᠭᠰᠨᠨ ᠤ᠋ ᠬᠣᠢᠨ᠎ᠠ᠂ ᠬᠣᠭᠣᠯᠠᠢ ᠬᠠᠭᠠᠭᠳᠠᠪᠠᠰᠤ ᠵᠠᠰᠠᠯᠲᠠ ᠦᠭᠡᠢ ᠦᠬᠦᠮᠦᠢ᠃ ᠲᠡᠢᠮᠦ ᠡᠴᠡ ᠴᠢᠰᠤ ᠭᠠᠷᠬᠤ ᠶ᠋ᠢᠨ ᠤᠷᠢᠳ ᠵᠠᠰᠠᠬᠤ ᠠᠷᠭ᠎ᠠ ᠶ᠋ᠢ ᠰᠢᠮᠳᠠ᠃ ᠪᠠᠰᠠ ᠲᠠᠪᠤᠨ ᠭᠠᠷᠤᠳᠢ ᠶ᠋ᠢ ᠬᠤᠪᠢ ᠰᠠᠴᠠᠭᠤ ᠨᠠᠢᠷᠠᠭᠤᠯᠤᠭᠰᠠᠨ ᠳᠡᠭᠡᠷ᠎ᠡ ᠬᠥᠬᠥᠯ᠂ ᠳ᠋ᠠᠭᠱᠠ ᠶ᠋ᠢ ᠨᠡᠮᠡᠭᠰᠡᠨ ᠲᠠᠯᠬ᠎ᠠ ᠶ᠋ᠢ ᠨᠢᠵᠡᠭᠡᠳ ᠭᠡᠮ ᠢ᠋ ᠲᠡᠭᠰᠢ ᠣᠭᠲᠣᠯᠤᠭᠰᠠᠨ ᠬᠤᠯᠤᠰᠤᠨ ᠳᠣᠲᠣᠷ᠎ᠠ ᠬᠢᠵᠦ᠂ ᠭᠦᠪᠳᠦᠷᠦᠦ ᠶ᠋ᠢᠨ ᠳᠡᠭᠡᠷ᠎ᠡ ᠳᠠᠷᠤᠲᠤᠭᠠᠢ᠃ ᠭᠦᠪᠳᠦᠷᠦᠦ ᠶ᠋ᠢᠨ ᠥᠩᠭᠡ ᠴᠠᠭᠠᠨ ᠰᠢᠷ᠎ᠠ ᠪᠣᠯᠤᠨ ᠣᠤᠠᠪᠠᠰᠤ ᠪᠠᠯᠭᠤᠨ᠎ᠠ ᠶ᠋ᠢᠨ ᠮᠣᠲᠣᠨ ᠪ ᠤᠲᠤᠭ᠎ᠠ ᠪᠠᠷ ᠳᠠᠬᠢᠨ ᠳᠠᠬᠢᠨ ᠤᠲᠤᠪᠠᠰᠤ ᠲᠤᠰᠠᠲᠠᠢ᠃ ᠠᠷᠪᠠ ᠠ᠋ᠴᠠ ᠠᠷᠪᠠᠨ ᠭᠤᠷᠪᠠ᠂ ᠠᠷᠪᠠᠨ ᠲᠥᠷᠪᠡᠲᠦᠭᠡᠷ ᠬᠣᠨᠣᠭ ᠤ᠋ᠨ ᠦᠶᠡᠰ ᠲᠦ᠍ ᠨᠢᠶᠠᠨ ᠬᠠᠯᠠᠭᠤᠨ ᠤ᠋ ᠶᠡᠬᠡᠩᠬᠢ ᠨᠢ ᠨᠠᠮᠳᠠᠵᠤ᠂ ᠦᠭᠡᠷᠢ ᠤᠰᠤ ᠨᠢ ᠬᠠᠲᠠᠬᠤ ᠶ᠋ᠢᠨ ᠴᠠᠭ ᠲᠤ᠌ ᠠᠭᠤᠯᠠ ᠲᠠᠯ᠎ᠠ ᠶ᠋ᠢᠨ ᠵᠠᠪᠰᠠᠷ ᠤ᠋ᠨ ᠬᠡᠢ ᠶ᠋ᠢ ᠰᠡᠷᠡᠮᠵᠢᠯᠡ᠃ ᠬᠡᠢ ᠬᠣᠯᠢᠯᠳᠤᠪᠠᠰᠤ ᠠᠭᠤᠯᠠ ᠲᠠᠯ᠎ᠠ ᠶ᠋ᠢᠨ ᠵᠠᠪᠰᠠᠷ ᠲᠤ᠌ ᠬᠦᠷᠦᠭᠰᠡᠨ ᠮᠥᠨ᠃ ᠰᠢᠨᠵᠢ ᠨᠢ᠄ ᠰᠤᠳᠠᠯ ᠬᠣᠭᠣᠰᠣᠨ᠂ ᠰᠢᠭᠡᠰᠦ ᠨᠢ ᠤᠯᠠᠭᠠᠨ ᠬᠥᠭᠡᠰᠦ ᠶᠡᠬᠡᠲᠡᠢ᠂ ᠡᠷᠪᠡᠰᠢᠶᠡᠯ ᠦᠭᠡᠢ᠂ ᠨᠣᠢᠷ ᠶᠡᠬᠡ᠂ ᠥᠴᠦᠬᠡᠨ ᠳᠠᠭᠠᠷᠠᠳᠠᠰᠤ ᠬᠦᠷᠬᠦ ᠪᠠ ᠡᠨᠳᠡᠭᠦᠷᠡᠬᠦ ᠦᠵᠡᠭᠳᠡᠯ ᠭᠠᠷᠬᠤ ᠪᠥᠭᠡᠳ ᠴᠠᠯᠴᠢᠶ᠎ᠠ ᠥᠭᠦᠯᠡᠵᠦ᠂ ᠰᠣᠯᠢᠶᠠᠷᠠᠬᠤ ᠪᠠᠢᠳᠠᠯ ᠦᠵᠡᠭᠦᠯᠪᠡᠰᠦ᠂ ᠬᠡᠢ ᠶ᠋ᠢᠨ ᠰᠢᠨᠵᠢ ᠮᠥᠨ ᠲᠤᠯᠠ ᠲᠡᠷᠡ ᠴᠠᠭ ᠲᠤ᠌ ᠰᠦ᠍ ᠬᠢᠭᠡᠳ ᠪᠣᠷᠪᠢ ᠲᠣᠢᠭ ᠤ᠋ᠨ ᠰᠢᠨ᠎ᠡ ᠶᠠᠰᠤ᠂ ᠮᠢᠬ᠎ᠠ ᠲᠡᠷᠢᠭᠦᠲᠡᠨ ᠢ᠋ ᠵᠡᠷᠭᠡ ᠪᠡᠷ ᠰᠤᠯᠠᠳᠬᠠᠨᠠ᠃ ᠡᠮ ᠨᠢ᠄ ᠠᠭᠠᠷᠤ—35 ᠶ᠋ᠢ ᠠᠷᠢᠬᠢ ᠪᠠᠷ ᠳᠠᠷᠤᠭᠤᠯ᠃ ᠳᠡᠭᠡᠷᠡᠬᠢ ᠰᠢᠮ᠎ᠡ᠂ ᠴᠢᠯᠠᠭᠤᠨ ᠨᠠᠢᠷᠠᠯᠭ᠎ᠠ ᠯᠤᠭ᠎ᠠ ᠬᠠᠪᠰᠤᠷᠠᠭᠤᠯᠬᠤ ᠶ᠋ᠢ ᠮᠡᠳᠡᠭᠲᠦᠨ᠃
ᠦᠭᠡᠷᠢ ᠰᠢᠭᠦᠰᠦ ᠮᠠᠰᠢ ᠠᠷᠪᠢᠨ ᠪᠥᠭᠡᠳ ᠭᠦᠪᠳᠦᠷᠦᠦ ᠨᠦ᠍ᠭᠦᠳ ᠨᠢ ᠬᠠᠷᠢᠯᠴᠠᠨ ᠵᠠᠯᠭᠠᠯᠳᠤᠵᠤ ᠦᠭᠡᠷᠢ ᠪᠣᠯᠪᠠᠰᠤᠷᠠᠨ ᠲᠠᠷᠬᠠᠪᠠᠰᠤ ᠪᠤᠭᠤ ᠶ᠋ᠢᠨ ᠶᠠᠰᠤ᠂ ᠬᠣᠨᠢᠨ ᠰᠢᠷᠠᠯᠵᠢ᠂ ᠴᠠᠬᠢᠯᠳᠠᠭ᠂ ᠳᠠᠯᠠᠨ ᠲᠦᠷᠦᠭᠦᠦ᠂ ᠽᠢᠮᠪᠠ ᠶ᠋ᠢᠨ ᠦᠨᠡᠰᠦ ᠶ᠋ᠢ ᠲᠠᠯᠪᠢᠪᠠᠰᠤ ᠲᠦᠷᠭᠡᠨ ᠬᠠᠲᠠᠭᠠᠨ᠎ᠠ᠃ ᠲᠡᠭᠦᠨ ᠡᠴᠡ ᠴᠦ᠍ ᠡᠰᠡ ᠬᠠᠲᠠᠪᠠᠰᠤ ᠰᠢᠩᠭᠦᠨ ᠢ᠋ ᠰᠢᠨ᠎ᠡ ᠲᠣᠰᠣᠨ ᠤ᠋ ᠰᠢᠭᠦᠰᠦ ᠪᠡᠷ ᠳᠠᠷᠤᠭᠤᠯᠵᠤ ᠥᠭᠪᠡᠯ ᠬᠠᠲᠠᠬᠤ ᠪᠣᠯᠤᠨ᠎ᠠ᠃ ᠠᠷᠪᠠ ᠬᠣᠨᠣᠭ ᠲᠤ᠌ ᠪᠡᠶ᠎ᠡ ᠬᠦᠷᠦᠬᠦ᠂ ᠵᠢᠪᠠᠷ ᠬᠢᠭᠡᠳ ᠳᠠᠪᠤᠰᠤ᠂᠂ ᠲᠣᠰᠣᠯᠢᠭ ᠲᠡᠷᠢᠭᠦᠲᠡᠨ ᠢ᠋ ᠴᠡᠭᠡᠷᠯᠡᠪᠡᠰᠦ ᠮᠠᠰᠢ ᠰᠠᠢᠨ ᠪᠣᠯᠠᠢ᠃ ᠬᠠᠷ᠎ᠠ ᠪᠦᠬᠦᠨ ᠳ᠋ᠦ᠍ ᠶᠡᠷᠦ ᠶ᠋ᠢᠨ ᠡᠮ᠂ ᠰᠢᠮ᠎ᠡ ᠶ᠋ᠢᠨ ᠨᠠᠢᠷᠠᠯᠭ᠎ᠠ ᠨᠢ᠄ ᠬᠣᠶᠠᠷ ᠵᠦᠢᠯ ᠦ᠋ᠨ ᠽᠠᠨᠳᠠᠨ᠂ ᠵᠢᠷᠭᠤᠭᠠᠨ ᠰᠠᠢᠨ᠂ ᠠᠭᠠᠷᠤ᠂ ᠭᠢᠸᠠᠩ᠂ ᠵᠢᠭᠠᠷ᠂ ᠽᠢᠮᠪᠠ᠂ ᠱᠸᠷᠤ᠂ ᠰᠢᠬᠢᠷ ᠲᠡᠢ ᠨᠠᠢᠷᠠᠭᠤᠯᠵᠤ ᠥᠭ᠃
ᠦᠬᠡᠷ ᠦ᠋ᠨ ᠰᠢᠯᠢ ᠮᠡᠲᠦ ᠳ᠋ᠦ᠍᠄ ᠲᠡᠭᠦᠨ ᠦ᠌ ᠳᠡᠭᠡᠷ᠎ᠡ ᠭᠠᠪᠤᠷ᠂ ᠦᠬᠡᠷ ᠦ᠋ᠨ ᠰᠢᠷᠢ ( ᠵᠠᠭᠠᠨ ᠤ᠋ ᠠᠷᠠᠰᠤ ᠪᠣᠯ ᠨᠡᠩ ᠰᠠᠢᠨ) ᠢ᠋ ᠰᠢᠷᠠᠯᠠᠬᠤ ᠶ᠋ᠢᠨ ᠲᠡᠳᠦᠢ ᠲᠦᠯᠡᠵᠦ ᠨᠡᠮᠡᠪᠡᠰᠦ ᠳᠡᠭᠡᠳᠦ ᠪᠣᠯᠠᠢ᠃
ᠵᠡᠰ ᠬᠠᠳᠠᠭᠠᠰᠤ ᠨᠤᠭᠤᠳ ᠲᠤ᠌ ᠳᠡᠭᠡᠷᠡᠬᠢ ᠰᠢᠮ᠎ᠡ ᠶ᠋ᠢᠨ ᠨᠠᠢᠷᠠᠯᠭ᠎ᠠ ᠶ᠋ᠢᠨ ᠳᠡᠭᠡᠷ᠎ᠡ ᠦᠯᠴᠦ᠂ ᠬᠣᠩᠯᠸᠠ᠂ ᠳ᠋ᠢᠭᠳᠡ᠂ ᠳ᠋ᠦᠩᠮᠦᠨᠢᠦᠩ( ᠲᠡᠮᠡᠭᠡᠨ ᠬᠥᠬᠥ) ᠶ᠋ᠢ ᠨᠡᠮᠡ᠃
ᠬᠠᠴᠢᠭ( ᠱᠠᠯᠵᠠ) ᠮᠡᠲᠦ ᠳ᠋ᠦ᠍᠄ ᠰᠢᠮ᠎ᠡ ᠶ᠋ᠢᠨ ᠨᠠᠢᠷᠠᠯᠭ᠎ᠠ ᠶ᠋ᠢᠨ ᠳᠡᠭᠡᠷ᠎ᠡ ᠪᠠᠱᠠᠭ᠎ᠠ᠂ ᠬᠣᠩᠯᠸᠠ ᠨᠡᠮᠡᠵᠦ ᠥᠭ᠃ ᠦᠬᠡᠷ ᠦ᠋ᠨ ᠰᠢᠯᠢ ᠬᠢᠭᠡᠳ ᠵᠡᠰ ᠬᠠᠳᠠᠭᠠᠰᠤ ᠬᠣᠶᠠᠷ ᠲᠤ᠌ ᠴᠠᠭᠠᠨ ᠽᠠᠨᠳᠠᠨ᠂ ᠵᠢᠭᠠᠷ᠂ ᠬᠥᠬᠥᠯ᠂ ᠵᠤᠭᠠᠩ᠂ ᠭᠢᠸᠠᠩ᠂ ᠮᠡᠯᠡᠬᠡᠢ ᠶ᠋ᠢᠨ ᠴᠠᠷ᠎ᠠ᠂ ᠳ᠋ᠦᠩᠽᠢ᠂ ᠭᠠᠨᠲᠢᠭ᠂ ᠼᠠᠯ᠂ ᠼᠠᠯᠠ᠂ ᠦᠯᠴᠦ᠂ ᠮᠦᠽᠢ᠂ ᠳ᠋ᠠᠭᠱᠠ᠂ ᠠᠷᠤᠷ᠎ᠠ᠂ ᠨᠢᠭᠤᠴᠠ ᠭᠤᠷᠪᠠᠨ ᠡᠮ ᠢ᠋ ᠪᠣᠯᠬᠤ ᠶ᠋ᠢ ᠨᠡᠮᠡᠵᠦ ᠪᠤᠴᠠᠯᠤᠭᠰᠠᠨ ᠤᠰᠤ᠂ ᠦᠨᠦᠷᠲᠦ ᠤᠰᠤ᠂ ᠭᠠᠬᠠᠢ ᠶ᠋ᠢᠨ ᠬᠣᠷᠭᠣᠯ᠂ ᠠᠷᠢᠬᠢ ᠠᠯᠢ ᠪᠣᠯᠬᠤ ᠪᠠᠷ ᠳᠠᠷᠤᠭᠤᠯ᠂ ᠪᠦᠷᠦᠮᠪᠦᠶᠦᠯᠵᠢᠯ( ᠪᠣᠳᠣ ᠶ᠋ᠢ ᠪᠠᠢᠯᠳᠤᠨ ᠢᠯᠠᠭᠴᠢ) ᠬᠡᠮᠡᠬᠦ ᠡᠮ ᠦ᠋ᠨ ᠳᠡᠭᠡᠳᠦ ᠮᠥᠨ᠃
(ᠠᠷᠪᠠ) ᠴᠤᠯᠤ ᠰᠠᠪᠠᠨ ᠳ᠋ᠤ᠌ ᠪᠠᠭᠤᠭᠰᠠᠨ ᠢ᠋ ᠵᠠᠰᠠᠬᠤ ᠠᠷᠭ᠎ᠠ
ᠵᠢᠷᠦᠬᠡᠨ ᠳ᠋ᠦ᠍ ᠪᠠᠭᠤᠪᠠᠰᠤ᠄ ᠰᠣᠴᠢᠨ ᠴᠡᠴᠡᠷᠡᠵᠦ᠂ ᠰᠣᠯᠢᠶᠠᠷᠠᠬᠤ ᠪᠠᠢᠳᠠᠯ ᠦᠵᠡᠭᠦᠯᠦᠨ᠎ᠡ᠃ ᠰᠢᠮ᠎ᠡ ᠶ᠋ᠢᠨ ᠨᠠᠢᠷᠠᠯᠭ᠎ᠠ ᠨᠠᠢ᠍ᠮᠠ ᠶ᠋ᠢᠨ ᠳᠡᠭᠡᠷ᠎ᠡ ᠠᠭᠠᠷᠤ᠂ ᠭᠠᠪᠤᠷ ᠢ᠋ ᠨᠡᠮᠡ᠃
ᠠᠭᠤᠰᠬᠢᠨ ᠳ᠋ᠤ᠌ ᠪᠠᠭᠤᠪᠠᠰᠤ(ᠠᠷᠪᠠ) ᠴᠤᠯᠤ ᠰᠠᠪᠠᠨ ᠳ᠋ᠤ᠌ ᠪᠠᠭᠤᠭᠰᠠᠨ ᠢ᠋ ᠵᠠᠰᠠᠬᠤ ᠠᠷᠭ᠎ᠠ
ᠵᠢᠷᠦᠬᠡᠨ ᠳ᠋ᠦ᠍ ᠪᠠᠭᠤᠪᠠᠰᠤ᠄ ᠰᠣᠴᠢᠨ ᠴᠡᠴᠡᠷᠡᠵᠦ᠂ ᠰᠣᠯᠢᠶᠠᠷᠠᠬᠤ ᠪᠠᠢᠳᠠᠯ ᠦᠵᠡᠭᠦᠯᠦᠨ᠎ᠡ᠃ ᠰᠢᠮ᠎ᠡ ᠶ᠋ᠢᠨ ᠨᠠᠢᠷᠠᠯᠭ᠎ᠠ ᠨᠠᠢ᠍ᠮᠠ ᠶ᠋ᠢᠨ ᠳᠡᠭᠡᠷ᠎ᠡ ᠠᠭᠠᠷᠤ᠂ ᠭᠠᠪᠤᠷ ᠢ᠋ ᠨᠡᠮᠡ᠃
ᠠᠭᠤᠰᠬᠢᠨ ᠳ᠋ᠤ᠌ ᠪᠠᠭᠤᠪᠠᠰᠤ᠄ ᠣᠯᠠᠨ ᠬᠠᠨᠢᠶᠠᠵᠤ᠂ ᠬᠠᠳᠬᠤᠯᠠᠬᠤ ᠪᠥᠭᠡᠳ ᠦᠭᠡᠷᠢ ᠲᠠᠢ ᠴᠠᠷ ᠭᠠᠷᠪᠠᠯ ᠰᠢᠮ᠎ᠡ ᠶ᠋ᠢᠨ ᠨᠠᠢᠷᠠᠯᠭ᠎ᠠ ᠳᠡᠭᠡᠷ᠎ᠡ ᠰᠣᠷᠣᠯᠣ᠂ ᠰᠢᠩ ᠠᠷ᠂ ᠪᠠᠩᠵᠠᠨ᠂ ᠵᠢᠯᠵᠧ᠂ ᠯᠢᠭᠠᠳᠣᠷ ᠢ᠋ ᠨᠡᠮᠡᠵᠦ ᠥᠭ᠃
ᠡᠯᠢᠭᠡᠨ ᠳ᠋ᠦ᠍ ᠪᠠᠭᠤᠪᠠᠰᠤ᠄ ᠨᠢᠳᠦᠨ ᠦ᠌ ᠥᠩᠭᠡ ᠤᠯᠠᠢᠵᠤ᠂ ᠡᠯᠢᠭᠡᠨ ᠳᠡᠭᠡᠷ᠎ᠡ ᠡᠪᠡᠳᠦᠨ᠎ᠡ᠃ ᠳ᠋ᠣᠮᠷᡁᠢ᠂ ᠪᠠᠷᠠᠬᠱᠤᠢ᠍ᠨ᠂ ᠬᠠᠴᠧ ᠭᠦᠷᠭᠦᠮ ᠢ᠋ ᠨᠡᠮᠡᠵᠦ ᠥᠭ᠃ ᠭᠡᠳᠡᠰᠦ ᠣᠯᠣᠭᠠᠢ ᠳ᠋ᠤ᠌ ᠪᠠᠭᠤᠪᠠᠰᠤ᠄ ᠥᠳᠬᠡᠨ ᠮᠥᠷ ᠬᠠᠭᠠᠭᠳᠠᠬᠤ ᠪᠤᠶᠤ ᠡᠰᠡᠪᠡᠰᠦ ᠰᠢᠷ᠎ᠠ ᠪᠠᠷ ᠰᠠᠭᠤᠯᠭᠠᠬᠤ ᠪᠠ ᠪᠥᠭᠡᠯᠵᠢᠬᠦ ᠴᠦ᠍ ᠪᠣᠢ᠃ ᠲᠡᠭᠦᠨ ᠳ᠋ᠦ᠍ ᠽᠣᠳ᠂ ᠨᠢᠶᠠᠯᠤ᠂ ᠳ᠋ᠦᠭ᠌ᠮᠤᠨᠢᠣᠩ ᠢ᠋ ᠥᠭ᠃ ᠪᠦᠬᠦᠨ ᠳ᠋ᠦ᠍ ᠨᠥᠬᠥᠷᠯᠡᠭᠦᠯᠬᠦ ᠨᠢ᠄ ᠦᠯᠴᠦ ᠰᠠᠢᠨ ᠶᠤᠮ᠃ ᠥᠳᠬᠡᠨ ᠬᠠᠭᠠᠭᠳᠠᠪᠠᠰᠤ ᠠᠷᠤᠷ᠎ᠠ᠂ ᠬᠤᠵᠢᠷ ᠢ᠋ ᠬᠤᠪᠢ ᠲᠡᠭᠰᠢ ᠶ᠋ᠢᠨ ᠳᠡᠭᠡᠷ᠎ᠡ ᠳ᠋ᠠᠨᠷᠤᠭ᠋ ᠥᠴᠦᠬᠡᠨ ᠨᠡᠮᠡᠵᠦ ᠵᠦᠮᠽᠡ ᠶ᠋ᠢᠨ ᠳᠠᠩ ᠢ᠋ᠶ᠋ᠠᠷ ᠳᠠᠷᠤᠭᠤᠯ᠃ ᠳᠠᠪᠤᠰᠠᠩ ᠳ᠋ᠤ᠌ ᠪᠠᠭᠤᠪᠠᠰᠤ᠄ ᠰᠢᠭᠡᠰᠦ ᠴᠠᠪᠳᠠᠬᠰᠢᠬᠤ ᠳ᠋ᠤ᠌ ᠵᠠᠼᠠ᠂ ᠷᠦᠳᠠ᠂ ᠵᠠᠮᠪᠠ᠂ ᠵᠢᠭᠠᠷ ᠢ᠋ ᠰᠢᠷᠭᠢᠭᠡᠭᠰᠡᠨ ᠳᠠᠩ ᠬᠢᠭᠡᠳ ᠵᠠᠼᠠ᠂ ᠳ᠋ᠢᠭᠰᠸᠷᠢᠨ᠂ ᠰᠸᠷᠵᠢᠵᠢᠮᠡ ᠭᠤᠷᠪᠠ ᠶ᠋ᠢ ᠰᠢᠯ ᠭᠤᠤᠷᠰᠤᠨ ᠳ᠋ᠤ᠌ ᠬᠢᠵᠦ ᠸᠴᠢᠷ※ ᠦ᠋ᠨ ᠰᠦᠪᠡ ᠪᠡᠷ ᠦᠯᠢᠶᠡᠨ ᠤᠷᠤᠭᠤᠯ᠃ ᠨᠢᠳᠦᠨ ᠳ᠋ᠦ᠍ ᠪᠣᠳᠣ ᠶ᠋ᠢ ᠰᠡᠷᠭᠡᠢᠯᠡᠬᠦ ᠳ᠋ᠦ᠍᠄ ᠦᠬᠡᠷ ᠦ᠋ᠨ ᠰᠢᠭᠡᠰᠦ ᠶ᠋ᠢ ᠲᠦᠷᠬᠢ᠃ ᠪᠣᠳᠣ ᠭᠠᠷᠪᠠᠰᠤ ᠰᠢᠷ᠎ᠠ ᠮᠣᠳᠣᠨ ᠤ᠋ ᠬᠠᠨᠳᠠ ᠶ᠋ᠢ ᠲᠦᠷᠬᠢ᠃ ᠬᠣᠭᠣᠯᠠᠢ ᠶ᠋ᠢ ᠰᠡᠷᠭᠡᠢᠯᠡᠬᠦ ᠳ᠋ᠦ᠍᠄ ᠬᠥᠬᠥᠯ ᠢ᠋ ᠬᠡᠮᠡᠯᠡᠭᠦᠯ᠃ ᠰᠢᠮ᠎ᠡ ᠶ᠋ᠢᠨ ᠨᠠᠢᠷᠠᠯᠭ᠎ᠠ ᠶ᠋ᠢᠨ ᠳᠡᠭᠡᠷ᠎ᠡ ᠪᠠᠩᠽᠢ᠂ ᠵᠢᠯᠵᠧ᠂ ᠪᠠᠩᠵᠠᠨ ᠢ᠋ ᠨᠡᠮᠡᠵᠦ ᠰᠢᠷᠠᠯᠵᠢ ᠶ᠋ᠢᠨ ᠳᠠᠩ ᠢ᠋ᠶ᠋ᠠᠷ ᠳᠠᠷᠤᠭᠤᠯ᠃ ᠬᠡᠯᠡ ᠬᠠᠪᠤᠳᠪᠠᠰᠤ᠄ ᠮᠡᠯᠡᠬᠡᠢ ᠶ᠋ᠢᠨ ᠮᠢᠬ᠎ᠠ ᠶ᠋ᠢ ᠨᠠᠭ᠎ᠠ᠃ ᠪᠤᠢᠯᠠ ᠬᠠᠪᠤᠳᠪᠠᠰᠤ᠄ ᠵᠦᠷᠦᠷ᠎ᠠ᠂ ᠠᠴᠢᠭ ᠢ᠋ ᠴᠠᠭᠠᠨ ᠲᠣᠰᠣᠨ ᠳ᠋ᠤ᠌ ᠵᠢᠭᠤᠷᠠᠵᠤ ᠲᠦᠷᠬᠢ᠃ ᠴᠢᠬᠢ ᠪᠥᠭᠯᠡᠷᠡᠪᠡᠰᠦ᠄ ᠵᠠᠨᠼᠤᠸᠠᠫᠤᠸᠠ ᠶ᠋ᠢ ᠦᠯᠢᠶᠡ᠃ ᠮᠢᠬᠠᠨ ᠤ᠋ ᠥᠩᠭᠡ ᠰᠠᠢᠵᠢᠷᠠᠬᠤ ᠶ᠋ᠢ ᠬᠦᠰᠡᠪᠡᠰᠦ ᠪᠡᠷᠢᠮᠦᠭ ᠢ᠋ ᠲᠦᠷᠬᠢ᠃ ᠨᠢᠭᠤᠷ ᠳᠠᠬᠢ ᠭᠦᠪᠳᠦᠷᠦᠦ ᠶ᠋ᠢᠨ ᠰᠣᠷᠪᠢ ᠶ᠋ᠢ ᠰᠢᠭᠡᠰᠦ ᠪᠡᠷ ᠤᠬᠢᠶᠠ᠃ ᠢᠮᠠᠭᠠᠨ ᠥᠭᠡᠬᠦ᠂ ᠭᠠᠬᠠᠢ ᠶ᠋ᠢᠨ ᠥᠭᠡᠬᠦ᠂ ᠠᠵᠠᠬᠰᠸᠷ ᠤ᠋ᠳ ᠢ᠋ ᠨᠠᠢᠷᠠᠭᠤᠯᠵᠤ ᠲᠦᠷᠬᠢ᠃ ᠳᠣᠰᠤᠯᠢᠭ᠋᠂ ᠳᠠᠪᠤᠰᠤ ᠬᠣᠶᠠᠷ ᠢ᠋ ᠥᠨᠢ ᠤᠳᠠᠭᠠᠨ ᠴᠡᠭᠡᠷᠯᠡ᠂ ᠮᠠᠰᠢ ᠬᠦᠴᠦᠨ ᠶᠡᠬᠡ ᠬᠠᠷ᠎ᠠ ᠪᠣᠳᠣ ᠶ᠋ᠢᠨ ᠠᠢᠮᠠᠭ ᠤ᠋ᠳ ᠲᠤ᠌ ᠲᠤᠭᠤᠯᠭ᠎ᠠ ᠪᠠ ᠬᠠᠨᠠᠭᠤᠷ ᠵᠡᠷᠭᠡ ᠶ᠋ᠢᠨ ᠵᠠᠰᠠᠯ ᠮᠠᠭᠠᠳ ᠬᠡᠷᠡᠭᠲᠡᠢ᠃ ᠡᠴᠦᠰ ᠲᠦ᠍ ᠬᠡᠢ ᠶ᠋ᠢ ᠵᠠᠰᠠᠬᠤ ᠶ᠋ᠢᠨ ᠳᠠᠭᠠᠤ ᠪᠡᠶ᠎ᠡ ᠶ᠋ᠢᠨ ᠲᠠᠮᠢᠷ ᠢ᠋ ᠲᠡᠵᠢᠭᠡ᠃
ᠣᠯᠠᠨ ᠬᠠᠨᠢᠶᠠᠵᠤ᠂ ᠬᠠᠳᠬᠤᠯᠠᠬᠤ ᠪᠥᠭᠡᠳ ᠥᠭᠡᠷᠢ ᠲᠠᠢ ᠴᠠᠷ ᠭᠠᠷᠪᠠᠯ ᠰᠢᠮ᠎ᠡ ᠶ᠋ᠢᠨ ᠨᠠᠢᠷᠠᠯᠭ᠎ᠠ ᠳᠡᠭᠡᠷ᠎ᠡ ᠰᠣᠷᠣᠯᠣ᠂ ᠰᠢᠩ ᠠᠷ᠂ ᠪᠠᠩᠵᠠᠨ᠂ ᠵᠢᠯᠵᠧ᠂ ᠯᠢᠭᠠᠳᠣᠷ ᠢ᠋ ᠨᠡᠮᠡᠵᠦ ᠥᠭ᠃
ᠡᠯᠢᠭᠡᠨ ᠳ᠋ᠦ᠍ ᠪᠠᠭᠤᠪᠠᠰᠤ᠄ ᠨᠢᠳᠦᠨ ᠦ᠌ ᠥᠩᠭᠡ ᠤᠯᠠᠢᠵᠤ᠂ ᠡᠯᠢᠭᠡᠨ ᠳᠡᠭᠡᠷ᠎ᠡ ᠡᠪᠡᠳᠦᠨ᠎ᠡ᠃ ᠳ᠋ᠣᠮᠷᡁᠢ᠂ ᠪᠠᠷᠠᠬᠱᠤᠢ᠍ᠨ᠂ ᠬᠠᠴᠧ ᠭᠦᠷᠭᠦᠮ ᠢ᠋ ᠨᠡᠮᠡᠵᠦ ᠥᠭ᠃
ᠭᠡᠳᠡᠰᠦ ᠣᠯᠣᠭᠠᠢ ᠳ᠋ᠤ᠌ ᠪᠠᠭᠤᠪᠠᠰᠤ᠄ ᠥᠳᠬᠡᠨ ᠮᠥᠷ ᠬᠠᠭᠠᠭᠳᠠᠬᠤ ᠪᠤᠶᠤ ᠡᠰᠡᠪᠡᠰᠦ ᠰᠢᠷ᠎ᠠ ᠪᠠᠷ ᠰᠠᠭᠤᠯᠭᠠᠬᠤ ᠪᠠ ᠪᠥᠭᠡᠯᠵᠢᠬᠦ ᠴᠦ᠍ ᠪᠣᠢ᠃ ᠲᠡᠭᠦᠨ ᠳ᠋ᠦ᠍ ᠽᠣᠳ᠂ ᠨᠢᠶᠠᠯᠤ᠂ ᠳ᠋ᠦᠭ᠌ᠮᠤᠨᠢᠣᠩ ᠢ᠋ ᠥᠭ᠃ ᠪᠦᠬᠦᠨ ᠳ᠋ᠦ᠍ ᠨᠥᠬᠥᠷᠯᠡᠭᠦᠯᠬᠦ ᠨᠢ᠄ ᠦᠯᠴᠦ ᠰᠠᠢᠨ ᠶᠤᠮ᠃ ᠥᠳᠬᠡᠨ ᠬᠠᠭᠠᠭᠳᠠᠪᠠᠰᠤ ᠠᠷᠤᠷ᠎ᠠ᠂ ᠬᠤᠵᠢᠷ ᠢ᠋ ᠬᠤᠪᠢ ᠲᠡᠭᠰᠢ ᠶ᠋ᠢᠨ ᠳᠡᠭᠡᠷ᠎ᠡ ᠳ᠋ᠠᠨᠷᠤᠭ᠋ ᠥᠴᠦᠬᠡᠨ ᠨᠡᠮᠡᠵᠦ ᠵᠦᠮᠽᠡ ᠶ᠋ᠢᠨ ᠳᠠᠩ ᠢ᠋ᠶ᠋ᠠᠷ ᠳᠠᠷᠤᠭᠤᠯ᠃
ᠳᠠᠪᠤᠰᠠᠩ ᠳ᠋ᠤ᠌ ᠪᠠᠭᠤᠪᠠᠰᠤ᠄ ᠰᠢᠭᠡᠰᠦ ᠴᠠᠪᠳᠠᠬᠰᠢᠬᠤ ᠳ᠋ᠤ᠌ ᠵᠠᠼᠠ᠂ ᠷᠦᠳᠠ᠂ ᠵᠠᠮᠪᠠ᠂ ᠵᠢᠭᠠᠷ ᠢ᠋ ᠰᠢᠷᠭᠢᠭᠡᠭᠰᠡᠨ ᠳᠠᠩ ᠬᠢᠭᠡᠳ ᠵᠠᠼᠠ᠂ ᠳ᠋ᠢᠭᠰᠸᠷᠢᠨ᠂ ᠰᠸᠷᠵᠢᠵᠢᠮᠡ ᠭᠤᠷᠪᠠ ᠶ᠋ᠢ ᠰᠢᠯ ᠭᠤᠤᠷᠰᠤᠨ ᠳ᠋ᠤ᠌ ᠬᠢᠵᠦ ᠸᠴᠢᠷ※ ᠦ᠋ᠨ ᠰᠦᠪᠡ ᠪᠡᠷ ᠦᠯᠢᠶᠡᠨ ᠤᠷᠤᠭᠤᠯ᠃
ᠨᠢᠳᠦᠨ ᠳ᠋ᠦ᠍ ᠪᠣᠳᠣ ᠶ᠋ᠢ ᠰᠡᠷᠭᠡᠢᠯᠡᠬᠦ ᠳ᠋ᠦ᠍᠄ ᠦᠬᠡᠷ ᠦ᠋ᠨ ᠰᠢᠭᠡᠰᠦ ᠶ᠋ᠢ ᠲᠦᠷᠬᠢ᠃ ᠪᠣᠳᠣ ᠭᠠᠷᠪᠠᠰᠤ ᠰᠢᠷ᠎ᠠ ᠮᠣᠳᠣᠨ ᠤ᠋ ᠬᠠᠨᠳᠠ ᠶ᠋ᠢ ᠲᠦᠷᠬᠢ᠃
ᠬᠣᠭᠣᠯᠠᠢ ᠶ᠋ᠢ ᠰᠡᠷᠭᠡᠢᠯᠡᠬᠦ ᠳ᠋ᠦ᠍᠄ ᠬᠥᠬᠥᠯ ᠢ᠋ ᠬᠡᠮᠡᠯᠡᠭᠦᠯ᠃ ᠰᠢᠮ᠎ᠡ ᠶ᠋ᠢᠨ ᠨᠠᠢᠷᠠᠯᠭ᠎ᠠ ᠶ᠋ᠢᠨ ᠳᠡᠭᠡᠷ᠎ᠡ ᠪᠠᠩᠽᠢ᠂ ᠵᠢᠯᠵᠧ᠂ ᠪᠠᠩᠵᠠᠨ ᠢ᠋ ᠨᠡᠮᠡᠵᠦ ᠰᠢᠷᠠᠯᠵᠢ ᠶ᠋ᠢᠨ ᠳᠠᠩ ᠢ᠋ᠶ᠋ᠠᠷ ᠳᠠᠷᠤᠭᠤᠯ᠃
ᠬᠡᠯᠡ ᠬᠠᠪᠤᠳᠪᠠᠰᠤ᠄ ᠮᠡᠯᠡᠬᠡᠢ ᠶ᠋ᠢᠨ ᠮᠢᠬ᠎ᠠ ᠶ᠋ᠢ ᠨᠠᠭ᠎ᠠ᠃
ᠪᠤᠢᠯᠠ ᠬᠠᠪᠤᠳᠪᠠᠰᠤ᠄ ᠵᠦᠷᠦᠷ᠎ᠠ᠂ ᠠᠴᠢᠭ ᠢ᠋ ᠴᠠᠭᠠᠨ ᠲᠣᠰᠣᠨ ᠳ᠋ᠤ᠌ ᠵᠢᠭᠤᠷᠠᠵᠤ ᠲᠦᠷᠬᠢ᠃
ᠴᠢᠬᠢ ᠪᠥᠭᠯᠡᠷᠡᠪᠡᠰᠦ᠄ ᠵᠠᠨᠼᠤᠸᠠᠫᠤᠸᠠ ᠶ᠋ᠢ ᠦᠯᠢᠶᠡ᠃
ᠮᠢᠬᠠᠨ ᠤ᠋ ᠥᠩᠭᠡ ᠰᠠᠢᠵᠢᠷᠠᠬᠤ ᠶ᠋ᠢ ᠬᠦᠰᠡᠪᠡᠰᠦ ᠪᠡᠷᠢᠮᠦᠭ ᠢ᠋ ᠲᠦᠷᠬᠢ᠃ ᠨᠢᠭᠤᠷ ᠳᠠᠬᠢ ᠭᠦᠪᠳᠦᠷᠦᠦ ᠶ᠋ᠢᠨ ᠰᠣᠷᠪᠢ ᠶ᠋ᠢ ᠰᠢᠭᠡᠰᠦ ᠪᠡᠷ ᠤᠬᠢᠶᠠ᠃ ᠢᠮᠠᠭᠠᠨ ᠥᠭᠡᠬᠦ᠂ ᠭᠠᠬᠠᠢ ᠶ᠋ᠢᠨ ᠥᠭᠡᠬᠦ᠂ ᠠᠵᠠᠬᠰᠸᠷ ᠤ᠋ᠳ ᠢ᠋ ᠨᠠᠢᠷᠠᠭᠤᠯᠵᠤ ᠲᠦᠷᠬᠢ᠃ ᠳᠣᠰᠤᠯᠢᠭ᠋᠂ ᠳᠠᠪᠤᠰᠤ ᠬᠣᠶᠠᠷ ᠢ᠋ ᠥᠨᠢ ᠤᠳᠠᠭᠠᠨ ᠴᠡᠭᠡᠷᠯᠡ᠂ ᠮᠠᠰᠢ ᠬᠦᠴᠦᠨ ᠶᠡᠬᠡ ᠬᠠᠷ᠎ᠠ ᠪᠣᠳᠣ ᠶ᠋ᠢᠨ ᠠᠢᠮᠠᠭ ᠤ᠋ᠳ ᠲᠤ᠌ ᠲᠤᠭᠤᠯᠭ᠎ᠠ ᠪᠠ ᠬᠠᠨᠠᠭᠤᠷ ᠵᠡᠷᠭᠡ ᠶ᠋ᠢᠨ ᠵᠠᠰᠠᠯ ᠮᠠᠭᠠᠳ ᠬᠡᠷᠡᠭᠲᠡᠢ᠃ ᠡᠴᠦᠰ ᠲᠦ᠍ ᠬᠡᠢ ᠶ᠋ᠢ ᠵᠠᠰᠠᠬᠤ ᠶ᠋ᠢᠨ ᠳᠠᠭᠠᠤ ᠪᠡᠶ᠎ᠡ ᠶ᠋ᠢᠨ ᠲᠠᠮᠢᠷ ᠢ᠋ ᠲᠡᠵᠢᠭᠡ᠃
(ᠠᠷᠪᠠᠨ ᠨᠢᠭᠡ) ᠪᠣᠳᠣ ᠶ᠋ᠢ ᠵᠠᠰᠠᠯ ᠢ᠋ᠶ᠋ᠠᠷ ᠵᠠᠰᠠᠬᠤ ᠠᠷᠭ᠎ᠠ
ᠪᠣᠳᠣ ᠶ᠋ᠢ ᠵᠠᠰᠠᠯ ᠢ᠋ᠶ᠋ᠠᠷ ᠵᠠᠰᠠᠬᠤ ᠠᠷᠭ᠎ᠠ ᠶ᠋ᠢ ᠥᠴᠦᠬᠡᠨ ᠦᠵᠡᠭᠦᠯᠦᠶ᠎ᠡ᠄ ᠠᠩᠬ᠎ᠠ ᠲᠣᠯᠣᠭᠠᠢ ᠡᠪᠡᠳᠦᠨ ᠬᠠᠮᠠᠷᠠᠴᠠ ᠴᠢᠰᠤ ᠴᠤᠪᠤᠷᠠᠬᠤ ᠪᠥᠭᠡᠳ ᠬᠣᠭᠣᠯᠠᠢ ᠬᠠᠯᠠᠭᠤᠷᠠᠨ ᠬᠠᠭᠠᠭᠳᠠᠵᠤ᠂ ᠨᠢᠳᠦᠨ ᠳ᠋ᠦ᠍ ᠭᠦᠪᠳᠦᠷᠦᠦ ᠭᠠᠷᠬᠤ ᠲᠡᠷᠡ ᠴᠠᠭ ᠲᠤ᠌ ᠰᠠᠷᠳ᠋ᠦ᠋ᠩ᠂ ᠴᠢᠬᠢᠨ ᠦ᠌ ᠦᠵᠦᠭᠦᠷ᠂ ᠬᠡᠯᠡᠨ ᠦ᠌ ᠦᠵᠦᠭᠦᠷ᠂ ᠤᠷᠤᠭᠤᠯ ᠤ᠋ᠨ ᠰᠤᠳᠠᠯ᠂ ᠲᠠᠩᠨᠠᠢ ᠶ᠋ᠢᠨ ᠰᠤᠳᠠᠯ ᠢ᠋ ᠠᠬᠤᠢ ᠦᠶᠡᠰ ᠯᠦ᠍ᠭᠡ ᠵᠣᠬᠢᠯᠳᠤᠭᠤᠯᠤᠨ ᠬᠠᠨ᠎ᠠ᠃ ᠬᠣᠶᠠᠳᠤᠭᠠᠷ ᠲᠤ᠌ ᠴᠡᠭᠡᠵᠢ ᠬᠠᠳᠬᠤᠯᠠᠨ᠂ ᠴᠢᠰᠤ ᠲᠠᠢ ᠴᠠᠷ ᠭᠠᠷᠬᠤ ᠲᠡᠷᠡ ᠴᠠᠭ ᠲᠤ᠌ ᠷᠦᠲ᠋ᠦ᠋ᠩ᠂ ᠠᠭᠤᠰᠬᠢ ᠬᠢᠭᠡᠳ ᠵᠢᠷᠦᠬᠡᠨ ᠰᠤᠳᠠᠯ ᠢ᠋ ᠬᠠᠨᠠᠨ᠎ᠠ᠃ ᠵᠠᠪᠼᠠᠷᠤᠩᠳ᠋ᠤᠢ ᠨᠤᠭᠤᠳᠠᠴᠠ ᠠᠯᠢ ᠵᠣᠬᠢᠰᠲᠠᠢ ᠶ᠋ᠢ ᠬᠠᠨᠠᠨ᠎ᠠ᠃ ᠭᠤᠷᠪᠠᠳᠤᠭᠠᠷ ᠲᠤ᠌ ᠪᠡᠯᠬᠡᠭᠦᠰᠦ᠂ ᠭᠡᠳᠡᠰᠦ᠂ ᠣᠯᠣᠭᠠᠢ ᠬᠠᠳᠬᠤᠯᠠᠨ ᠡᠪᠡᠳᠪᠡᠰᠦ ᠣᠯᠣᠭᠠᠢ ᠶ᠋ᠢᠨ ᠰᠤᠳᠠᠯ᠂ ᠶᠤᠪᠭᠤᠩ᠂ ᠵᠢᠨᠱᠦᠢ᠍ᠭ ᠲᠡᠷᠢᠭᠦᠲᠡᠨ ᠢ᠋ ᠠᠯᠢ ᠪᠣᠯᠬᠤ ᠶ᠋ᠢ ᠯᠦ᠍ᠭᠡ ᠵᠣᠬᠢᠯᠳᠤᠭᠤᠯᠤᠨ ᠬᠠᠨ᠎ᠠ᠃ ᠭᠠᠯ ᠬᠤᠮᠬ᠎ᠠ ᠲᠡᠷᠢᠭᠦᠲᠡᠨ ᠢ᠋ ᠤᠬᠠᠭᠠᠨ ᠢ᠋ᠶ᠋ᠠᠷ ᠵᠢᠱ᠌ᠢᠵᠦ ᠵᠠᠰᠠᠭᠲᠤᠨ᠃
ᠦᠰᠦᠭ ᠠᠮᠢᠯᠠᠭᠤᠯᠤᠭᠰᠠᠨ ᠨᠢ᠄ ᠬᠤᠸᠠᠷ᠂ ᠦᠯᠵᠡᠢᠪᠠᠭᠠᠲᠤᠷ
ᠬᠢᠨᠠᠭᠰᠠᠨ ᠨᠢ᠄ ᠦᠯᠵᠡᠢᠪᠠᠭᠠᠲᠤᠷ᠂ ᠣᠳᠬᠠᠨᠰᠤ᠎ᠠ
